"ᠪᠯᠣᠻᠴᠧᠢᠢᠨ"-ны өөр хувилбарууд
(Edit) |
(Edit) |
||
9-р мөр: | 9-р мөр: | ||
ᠪᠯᠣᠻᠴᠧᠶᠢᠨ ᠨᠢ ᠲᠥᠪᠯᠡᠷᠡᠭᠰᠡᠨ ᠪᠤᠰᠤ ᠥᠭᠭᠥᠭᠳᠡᠯ ᠦᠨ ᠰᠠᠩ ᠤᠨ ᠲᠧᠻᠨᠣᠯᠣᠭᠢ ᠳᠤ ᠰᠢᠨ᠎ᠡ ᠰᠢᠢᠳᠦᠯ ᠪᠣᠯᠵᠤ ᠥᠭᠭᠦᠭᠰᠡᠨ᠃ ᠡᠨᠡ ᠰᠢᠨ᠎ᠡ ᠰᠢᠢᠳᠦᠯ ᠨᠢ ᠬᠠᠭᠤᠴᠢᠨ ᠲᠧᠻᠨᠣᠯᠣᠭᠢ ᠶᠢ ᠰᠢᠨ᠎ᠡ ᠠᠷᠭ᠎ᠠ ᠵᠠᠮ ᠲᠠᠢ ᠬᠣᠯᠪᠣᠭᠰᠠᠨ ᠢᠢᠠᠷ ᠢᠯᠡᠭᠦᠦ ᠰᠠᠶ᠋ᠢᠵᠢᠷᠠᠵᠤ ᠬᠥᠭᠵᠢᠵᠦ ᠪᠠᠶ᠋ᠢᠨ᠎ᠠ᠃ | ᠪᠯᠣᠻᠴᠧᠶᠢᠨ ᠨᠢ ᠲᠥᠪᠯᠡᠷᠡᠭᠰᠡᠨ ᠪᠤᠰᠤ ᠥᠭᠭᠥᠭᠳᠡᠯ ᠦᠨ ᠰᠠᠩ ᠤᠨ ᠲᠧᠻᠨᠣᠯᠣᠭᠢ ᠳᠤ ᠰᠢᠨ᠎ᠡ ᠰᠢᠢᠳᠦᠯ ᠪᠣᠯᠵᠤ ᠥᠭᠭᠦᠭᠰᠡᠨ᠃ ᠡᠨᠡ ᠰᠢᠨ᠎ᠡ ᠰᠢᠢᠳᠦᠯ ᠨᠢ ᠬᠠᠭᠤᠴᠢᠨ ᠲᠧᠻᠨᠣᠯᠣᠭᠢ ᠶᠢ ᠰᠢᠨ᠎ᠡ ᠠᠷᠭ᠎ᠠ ᠵᠠᠮ ᠲᠠᠢ ᠬᠣᠯᠪᠣᠭᠰᠠᠨ ᠢᠢᠠᠷ ᠢᠯᠡᠭᠦᠦ ᠰᠠᠶ᠋ᠢᠵᠢᠷᠠᠵᠤ ᠬᠥᠭᠵᠢᠵᠦ ᠪᠠᠶ᠋ᠢᠨ᠎ᠠ᠃ | ||
<br><br> | |||
__TOC__ | |||
<br> | |||
=ᠠᠵᠢᠯᠯᠠᠭᠠᠨ ᠤ ᠵᠠᠷᠴᠢᠮ= | |||
ᠪᠯᠣᠻᠴᠧᠢᠢᠨ ᠭᠡᠳᠡᠭ ᠨᠢ ᠮᠡᠳᠡᠭᠡᠯᠡᠯ ᠠᠭᠤᠯᠠᠭᠰᠠᠨ ᠪᠠᠭᠴᠠ ᠨᠤᠭᠤᠳ ᠤᠨ ᠭᠢᠨᠵᠢᠨ ᠬᠡᠯᠬᠢᠶ᠎ᠡ᠃ ᠰᠤᠳᠤᠯᠤᠭᠠᠴᠢᠳ ᠠᠩᠬ᠎ᠠ 1991 ᠣᠨ ᠳᠤ ᠡᠨᠡ ᠠᠷᠭᠠᠴᠢᠯᠠᠯ ᠢ ᠪᠣᠯᠪᠠᠰᠤᠷᠠᠭᠤᠯᠤᠭᠰᠠᠨ᠃ ᠠᠷᠭᠠᠴᠢᠯᠠᠯ ᠨᠢ ᠲᠣᠭᠠᠨ (digital) ᠪᠠᠷᠢᠮᠲᠠ ᠳᠤ ᠴᠠᠭ ᠤᠨ ᠲᠠᠮᠠᠭ᠎ᠠ ᠳᠠᠷᠤᠵᠤ᠂ ᠣᠩᠨᠠᠭ᠎ᠠ ᠶᠢ ᠤᠬᠤᠷᠢᠭᠠᠬᠤ᠂ ᠶᠠᠮᠠᠷᠪᠠ ᠪᠠᠶᠢᠳᠠᠯ ᠢᠶᠠᠷ ᠣᠷᠣᠯᠳᠤᠨ ᠥᠭᠡᠷᠡᠴᠢᠯᠡᠬᠦ ᠪᠣᠯᠤᠮᠵᠢ ᠦᠭᠡᠢ ᠪᠣᠯᠭᠠᠬᠤ ᠵᠣᠷᠢᠯᠭ᠎ᠠ ᠲᠠᠢ ᠪᠠᠶᠢᠭᠰᠠᠨ᠃ | |||
ᠰᠠᠲᠣᠱᠢ ᠨᠠᠻᠠᠮᠣᠲ᠋ᠣSatoshi Nakamoto ᠭᠡᠭᠴᠢ ᠨᠢ 2009 ᠣᠨ ᠳᠤ ᠪᠢᠲᠻᠣᠢᠢᠨ ᠬᠡᠮᠡᠬᠦ ᠲᠣᠭᠠᠨ ᠻᠷᠢᠫᠲᠣᠸᠠᠯᠦ᠋ᠲ ᠪᠦᠲᠦᠭᠡᠭᠰᠡᠨ ᠢᠶᠡᠷ ᠡᠨᠡ ᠠᠷᠭᠠᠴᠢᠯᠠᠯ ᠪᠣᠳᠠ ᠲᠠᠢ ᠬᠡᠷᠡᠭᠯᠡᠭᠡ ᠪᠡᠨ ᠣᠯᠤᠭᠰᠠᠨ ᠪᠠᠶᠢᠳᠠᠭ᠃ | |||
ᠪᠯᠣᠻᠴᠧᠢᠢᠨ ᠨᠢ ᠬᠡᠨ ᠪᠦᠬᠦᠨ ᠳᠦ ᠨᠡᠭᠡᠭᠡᠯᠲᠡ ᠲᠡᠢ ᠲᠦᠭᠡᠭᠡᠭᠰᠡᠨ (distributed) ᠪᠦᠷᠢᠳᠬᠡᠯ ᠶᠤᠮ᠃ | |||
ᠡᠶᠢᠮᠦᠮ ᠪᠦᠷᠢᠳᠬᠡᠯ ᠦᠨ ᠴᠢᠬᠤᠯᠠ ᠪᠥᠭᠡᠳ ᠰᠣᠨᠢᠷᠬᠠᠯᠲᠠᠢ ᠣᠨᠴᠠᠯᠢᠭ ᠨᠢ ᠨᠢᠭᠡᠨᠲᠡ ᠤᠭ ᠬᠡᠯᠬᠢᠶᠡᠨ ᠳᠦ ᠮᠡᠳᠡᠭᠡᠯᠡᠯ ᠪᠦᠷᠢᠳᠬᠡᠭᠳᠡᠭᠰᠡᠨ ᠪᠣᠯ ᠥᠪᠡᠷᠡᠴᠢᠯᠡᠬᠦ ᠨᠢ ᠪᠠᠷᠤᠭ ᠪᠣᠯᠤᠮᠵᠢ ᠦᠭᠡᠢ ᠪᠣᠯᠳᠠᠭ᠃ | |||
ᠪᠯᠣᠻ ᠢ ᠠᠪᠴᠤ ᠦᠵᠡᠪᠡᠯ ᠪᠯᠣᠻ ᠲᠤᠰ ᠪᠦᠷᠢ ᠨᠢ ᠥᠭᠭᠥᠭᠳᠡᠬᠦᠨ᠂ ᠲᠤᠬᠠᠢ ᠶᠢᠨ ᠪᠯᠣᠻ ᠤᠨ ᠾᠠᠱ ᠪᠣᠯᠤᠨ ᠡᠮᠦᠨᠡᠬᠢ ᠪᠯᠣᠻ ᠤᠨ ᠾᠠᠱ ᠢ ᠠᠭᠤᠯᠵᠤ ᠪᠠᠶᠢᠳᠠᠭ᠃ | |||
ᠪᠯᠣᠻ ᠲᠤ ᠬᠠᠳᠠᠭᠠᠯᠠᠭᠳᠠᠬᠤ ᠥᠭᠭᠥᠭᠳᠡᠯ ᠨᠢ ᠪᠯᠣᠻᠴᠧᠢᠢᠨ ᠦ ᠲᠥᠷᠥᠯ ᠡᠴᠡ ᠬᠠᠮᠢᠶᠠᠷᠤᠨ᠎ᠠ᠃ | |||
ᠵᠢᠱᠢᠶᠡᠯᠡᠪᠡᠯ᠂ ᠪᠢᠲᠻᠣᠢᠢᠨ ᠦ ᠪᠯᠣᠻᠴᠧᠢᠢᠨ ᠨᠢ ᠭᠦᠢᠯᠭᠡᠭᠡᠨ ᠦ ᠮᠡᠳᠡᠭᠡᠯᠡᠯ᠂ ᠲᠤᠬᠠᠶᠢᠯᠠᠪᠠᠯ ᠢᠯᠡᠭᠡᠭᠴᠢ᠂ ᠬᠦᠯᠢᠶᠡᠨ ᠠᠪᠤᠭᠴᠢ᠂ ᠵᠣᠭᠣᠰᠤᠨ ᠤ ᠲᠣᠭ᠎ᠠ ᠶᠢ ᠠᠭᠤᠯᠠᠳᠠᠭ᠃ | |||
ᠪᠯᠣᠻ ᠨᠢ ᠪᠠᠰᠠ ᠾᠠᠱ ᠲᠠᠢ ᠪᠠᠶᠢᠨ᠎ᠠ᠃ | |||
ᠾᠠᠱ ᠢ ᠬᠤᠷᠤᠭᠤᠨ ᠤ ᠬᠡ ᠲᠡᠢ ᠵᠦᠢᠷᠯᠡᠵᠦ ᠪᠣᠯᠤᠨ᠎ᠠ᠃ | |||
ᠾᠠᠱ ᠨᠢ ᠪᠯᠣᠻ ᠪᠠ ᠲᠡᠭᠦᠨ ᠦ ᠠᠭᠤᠯᠭ᠎ᠠ ᠶᠢ ᠲᠣᠳᠣᠷᠬᠠᠶᠢᠯᠠᠬᠤ ᠪᠠ ᠬᠤᠷᠤᠭᠤᠨ ᠤ ᠬᠡ ᠯᠦᠭᠡ ᠠᠳᠠᠯᠢ ᠬᠣᠣᠰ ᠦᠭᠡᠢ᠂ ᠳᠠᠪᠲᠠᠭᠳᠠᠰᠢ ᠦᠭᠡᠢ ᠶᠤᠮ᠃ | |||
ᠪᠯᠣᠻ ᠡᠭᠦᠰᠬᠡᠭᠳᠡᠭᠰᠡᠨ ᠦ ᠳᠠᠷᠠᠭ᠎ᠠ ᠲᠡᠭᠦᠨ ᠦ ᠾᠠᠱ ᠢ ᠲᠣᠭᠠᠴᠠᠭᠠᠯᠠᠨ᠎ᠠ᠃ | |||
ᠪᠯᠣᠻ ᠳᠣᠲᠣᠷ᠎ᠠ ᠶᠠᠮᠠᠷᠪᠠ ᠵᠦᠢᠯ ᠢ ᠥᠭᠡᠷᠡᠴᠢᠯᠡᠪᠡᠯ ᠾᠠᠱ ᠨᠢ ᠪᠠᠰᠠ ᠥᠭᠡᠷᠡᠴᠢᠯᠡᠭᠳᠡᠨ᠎ᠡ᠃ | |||
ᠥᠭᠡᠷ᠎ᠡ ᠪᠡᠷ ᠬᠡᠯᠡᠪᠡᠯ᠄ ᠪᠯᠣᠻ ᠤᠳ ᠤᠨ ᠥᠭᠡᠷᠡᠴᠢᠯᠡᠯᠲᠡ ᠶᠢ ᠢᠯᠡᠷᠡᠭᠦᠯᠬᠦ ᠳᠦ ᠾᠠᠱ ᠨᠢ ᠨᠡᠩ ᠴᠢᠬᠤᠯᠠ ᠡᠭᠦᠷᠭᠡ ᠲᠡᠢ᠃ ᠬᠡᠷᠪᠡ ᠪᠯᠣᠻ ᠤᠨ ᠬᠤᠷᠤᠭᠤᠨ ᠤ ᠬᠡ ᠥᠭᠡᠷᠡᠴᠢᠯᠡᠭᠳᠡᠪᠡᠯ ᠡᠨᠡ ᠨᠢ ᠲᠤᠬᠠᠢ ᠶᠢᠨ ᠪᠯᠣᠺ ᠪᠠᠶᠢᠬᠤ ᠪᠠᠨ ᠪᠣᠯᠢᠨ᠎ᠠ. ᠪᠯᠣᠻ ᠳᠣᠲᠣᠷᠠᠬᠢ ᠭᠤᠷᠪᠠ ᠳᠠᠬᠢ ᠥᠭᠭᠥᠭᠳᠡᠯ ᠨᠢ ᠡᠮᠦᠨᠡᠬᠢ ᠪᠯᠣᠻ ᠤᠨ ᠾᠠᠱ ᠶᠠᠭᠤᠮ᠎ᠠ. ᠪᠯᠣᠻ ᠪᠦᠷᠢ ᠨᠢ ᠡᠮᠦᠨᠡᠬᠢ ᠪᠯᠣᠻ ᠤᠨ ᠢᠢᠠᠨ ᠾᠠᠱ ᠢ ᠠᠭᠤᠯᠤᠭᠰᠠᠨ ᠢᠶᠠᠷ ᠪᠯᠣᠺ ᠤᠳ ᠤᠨ ᠭᠢᠨᠵᠢᠨ ᠬᠡᠯᠬᠢᠶ᠎ᠡ ᠡᠭᠦᠰᠳᠡᠭ ᠠᠭᠠᠳ ᠴᠤᠬᠤᠮ ᠡᠨᠡ ᠨᠢ ᠪᠯᠣᠻᠴᠧᠢᠢᠨ ᠢ ᠮᠠᠰᠢ ᠨᠠᠶᠢᠳᠠᠪᠤᠷᠢᠲᠠᠢ ᠪᠣᠯᠭᠠᠳᠠᠭ ᠠᠷᠭᠠᠴᠢᠯᠠᠯ ᠶᠤᠮ᠃ | |||
ᠵᠢᠱᠢᠶᠡᠯᠡᠪᠡᠯ᠂ ᠭᠤᠷᠪᠠᠨ ᠪᠯᠣᠻ ᠠᠪᠴᠤ ᠦᠵᠡᠶ᠎ᠡ᠃ | |||
ᠡᠨᠳᠡ ᠪᠯᠣᠻ ᠪᠦᠷ ᠨᠢ ᠾᠠᠱ ᠪᠣᠯᠤᠨ ᠡᠮᠦᠨᠡᠬᠢ ᠪᠯᠣᠻ ᠤᠨ ᠾᠠᠱ ᠲᠠᠢ ᠪᠠᠶᠢᠨ᠎ᠠ᠃ ᠲᠡᠶᠢᠮᠦ ᠡᠴᠡ 3 ᠳᠠᠬᠢ ᠪᠯᠣᠻ 2 ᠳᠠᠬᠢ ᠪᠯᠣᠻ ᠷᠤ᠂ 2 ᠳᠠᠬᠢ ᠪᠯᠣᠻ ᠨᠢ 1 ᠳ᠋ᠡᠬᠢ ᠪᠯᠣᠻ ᠷᠤ ᠵᠢᠭᠠᠨ᠎ᠠ᠃ ᠬᠠᠷᠢᠨ 1 ᠳ᠋ᠡᠬᠢ ᠪᠯᠣᠻ ᠨᠢ ᠣᠨᠴᠠᠭᠠᠢ ᠪᠥᠭᠡᠳ ᠵᠢᠭᠠᠬᠤ ᠡᠮᠦᠨᠡᠬᠢ ᠪᠯᠣᠻ ᠪᠠᠶᠢᠬᠤ ᠦᠭᠡᠢ᠃ ᠡᠭᠦᠨ ᠢ ᠦᠷ ᠡ᠋ ᠪᠯᠣᠻ ᠪᠤᠶᠤ genesis block ᠬᠡᠮᠡᠮᠦᠢ᠃ | |||
ᠣᠳᠣ ᠬᠣᠶᠠᠷ ᠳᠠᠬᠢ ᠪᠯᠣᠻ ᠲᠤ ᠬᠠᠯᠠᠳᠠᠵᠤ᠂ ᠥᠭᠡᠷᠡᠴᠢᠯᠡᠯᠲᠡ ᠣᠷᠣᠭᠤᠯᠪᠠᠯ ᠶᠠᠬᠤ ᠪᠤᠢ? ᠥᠭᠡᠷᠡᠴᠢᠯᠡᠯᠲᠡ ᠣᠷᠣᠭᠤᠯᠤᠭᠰᠠᠨ ᠠᠴᠠ ᠪᠯᠣᠻ ᠤᠨ ᠾᠠᠱ ᠪᠠᠰᠠ ᠥᠭᠡᠷᠡᠴᠢᠯᠡᠭᠳᠡᠨ᠎ᠡ᠃ ᠴᠢᠨᠠᠭᠰᠢᠯᠠᠭᠠᠳ᠂ 3 ᠪᠯᠣᠻ ᠪᠣᠯᠤᠨ ᠲᠡᠭᠦᠨ ᠦ ᠳᠠᠷᠠᠭ᠎ᠠ ᠶᠢᠨ ᠪᠦᠬᠦ ᠪᠯᠣᠻ ᠬᠦᠴᠦᠨ ᠭᠦᠢ ᠪᠣᠯᠤᠨ᠎ᠠ᠃ ᠤᠴᠢᠷ ᠨᠢ 3 ᠳᠠᠬᠢ ᠪᠣᠯᠤᠨ ᠲᠡᠭᠦᠨ ᠡᠴᠡ ᠴᠠᠭᠠᠰᠢᠬᠢ ᠪᠯᠣᠻ ᠤᠳ ᠲᠤ ᠡᠮᠦᠨᠡᠬᠢ ᠪᠯᠣᠻ ᠤᠨ ᠨᠢ ᠬᠦᠴᠦᠨᠲᠡᠢ ᠾᠠᠱ ᠠᠭᠤᠯᠤᠭᠳᠠᠭ᠎ᠠ ᠦᠭᠡᠢ ᠪᠠᠶᠢᠬᠤ ᠪᠣᠯᠤᠨ᠎ᠠ᠃ | |||
ᠢᠩᠭᠢᠭᠡᠳ ᠭᠠᠭᠴᠠ ᠪᠯᠣᠻ ᠥᠭᠡᠷᠡᠴᠢᠯᠡᠬᠦ ᠳᠦ ᠳᠠᠷᠤᠭ᠎ᠠ ᠶᠢᠨ ᠪᠦᠬᠦ ᠪᠯᠣᠻ ᠬᠦᠴᠦᠨ ᠭᠦᠢ ᠪᠣᠯᠳᠠᠭ᠃ | |||
ᠭᠡᠬᠦ ᠳᠦ ᠪᠡᠨ ᠾᠠᠱ ᠬᠡᠷᠡᠭᠯᠡᠬᠦ ᠨᠢ ᠬᠠᠯᠳᠠᠯᠭ᠎ᠠ ᠠᠴᠠ ᠬᠠᠮᠠᠭᠠᠯᠠᠬᠤ ᠳᠤ ᠬᠠᠷᠠᠬᠠᠨ ᠬᠠᠩᠭᠠᠯᠲᠠ ᠦᠭᠡᠢ᠃ | |||
ᠥᠨᠥ ᠶᠢᠨ ᠴᠠᠬᠢᠮ ᠲᠣᠭᠠᠴᠠᠭᠠᠯᠠᠨ ᠪᠣᠳᠣᠬᠤ ᠬᠦᠴᠦᠨ ᠴᠢᠳᠠᠯ ᠨᠡᠩ ᠥᠨᠳᠥᠷ᠂ ᠨᠡᠩ ᠬᠤᠷᠳᠤᠨ ᠪᠣᠯᠤᠭᠰᠠᠨ ᠲᠤᠯᠠ ᠨᠢᠭᠡᠨ ᠰᠧᠻᠦ᠋ᠨ᠍ᠳ᠋ ᠲᠦ ᠣᠯᠠᠨ ᠵᠠᠭᠤᠨ ᠮᠢᠩᠭᠠᠨ ᠾᠠᠱ ᠲᠣᠭᠠᠴᠠᠭᠠᠯᠠᠬᠤ ᠪᠣᠯᠤᠮᠵᠢ ᠲᠠᠢ᠃ | |||
ᠲᠡᠶᠢᠮᠦ ᠡᠴᠡ ᠠᠯᠢ ᠨᠢᠭᠡ ᠪᠯᠣᠻ ᠲᠤ ᠬᠠᠯᠠᠳᠠᠵᠤ ᠥᠭᠭᠥᠭᠳᠡᠯ ᠢ ᠨᠢ ᠥᠭᠡᠷᠡᠴᠢᠯᠡᠭᠡᠳ᠂ ᠳᠠᠷᠠᠭ᠎ᠠ ᠶᠢᠨ ᠴᠤᠪᠤᠷᠠᠯ ᠪᠦᠬᠦ ᠪᠯᠣᠻ ᠤᠨ ᠾᠠᠱ ᠢ ᠳᠠᠬᠢᠨ ᠲᠣᠭᠠᠴᠠᠭᠠᠯᠠᠵᠤ᠂ ᠭᠢᠨᠵᠢᠨ ᠬᠡᠯᠬᠢᠶ᠎ᠡ ᠶᠢ ᠬᠦᠴᠦᠨᠲᠡᠢ ᠮᠡᠲᠦ ᠪᠣᠯᠭᠠᠬᠤ ᠪᠣᠯᠤᠮᠵᠢ ᠲᠠᠢ᠃ | |||
ᠡᠭᠦᠨ ᠡᠴᠡ ᠰᠡᠷᠭᠡᠶᠢᠯᠡᠬᠦ ᠶᠢᠨ ᠲᠤᠯᠠᠳᠠ proof-of-work ᠭᠡᠳᠡᠭ ᠠᠵᠢᠯᠯᠠᠪᠠᠷ ᠢ ᠬᠡᠷᠡᠭᠵᠢᠭᠦᠯᠳᠡᠭ᠃ | |||
proof-of-work ᠨᠢ ᠰᠢᠨ᠎ᠡ ᠪᠯᠣᠻ ᠡᠭᠦᠰᠭᠡᠬᠦ ᠠᠵᠢᠯᠯᠠᠭ᠎ᠠ ᠶᠢ ᠤᠳᠠᠭᠠᠰᠢᠷᠠᠭᠤᠯᠳᠠᠭ ᠠᠷᠭᠠᠴᠢᠯᠠᠯ ᠶᠤᠮ᠃ | |||
ᠵᠢᠱᠢᠶᠡᠯᠡᠪᠡᠯ᠂ ᠪᠢᠲ᠋ᠻᠣᠢᠢᠨ ᠤ ᠬᠤᠪᠢ ᠳᠤ ᠲᠤᠬᠠᠢ ᠶᠢᠨ ᠪᠯᠣᠻ ᠤᠨ proof-of-work ᠢ ᠲᠣᠭᠠᠴᠠᠭᠠᠯᠠᠵᠤ᠂ ᠬᠡᠯᠬᠢᠶᠡᠨ ᠳᠦ ᠰᠢᠨ᠎ᠡ ᠪᠯᠣᠻ ᠨᠡᠮᠡᠬᠦ ᠳᠦ 10 ᠮᠢᠨᠦ᠋ᠲ ᠱᠠᠭᠠᠷᠳᠠᠭᠳᠠᠳᠠᠭ᠃ | |||
ᠨᠢᠭᠡ ᠪᠯᠣᠻ ᠲᠤ ᠬᠠᠯᠠᠳᠠᠵᠤ ᠥᠭᠡᠷᠡᠴᠢᠯᠡᠭᠰᠡᠨ ᠢᠶᠡᠷ ᠳᠠᠷᠤᠭ᠎ᠠ ᠶᠢᠨ ᠴᠤᠪᠤᠷᠠᠬᠤ ᠪᠦᠬᠦ ᠪᠯᠣᠻ ᠤᠨ proof-of-work ᠢ ᠳᠠᠬᠢᠨ ᠲᠣᠭᠠᠴᠠᠭᠠᠯᠠᠬᠤ ᠬᠡᠷᠡᠭᠲᠡᠢ ᠪᠣᠯᠳᠠᠭ ᠲᠤᠯᠠ ᠡᠨᠡ ᠠᠷᠭᠠᠴᠢᠯᠠᠯ ᠨᠢ ᠪᠯᠣᠻ ᠤᠳ ᠲᠤ ᠬᠠᠯᠠᠳᠠᠵᠤ ᠥᠭᠡᠷᠡᠴᠢᠯᠡᠬᠦ ᠶᠢ ᠨᠡᠩ ᠪᠡᠷᠬᠡ ᠪᠣᠯᠭᠠᠳᠠᠭ᠃ | |||
ᠡᠶᠢᠨᠬᠦᠦ ᠪᠯᠣᠻᠴᠧᠢᠢᠨ ᠦ ᠠᠶᠤᠯ ᠦᠭᠡᠢ ᠶᠢᠨ ᠪᠠᠲᠤᠯᠠᠭ᠎ᠠ ᠨᠢ ᠾᠠᠱ ᠪᠠ proof-of-work ᠠᠷᠭᠠᠴᠢᠯᠠᠯ ᠢ ᠪᠦᠲᠦᠭᠡᠯᠴᠢ ᠪᠡᠷ ᠠᠰᠢᠭᠯᠠᠭᠰᠠᠨ ᠤ ᠦᠷ᠎ᠡ ᠳᠦᠩ ᠪᠢᠯᠡ᠃ | |||
ᠪᠯᠣᠻᠴᠧᠢᠢᠨ ᠠᠶᠤᠯ ᠦᠭᠡᠢ ᠪᠠᠶᠢᠳᠠᠯ ᠢᠶᠠᠨ ᠪᠠᠲᠤᠯᠠᠭᠠᠵᠢᠭᠤᠯᠳᠠᠭ ᠪᠠᠰᠠ ᠨᠢᠭᠡ ᠠᠷᠭ᠎ᠠ ᠵᠠᠮ ᠨᠢ ᠲᠦᠭᠡᠭᠡᠯᠲᠡ ᠶᠢᠨ (distribution) ᠵᠠᠷᠴᠢᠮ ᠶᠤᠮ᠃ | |||
ᠪᠠᠭᠴᠠ ᠨᠤᠭᠤᠳ ᠤᠨ ᠬᠡᠯᠬᠢᠶ᠎ᠡ ᠶᠢ ᠬᠢᠨᠠᠨ ᠵᠣᠬᠢᠴᠠᠭᠤᠯᠬᠤ ᠲᠥᠪ ᠪᠠᠶᠢᠭᠤᠯᠤᠯᠭ᠎ᠠ ᠲᠠᠢ ᠪᠠᠶᠢᠬᠤ ᠶᠢᠨ ᠣᠷᠣᠨ ᠳᠤ ᠲᠡᠭᠰᠢ ᠡᠷᠬᠡ ᠲᠡᠢ ᠰᠦᠯᠵᠢᠶ᠎ᠡ ᠪᠤᠶᠤ peer-to-peer ᠰᠦᠯᠵᠢᠶ᠎ᠡ ᠠᠰᠢᠭᠯᠠᠬᠤ ᠪᠠ ᠰᠦᠯᠵᠢᠶᠡᠨ ᠳᠦ ᠬᠡᠨ ᠪᠦᠬᠦᠨ ᠨᠢᠭᠡ ᠳᠦ ᠬᠢ ᠪᠣᠯᠤᠮᠵᠢ ᠲᠠᠢ᠃ | |||
ᠰᠦᠯᠵᠢᠶᠡᠨ ᠳᠦ ᠨᠢᠭᠡᠳᠦᠭᠰᠡᠨ ᠬᠡᠨ ᠪᠦᠬᠦᠨ ᠪᠯᠣᠻᠴᠧᠢᠢᠨ ᠦ ᠪᠦᠲᠦᠨ ᠬᠠᠭᠤᠯᠪᠤᠷᠢ ᠶᠢ ᠬᠦᠯᠢᠶᠡᠵᠦ ᠠᠪᠤᠨ᠎ᠠ᠃ | |||
ᠲᠤᠬᠠᠢ ᠶᠢᠨ ᠵᠠᠩᠭᠢᠯᠠᠭ᠎ᠠ ᠨᠢ (node) ᠲᠡᠷᠬᠡᠦ ᠪᠦᠷᠢᠨ ᠬᠠᠭᠤᠯᠪᠤᠷᠢ ᠶᠢ ᠠᠰᠢᠭᠯᠠᠨ ᠪᠯᠣᠻᠴᠧᠢᠢᠨ ᠡᠪᠳᠡᠷᠡᠭᠡ ᠦᠭᠡᠢ᠂ ᠬᠦᠴᠦᠨᠲᠡᠢ ᠪᠠᠶᠢᠭ᠎ᠠ ᠡᠰᠡᠬᠦ ᠶᠢ ᠬᠢᠨᠠᠵᠤ ᠪᠠᠶᠢᠳᠠᠭ᠃ | |||
ᠠᠯᠢ ᠨᠢᠭᠡᠨ ᠬᠡᠷᠡᠭᠯᠡᠭᠴᠢ ᠰᠢᠨ᠎ᠡ ᠪᠯᠣᠻ ᠬᠡᠷᠬᠢᠨ ᠡᠭᠦᠰᠬᠡᠳᠡᠭ ᠢ ᠠᠪᠴᠤ ᠦᠵᠡᠪᠡᠰᠦ᠄ ᠡᠭᠦᠰᠬᠡᠭᠰᠡᠨ ᠰᠢᠨ᠎ᠡ ᠪᠯᠣᠻ ᠨᠢ ᠰᠦᠯᠵᠢᠶᠡᠨ ᠳ᠋ᠡᠬᠢ ᠪᠦᠬᠦ ᠣᠷᠣᠯᠴᠠᠭᠴᠢᠳ ᠲᠤ ᠢᠯᠡᠭᠡᠭᠳᠡᠨ᠎ᠡ᠃ ᠵᠠᠩᠭᠢᠯᠠᠭ᠎ᠠ ᠪᠦᠬᠦᠨ ᠲᠤᠬᠠᠢ ᠶᠢᠨ ᠪᠯᠣᠻ ᠬᠠᠯᠳᠠᠭᠳᠠᠵᠤ ᠥᠭᠡᠷᠡᠴᠢᠯᠡᠭᠳᠡᠭᠡ ᠦᠭᠡᠢ ᠭᠡᠳᠡᠭ ᠢ ᠨᠢᠭᠲᠠᠯᠠᠨ ᠰᠢᠯᠭᠠᠨ᠎ᠠ᠃ ᠨᠢᠭᠲᠠᠯᠠᠨ ᠰᠢᠯᠭᠠᠭᠠᠳ᠂ ᠬᠡᠪ ᠦᠨ ᠭᠡᠳᠡᠭ ᠨᠢ ᠨᠣᠲᠠᠯᠠᠭᠳᠠᠪᠠᠯ ᠵᠠᠩᠭᠢᠯᠠᠭ᠎ᠠ ᠲᠤᠰ ᠪᠦᠷᠢ ᠨᠢ ᠰᠢᠨ᠎ᠡ ᠪᠯᠣᠻ ᠢ ᠪᠯᠣᠻᠴᠧᠢᠢᠨ ᠬᠡᠯᠬᠢᠶᠡᠨ ᠳᠦ ᠪᠡᠨ ᠨᠡᠮᠡᠨ᠎ᠡ᠃ | |||
ᠰᠦᠯᠵᠢᠶᠡᠨ ᠳ᠋ᠡᠬᠢ ᠪᠦᠬᠦ ᠵᠠᠩᠭᠢᠯᠠᠭ᠎ᠠ ᠵᠥᠪᠰᠢᠯᠴᠡᠯ ᠡᠭᠦᠰᠬᠡᠨ᠎ᠡ᠃ | |||
ᠵᠠᠩᠭᠢᠯᠠᠭ᠎ᠠ ᠨᠤᠭᠤᠳ ᠠᠯᠢ ᠪᠯᠣᠻ ᠨᠢ ᠬᠦᠴᠦᠨᠲᠡᠢ᠂ ᠠᠯᠢ ᠨᠢ ᠬᠦᠴᠦᠨ ᠭᠦᠢ ᠪᠤᠢ ᠭᠡᠳᠡᠭ ᠳᠡᠭᠡᠷ᠎ᠡ ᠲᠣᠬᠢᠷᠠᠯᠴᠠᠨ᠎ᠠ᠃ | |||
ᠬᠠᠯᠳᠠᠭᠳᠠᠨ ᠥᠭᠡᠷᠡᠴᠢᠯᠡᠭᠳᠡᠭᠰᠡᠨ ᠪᠯᠣᠻ ᠤᠳ ᠢ ᠰᠦᠯᠵᠢᠶᠡᠨ ᠳ᠋ᠡᠬᠢ ᠪᠤᠰᠤᠳ ᠵᠠᠩᠭᠢᠯᠠᠭ᠎ᠠ ᠲᠠᠶᠠᠭᠳᠠᠨ᠎ᠠ᠃ | |||
ᠡᠶᠢᠨᠬᠦᠦ᠂ ᠲᠤᠬᠠᠢ ᠪᠯᠣᠻᠴᠧᠢᠢᠨ ᠢ ᠬᠠᠯᠠᠳᠠᠵᠤ᠂ ᠠᠮᠵᠢᠯᠲᠠ ᠲᠠᠢ ᠥᠭᠡᠷᠡᠴᠢᠯᠡᠬᠦ ᠶᠢᠨ ᠲᠤᠯᠠᠳᠠ ᠬᠡᠯᠬᠢᠶᠡᠨ ᠳ᠋ᠡᠬᠢ ᠪᠯᠣᠻ ᠲᠤᠰ ᠪᠦᠷᠢ ᠳᠦ ᠬᠠᠯᠠᠳᠠᠵᠤ᠂ ᠪᠯᠣᠻ ᠲᠤᠰ ᠪᠦᠷᠢ ᠶᠢᠨ proof-of-work ᠥᠭᠭᠥᠭᠳᠡᠯ ᠢ ᠥᠭᠡᠷᠡᠴᠢᠯᠡᠵᠦ᠂ ᠲᠡᠭᠰᠢ ᠡᠷᠬᠡ ᠲᠡᠢ ᠰᠦᠯᠵᠢᠶᠡᠨ ᠦ 50 ᠍ ᠢ ᠠᠴᠠ ᠳᠡᠭᠡᠭᠰᠢ ᠬᠤᠪ ᠢ ᠬᠢᠨᠠᠯᠲᠠ ᠳᠤ ᠪᠠᠨ ᠤᠷᠤᠭᠤᠯᠬᠤ ᠱᠠᠭᠠᠷᠳᠠᠯᠭ᠎ᠠ ᠲᠠᠢ ᠪᠣᠯᠤᠨ᠎ᠠ᠃ | |||
ᠵᠥᠪᠬᠡᠨ ᠲᠡᠷᠡ ᠪᠦᠬᠦᠨ ᠢ ᠬᠢᠵᠦ ᠴᠢᠳᠠᠵᠤ ᠪᠠᠶᠢᠵᠤ ᠯᠠ ᠲᠤᠬᠠᠢ ᠶᠢᠨ ᠬᠠᠯᠠᠳᠠᠭᠰᠠᠨ ᠪᠯᠣᠻ ᠨᠢ ᠪᠤᠰᠤᠳ ᠪᠦᠬᠦ ᠣᠷᠣᠯᠴᠠᠭᠴᠢᠳ ᠲᠤ ᠬᠦᠯᠢᠶᠡᠨ ᠵᠥᠪᠰᠢᠶᠡᠷᠡᠭᠳᠡᠬᠦ ᠪᠣᠯᠤᠮᠵᠢ ᠲᠠᠢ ᠪᠣᠯᠤᠨ᠎ᠠ᠃ ᠡᠨᠡ ᠪᠣᠯ ᠠᠮᠢᠳᠤᠷᠠᠯ ᠳᠤ ᠪᠠᠷᠤᠭ ᠪᠣᠯᠤᠮᠵᠢ ᠦᠭᠡᠢ ᠳᠠᠪᠠᠭ᠎ᠠ! | |||
ᠪᠯᠣᠻᠴᠧᠢᠢᠨ ᠨᠣᠭᠦᠳ ᠲᠠᠰᠤᠷᠠᠯᠲᠠ ᠦᠭᠡᠢ ᠪᠣᠯᠪᠠᠰᠤᠷᠠᠨ ᠬᠥᠭᠵᠢᠵᠦ ᠪᠠᠶᠢᠨ᠎ᠠ᠃ | |||
ᠰᠡᠭᠦᠯ ᠦᠨ ᠦᠶ᠎ᠡ ᠶᠢᠨ ᠰᠢᠨᠡᠯᠢᠭ ᠵᠦᠢᠯ ᠨᠢ ᠤᠬᠠᠭᠠᠯᠢᠭ ᠭᠡᠷ᠎ᠡ (smart contracts) ᠶᠤᠮ᠃ ᠤᠬᠠᠭᠠᠯᠢᠭ ᠭᠡᠷ᠎ᠡ ᠨᠢ ᠪᠯᠣᠻᠴᠧᠢᠢᠨ ᠳᠡᠭᠡᠷ᠎ᠡ ᠬᠠᠳᠠᠭᠠᠯᠠᠬᠤ ᠡᠩ ᠦᠨ ᠫᠷᠣᠭ᠍ᠷᠠᠮ ᠠᠭᠠᠳ ᠲᠣᠳᠣᠷᠬᠠᠢ ᠨᠥᠬᠥᠴᠡᠯ ᠳᠦ ᠦᠨᠳᠦᠰᠦᠯᠡᠨ ᠠᠦ᠋ᠲᠣᠮᠠᠲ ᠢᠢᠠᠷ ᠵᠣᠭᠣᠰ ᠰᠣᠯᠢᠯᠴᠠᠬᠤ ᠳᠤ ᠲᠡᠭᠦᠨ ᠢ ᠬᠡᠷᠡᠭᠯᠡᠳᠡᠭ᠃ | |||
ᠪᠯᠣᠻᠴᠧᠢᠢᠨ ᠲᠧᠻᠨᠣᠯᠣᠭᠢ ᠪᠤᠢ ᠪᠣᠯᠤᠭᠰᠠᠨ ᠢᠶᠠᠷ ᠣᠯᠠᠨ ᠨᠡᠶᠢᠲᠡ ᠶᠢᠨ ᠰᠣᠨᠢᠷᠬᠠᠯ ᠨᠡᠯᠢᠶᠡᠨ ᠥᠷᠨᠢᠭᠰᠡᠨ᠃ | |||
ᠤᠳᠠᠯ ᠦᠭᠡᠢ᠂ ᠪᠯᠣᠻᠴᠧᠢᠢᠨ ᠲᠧᠻᠨᠣᠯᠣᠭᠢ ᠢ ᠡᠮᠴᠢᠯᠡᠭᠡᠨ ᠦ ᠮᠡᠳᠡᠭᠡᠯᠡᠯ ᠬᠠᠳᠠᠭᠠᠯᠠᠬᠤ᠂ ᠴᠠᠬᠢᠮ ᠨᠣᠲ᠋ᠠᠷᠢᠶᠠᠲ ᠠᠵᠢᠯᠯᠠᠭᠤᠯᠬᠤ᠂ ᠲᠠᠲᠠᠪᠤᠷᠢ ᠬᠤᠷᠢᠶᠠᠬᠤ ᠵᠡᠷᠭᠡ ᠥᠭᠡᠷ᠎ᠡ ᠪᠤᠰᠤᠳ ᠣᠯᠠᠨ ᠵᠣᠷᠢᠯᠭ᠎ᠠ ᠳᠤ ᠠᠰᠢᠭᠯᠠᠬᠤ ᠪᠣᠯᠤᠮᠵᠢ ᠲᠠᠢ ᠶᠢ ᠣᠶᠢᠯᠠᠭᠠᠭᠰᠠᠨ ᠪᠢᠯᠡ᠃ | |||
<br> | |||
=ᠡᠬᠢ ᠰᠤᠷᠪᠤᠯᠵᠢ= |
11:46, 14 Дөрөвдүгээр сар 2022-ий байдлаарх засвар
ᠪᠯᠣᠻᠴᠧᠢᠢᠨ ᠪᠤᠶᠤ (blockchain) ᠪᠠᠭᠴᠠᠰ ᠤᠨ ᠬᠡᠯᠬᠢᠶ᠎ᠡ ᠨᠢ ᠨᠢᠭᠤᠴᠠᠯᠠᠯ ᠲᠠᠢ ᠪᠢᠴᠢᠭᠯᠡᠯ ᠦᠨ (cryptography) ᠠᠷᠭ᠎ᠠ ᠪᠠᠷ ᠬᠣᠯᠪᠣᠭᠳᠠᠭᠰᠠᠨ᠂ ᠲᠣᠭ᠎ᠠ ᠨᠢ ᠬᠡᠯᠪᠡᠷᠢᠯᠲᠡ ᠦᠭᠡᠢ ᠨᠡᠮᠡᠭᠳᠡᠬᠦ ᠪᠦᠷᠢᠳᠬᠡᠯ ᠦᠳ ᠦᠨ ᠵᠢᠭᠰᠠᠭᠠᠯᠲᠠ ᠶᠤᠮ᠃ ᠪᠯᠣᠻᠴᠧᠢᠢᠨ ᠢᠨᠦ ᠪᠢᠽᠢᠨᠧᠰ ᠰᠦᠯᠵᠢᠶᠡᠨ ᠳ᠋ᠡᠬᠢ ᠭᠦᠢᠯᠭᠡᠭᠡ ᠪᠦᠷᠢᠳᠬᠡᠬᠦ᠂ ᠬᠥᠷᠥᠩᠭᠡ ᠮᠥᠰᠬᠢᠬᠦ ᠠᠵᠢᠯᠯᠠᠭ᠎ᠠ ᠶᠢ ᠳᠡᠮᠵᠢᠬᠦ ᠳᠤᠮᠳᠠ ᠶᠢᠨ ᠪᠥᠭᠡᠳ ᠬᠤᠪᠢᠷᠠᠰᠢ ᠦᠭᠡᠢ ᠪᠦᠷᠢᠳᠬᠡᠯ ᠶᠤᠮ᠃[1]
ᠪᠠᠭᠴᠠ ᠪᠤᠶᠤ ᠪᠯᠣᠻ ᠲᠤᠰ ᠪᠦᠷᠢ ᠨᠢ ᠡᠮᠦᠨᠡᠬᠢ ᠪᠯᠣᠻ ᠤᠨ ᠨᠢᠭᠤᠴᠠ ᠪᠢᠴᠢᠭᠯᠡᠯ ᠲᠡᠢ ᠾᠠᠱ (cryptographic hash)᠂ ᠴᠠᠭ ᠤᠨ ᠲᠠᠮᠠᠭ᠎ᠠ (timestamp)᠂ ᠭᠦᠢᠯᠭᠡᠭᠡᠨ ᠦ ᠥᠭᠭᠥᠭᠳᠡᠯ ᠢ (transaction data) ᠠᠭᠤᠯᠠᠳᠠᠭ᠃ ᠡᠭᠦᠨ ᠢ ᠮᠧᠷᠻᠯᠢ ᠢᠢᠨMerkle ᠮᠣᠳᠤ ᠪᠠᠷ ᠳᠦᠷᠰᠦᠯᠡᠳᠡᠭ᠃ ᠴᠠᠭ ᠤᠨ ᠲᠠᠮᠠᠭ᠎ᠠ ᠨᠢ ᠲᠤᠬᠠᠢ ᠢᠢᠨ ᠪᠯᠣᠻ ᠾᠠᠰ ᠳ᠋ᠤ ᠪᠠᠨ ᠣᠷᠬᠤ ᠪᠠᠷ ᠨᠡᠢᠢᠲᠡᠯᠡᠭᠳᠡᠬᠦ ᠦᠶ ᠡ᠋ ᠳ᠋ᠦ ᠭᠦᠢᠯᠭᠡᠭᠡ ᠣᠷᠤᠰᠢᠵᠤ ᠪᠠᠢᠢᠭᠰᠠᠨ ᠢ ᠨᠣᠲᠤᠯᠠᠨᠠ᠃
ᠡᠶ᠋ᠢᠨᠬᠦᠦ ᠪᠯᠣᠻ ᠪᠦᠷᠢ ᠡᠮᠦᠨᠡᠬᠢ ᠶᠢᠨ ᠢᠢᠡᠨ ᠮᠡᠳᠡᠭᠡᠯᠡᠯ ᠢ ᠠᠭᠤᠯᠵᠤ ᠪᠠᠶ᠋ᠢᠭ᠎ᠠ ᠲᠤᠯᠠ ᠭᠢᠨᠵᠢᠨ ᠬᠡᠯᠬᠢᠶ᠎ᠡ ᠪᠦᠷᠢᠳᠴᠦ ᠪᠠᠶ᠋ᠢᠬᠤ ᠠᠭᠠᠳ᠂ ᠨᠡᠮᠡᠭᠳᠡᠬᠦ ᠪᠯᠣᠻ ᠪᠦᠷᠢ ᠨᠢ ᠡᠮᠦᠨᠡᠬᠢ ᠪᠡᠨ ᠪᠠᠲᠤᠯᠠᠭᠠᠵᠢᠭᠤᠯᠤᠨ᠎ᠠ᠃ ᠲᠡᠶ᠋ᠢᠮᠦ ᠡᠴᠡ ᠪᠯᠣᠻᠴᠧᠢᠢᠨ ᠳ᠋ᠦ ᠨᠢᠭᠡᠨᠲᠡ ᠪᠢᠴᠢᠭᠳᠡᠭᠰᠡᠨ ᠥᠭᠭᠥᠭᠳᠡᠯ ᠥᠭᠡᠷᠡᠴᠢᠯᠡᠯᠲᠡ ᠳ᠋ᠦ ᠥᠷᠲᠥᠬᠦ ᠦᠭᠡᠢ᠂ ᠠᠯᠢᠪᠠ ᠪᠯᠣᠻ ᠳ᠋ᠠᠬᠢ ᠥᠭᠭᠥᠭᠳᠡᠯ ᠢ ᠥᠭᠡᠷᠡᠴᠢᠯᠡᠶ᠎ᠡ ᠭᠡᠪᠡᠯ ᠳᠠᠭᠠᠯᠳᠤᠬᠤ ᠪᠦᠬᠦ ᠪᠯᠣᠻ ᠢ ᠥᠪᠡᠷᠡᠴᠢᠯᠡᠬᠦ ᠦᠭᠡᠢ ᠪᠣᠯ ᠪᠣᠯᠤᠮᠵᠢ ᠦᠭᠡᠢ ᠪᠣᠯᠳᠠᠭ᠃
ᠪᠯᠣᠻᠴᠧᠶᠢᠨ ᠨᠢ ᠲᠥᠪᠯᠡᠷᠡᠭᠰᠡᠨ ᠪᠤᠰᠤ ᠥᠭᠭᠥᠭᠳᠡᠯ ᠦᠨ ᠰᠠᠩ ᠤᠨ ᠲᠧᠻᠨᠣᠯᠣᠭᠢ ᠳᠤ ᠰᠢᠨ᠎ᠡ ᠰᠢᠢᠳᠦᠯ ᠪᠣᠯᠵᠤ ᠥᠭᠭᠦᠭᠰᠡᠨ᠃ ᠡᠨᠡ ᠰᠢᠨ᠎ᠡ ᠰᠢᠢᠳᠦᠯ ᠨᠢ ᠬᠠᠭᠤᠴᠢᠨ ᠲᠧᠻᠨᠣᠯᠣᠭᠢ ᠶᠢ ᠰᠢᠨ᠎ᠡ ᠠᠷᠭ᠎ᠠ ᠵᠠᠮ ᠲᠠᠢ ᠬᠣᠯᠪᠣᠭᠰᠠᠨ ᠢᠢᠠᠷ ᠢᠯᠡᠭᠦᠦ ᠰᠠᠶ᠋ᠢᠵᠢᠷᠠᠵᠤ ᠬᠥᠭᠵᠢᠵᠦ ᠪᠠᠶ᠋ᠢᠨ᠎ᠠ᠃
ᠠᠵᠢᠯᠯᠠᠭᠠᠨ ᠤ ᠵᠠᠷᠴᠢᠮ
ᠪᠯᠣᠻᠴᠧᠢᠢᠨ ᠭᠡᠳᠡᠭ ᠨᠢ ᠮᠡᠳᠡᠭᠡᠯᠡᠯ ᠠᠭᠤᠯᠠᠭᠰᠠᠨ ᠪᠠᠭᠴᠠ ᠨᠤᠭᠤᠳ ᠤᠨ ᠭᠢᠨᠵᠢᠨ ᠬᠡᠯᠬᠢᠶ᠎ᠡ᠃ ᠰᠤᠳᠤᠯᠤᠭᠠᠴᠢᠳ ᠠᠩᠬ᠎ᠠ 1991 ᠣᠨ ᠳᠤ ᠡᠨᠡ ᠠᠷᠭᠠᠴᠢᠯᠠᠯ ᠢ ᠪᠣᠯᠪᠠᠰᠤᠷᠠᠭᠤᠯᠤᠭᠰᠠᠨ᠃ ᠠᠷᠭᠠᠴᠢᠯᠠᠯ ᠨᠢ ᠲᠣᠭᠠᠨ (digital) ᠪᠠᠷᠢᠮᠲᠠ ᠳᠤ ᠴᠠᠭ ᠤᠨ ᠲᠠᠮᠠᠭ᠎ᠠ ᠳᠠᠷᠤᠵᠤ᠂ ᠣᠩᠨᠠᠭ᠎ᠠ ᠶᠢ ᠤᠬᠤᠷᠢᠭᠠᠬᠤ᠂ ᠶᠠᠮᠠᠷᠪᠠ ᠪᠠᠶᠢᠳᠠᠯ ᠢᠶᠠᠷ ᠣᠷᠣᠯᠳᠤᠨ ᠥᠭᠡᠷᠡᠴᠢᠯᠡᠬᠦ ᠪᠣᠯᠤᠮᠵᠢ ᠦᠭᠡᠢ ᠪᠣᠯᠭᠠᠬᠤ ᠵᠣᠷᠢᠯᠭ᠎ᠠ ᠲᠠᠢ ᠪᠠᠶᠢᠭᠰᠠᠨ᠃
ᠰᠠᠲᠣᠱᠢ ᠨᠠᠻᠠᠮᠣᠲ᠋ᠣSatoshi Nakamoto ᠭᠡᠭᠴᠢ ᠨᠢ 2009 ᠣᠨ ᠳᠤ ᠪᠢᠲᠻᠣᠢᠢᠨ ᠬᠡᠮᠡᠬᠦ ᠲᠣᠭᠠᠨ ᠻᠷᠢᠫᠲᠣᠸᠠᠯᠦ᠋ᠲ ᠪᠦᠲᠦᠭᠡᠭᠰᠡᠨ ᠢᠶᠡᠷ ᠡᠨᠡ ᠠᠷᠭᠠᠴᠢᠯᠠᠯ ᠪᠣᠳᠠ ᠲᠠᠢ ᠬᠡᠷᠡᠭᠯᠡᠭᠡ ᠪᠡᠨ ᠣᠯᠤᠭᠰᠠᠨ ᠪᠠᠶᠢᠳᠠᠭ᠃
ᠪᠯᠣᠻᠴᠧᠢᠢᠨ ᠨᠢ ᠬᠡᠨ ᠪᠦᠬᠦᠨ ᠳᠦ ᠨᠡᠭᠡᠭᠡᠯᠲᠡ ᠲᠡᠢ ᠲᠦᠭᠡᠭᠡᠭᠰᠡᠨ (distributed) ᠪᠦᠷᠢᠳᠬᠡᠯ ᠶᠤᠮ᠃
ᠡᠶᠢᠮᠦᠮ ᠪᠦᠷᠢᠳᠬᠡᠯ ᠦᠨ ᠴᠢᠬᠤᠯᠠ ᠪᠥᠭᠡᠳ ᠰᠣᠨᠢᠷᠬᠠᠯᠲᠠᠢ ᠣᠨᠴᠠᠯᠢᠭ ᠨᠢ ᠨᠢᠭᠡᠨᠲᠡ ᠤᠭ ᠬᠡᠯᠬᠢᠶᠡᠨ ᠳᠦ ᠮᠡᠳᠡᠭᠡᠯᠡᠯ ᠪᠦᠷᠢᠳᠬᠡᠭᠳᠡᠭᠰᠡᠨ ᠪᠣᠯ ᠥᠪᠡᠷᠡᠴᠢᠯᠡᠬᠦ ᠨᠢ ᠪᠠᠷᠤᠭ ᠪᠣᠯᠤᠮᠵᠢ ᠦᠭᠡᠢ ᠪᠣᠯᠳᠠᠭ᠃
ᠪᠯᠣᠻ ᠢ ᠠᠪᠴᠤ ᠦᠵᠡᠪᠡᠯ ᠪᠯᠣᠻ ᠲᠤᠰ ᠪᠦᠷᠢ ᠨᠢ ᠥᠭᠭᠥᠭᠳᠡᠬᠦᠨ᠂ ᠲᠤᠬᠠᠢ ᠶᠢᠨ ᠪᠯᠣᠻ ᠤᠨ ᠾᠠᠱ ᠪᠣᠯᠤᠨ ᠡᠮᠦᠨᠡᠬᠢ ᠪᠯᠣᠻ ᠤᠨ ᠾᠠᠱ ᠢ ᠠᠭᠤᠯᠵᠤ ᠪᠠᠶᠢᠳᠠᠭ᠃
ᠪᠯᠣᠻ ᠲᠤ ᠬᠠᠳᠠᠭᠠᠯᠠᠭᠳᠠᠬᠤ ᠥᠭᠭᠥᠭᠳᠡᠯ ᠨᠢ ᠪᠯᠣᠻᠴᠧᠢᠢᠨ ᠦ ᠲᠥᠷᠥᠯ ᠡᠴᠡ ᠬᠠᠮᠢᠶᠠᠷᠤᠨ᠎ᠠ᠃
ᠵᠢᠱᠢᠶᠡᠯᠡᠪᠡᠯ᠂ ᠪᠢᠲᠻᠣᠢᠢᠨ ᠦ ᠪᠯᠣᠻᠴᠧᠢᠢᠨ ᠨᠢ ᠭᠦᠢᠯᠭᠡᠭᠡᠨ ᠦ ᠮᠡᠳᠡᠭᠡᠯᠡᠯ᠂ ᠲᠤᠬᠠᠶᠢᠯᠠᠪᠠᠯ ᠢᠯᠡᠭᠡᠭᠴᠢ᠂ ᠬᠦᠯᠢᠶᠡᠨ ᠠᠪᠤᠭᠴᠢ᠂ ᠵᠣᠭᠣᠰᠤᠨ ᠤ ᠲᠣᠭ᠎ᠠ ᠶᠢ ᠠᠭᠤᠯᠠᠳᠠᠭ᠃
ᠪᠯᠣᠻ ᠨᠢ ᠪᠠᠰᠠ ᠾᠠᠱ ᠲᠠᠢ ᠪᠠᠶᠢᠨ᠎ᠠ᠃
ᠾᠠᠱ ᠢ ᠬᠤᠷᠤᠭᠤᠨ ᠤ ᠬᠡ ᠲᠡᠢ ᠵᠦᠢᠷᠯᠡᠵᠦ ᠪᠣᠯᠤᠨ᠎ᠠ᠃
ᠾᠠᠱ ᠨᠢ ᠪᠯᠣᠻ ᠪᠠ ᠲᠡᠭᠦᠨ ᠦ ᠠᠭᠤᠯᠭ᠎ᠠ ᠶᠢ ᠲᠣᠳᠣᠷᠬᠠᠶᠢᠯᠠᠬᠤ ᠪᠠ ᠬᠤᠷᠤᠭᠤᠨ ᠤ ᠬᠡ ᠯᠦᠭᠡ ᠠᠳᠠᠯᠢ ᠬᠣᠣᠰ ᠦᠭᠡᠢ᠂ ᠳᠠᠪᠲᠠᠭᠳᠠᠰᠢ ᠦᠭᠡᠢ ᠶᠤᠮ᠃
ᠪᠯᠣᠻ ᠡᠭᠦᠰᠬᠡᠭᠳᠡᠭᠰᠡᠨ ᠦ ᠳᠠᠷᠠᠭ᠎ᠠ ᠲᠡᠭᠦᠨ ᠦ ᠾᠠᠱ ᠢ ᠲᠣᠭᠠᠴᠠᠭᠠᠯᠠᠨ᠎ᠠ᠃
ᠪᠯᠣᠻ ᠳᠣᠲᠣᠷ᠎ᠠ ᠶᠠᠮᠠᠷᠪᠠ ᠵᠦᠢᠯ ᠢ ᠥᠭᠡᠷᠡᠴᠢᠯᠡᠪᠡᠯ ᠾᠠᠱ ᠨᠢ ᠪᠠᠰᠠ ᠥᠭᠡᠷᠡᠴᠢᠯᠡᠭᠳᠡᠨ᠎ᠡ᠃
ᠥᠭᠡᠷ᠎ᠡ ᠪᠡᠷ ᠬᠡᠯᠡᠪᠡᠯ᠄ ᠪᠯᠣᠻ ᠤᠳ ᠤᠨ ᠥᠭᠡᠷᠡᠴᠢᠯᠡᠯᠲᠡ ᠶᠢ ᠢᠯᠡᠷᠡᠭᠦᠯᠬᠦ ᠳᠦ ᠾᠠᠱ ᠨᠢ ᠨᠡᠩ ᠴᠢᠬᠤᠯᠠ ᠡᠭᠦᠷᠭᠡ ᠲᠡᠢ᠃ ᠬᠡᠷᠪᠡ ᠪᠯᠣᠻ ᠤᠨ ᠬᠤᠷᠤᠭᠤᠨ ᠤ ᠬᠡ ᠥᠭᠡᠷᠡᠴᠢᠯᠡᠭᠳᠡᠪᠡᠯ ᠡᠨᠡ ᠨᠢ ᠲᠤᠬᠠᠢ ᠶᠢᠨ ᠪᠯᠣᠺ ᠪᠠᠶᠢᠬᠤ ᠪᠠᠨ ᠪᠣᠯᠢᠨ᠎ᠠ. ᠪᠯᠣᠻ ᠳᠣᠲᠣᠷᠠᠬᠢ ᠭᠤᠷᠪᠠ ᠳᠠᠬᠢ ᠥᠭᠭᠥᠭᠳᠡᠯ ᠨᠢ ᠡᠮᠦᠨᠡᠬᠢ ᠪᠯᠣᠻ ᠤᠨ ᠾᠠᠱ ᠶᠠᠭᠤᠮ᠎ᠠ. ᠪᠯᠣᠻ ᠪᠦᠷᠢ ᠨᠢ ᠡᠮᠦᠨᠡᠬᠢ ᠪᠯᠣᠻ ᠤᠨ ᠢᠢᠠᠨ ᠾᠠᠱ ᠢ ᠠᠭᠤᠯᠤᠭᠰᠠᠨ ᠢᠶᠠᠷ ᠪᠯᠣᠺ ᠤᠳ ᠤᠨ ᠭᠢᠨᠵᠢᠨ ᠬᠡᠯᠬᠢᠶ᠎ᠡ ᠡᠭᠦᠰᠳᠡᠭ ᠠᠭᠠᠳ ᠴᠤᠬᠤᠮ ᠡᠨᠡ ᠨᠢ ᠪᠯᠣᠻᠴᠧᠢᠢᠨ ᠢ ᠮᠠᠰᠢ ᠨᠠᠶᠢᠳᠠᠪᠤᠷᠢᠲᠠᠢ ᠪᠣᠯᠭᠠᠳᠠᠭ ᠠᠷᠭᠠᠴᠢᠯᠠᠯ ᠶᠤᠮ᠃
ᠵᠢᠱᠢᠶᠡᠯᠡᠪᠡᠯ᠂ ᠭᠤᠷᠪᠠᠨ ᠪᠯᠣᠻ ᠠᠪᠴᠤ ᠦᠵᠡᠶ᠎ᠡ᠃
ᠡᠨᠳᠡ ᠪᠯᠣᠻ ᠪᠦᠷ ᠨᠢ ᠾᠠᠱ ᠪᠣᠯᠤᠨ ᠡᠮᠦᠨᠡᠬᠢ ᠪᠯᠣᠻ ᠤᠨ ᠾᠠᠱ ᠲᠠᠢ ᠪᠠᠶᠢᠨ᠎ᠠ᠃ ᠲᠡᠶᠢᠮᠦ ᠡᠴᠡ 3 ᠳᠠᠬᠢ ᠪᠯᠣᠻ 2 ᠳᠠᠬᠢ ᠪᠯᠣᠻ ᠷᠤ᠂ 2 ᠳᠠᠬᠢ ᠪᠯᠣᠻ ᠨᠢ 1 ᠳ᠋ᠡᠬᠢ ᠪᠯᠣᠻ ᠷᠤ ᠵᠢᠭᠠᠨ᠎ᠠ᠃ ᠬᠠᠷᠢᠨ 1 ᠳ᠋ᠡᠬᠢ ᠪᠯᠣᠻ ᠨᠢ ᠣᠨᠴᠠᠭᠠᠢ ᠪᠥᠭᠡᠳ ᠵᠢᠭᠠᠬᠤ ᠡᠮᠦᠨᠡᠬᠢ ᠪᠯᠣᠻ ᠪᠠᠶᠢᠬᠤ ᠦᠭᠡᠢ᠃ ᠡᠭᠦᠨ ᠢ ᠦᠷ ᠡ᠋ ᠪᠯᠣᠻ ᠪᠤᠶᠤ genesis block ᠬᠡᠮᠡᠮᠦᠢ᠃
ᠣᠳᠣ ᠬᠣᠶᠠᠷ ᠳᠠᠬᠢ ᠪᠯᠣᠻ ᠲᠤ ᠬᠠᠯᠠᠳᠠᠵᠤ᠂ ᠥᠭᠡᠷᠡᠴᠢᠯᠡᠯᠲᠡ ᠣᠷᠣᠭᠤᠯᠪᠠᠯ ᠶᠠᠬᠤ ᠪᠤᠢ? ᠥᠭᠡᠷᠡᠴᠢᠯᠡᠯᠲᠡ ᠣᠷᠣᠭᠤᠯᠤᠭᠰᠠᠨ ᠠᠴᠠ ᠪᠯᠣᠻ ᠤᠨ ᠾᠠᠱ ᠪᠠᠰᠠ ᠥᠭᠡᠷᠡᠴᠢᠯᠡᠭᠳᠡᠨ᠎ᠡ᠃ ᠴᠢᠨᠠᠭᠰᠢᠯᠠᠭᠠᠳ᠂ 3 ᠪᠯᠣᠻ ᠪᠣᠯᠤᠨ ᠲᠡᠭᠦᠨ ᠦ ᠳᠠᠷᠠᠭ᠎ᠠ ᠶᠢᠨ ᠪᠦᠬᠦ ᠪᠯᠣᠻ ᠬᠦᠴᠦᠨ ᠭᠦᠢ ᠪᠣᠯᠤᠨ᠎ᠠ᠃ ᠤᠴᠢᠷ ᠨᠢ 3 ᠳᠠᠬᠢ ᠪᠣᠯᠤᠨ ᠲᠡᠭᠦᠨ ᠡᠴᠡ ᠴᠠᠭᠠᠰᠢᠬᠢ ᠪᠯᠣᠻ ᠤᠳ ᠲᠤ ᠡᠮᠦᠨᠡᠬᠢ ᠪᠯᠣᠻ ᠤᠨ ᠨᠢ ᠬᠦᠴᠦᠨᠲᠡᠢ ᠾᠠᠱ ᠠᠭᠤᠯᠤᠭᠳᠠᠭ᠎ᠠ ᠦᠭᠡᠢ ᠪᠠᠶᠢᠬᠤ ᠪᠣᠯᠤᠨ᠎ᠠ᠃
ᠢᠩᠭᠢᠭᠡᠳ ᠭᠠᠭᠴᠠ ᠪᠯᠣᠻ ᠥᠭᠡᠷᠡᠴᠢᠯᠡᠬᠦ ᠳᠦ ᠳᠠᠷᠤᠭ᠎ᠠ ᠶᠢᠨ ᠪᠦᠬᠦ ᠪᠯᠣᠻ ᠬᠦᠴᠦᠨ ᠭᠦᠢ ᠪᠣᠯᠳᠠᠭ᠃
ᠭᠡᠬᠦ ᠳᠦ ᠪᠡᠨ ᠾᠠᠱ ᠬᠡᠷᠡᠭᠯᠡᠬᠦ ᠨᠢ ᠬᠠᠯᠳᠠᠯᠭ᠎ᠠ ᠠᠴᠠ ᠬᠠᠮᠠᠭᠠᠯᠠᠬᠤ ᠳᠤ ᠬᠠᠷᠠᠬᠠᠨ ᠬᠠᠩᠭᠠᠯᠲᠠ ᠦᠭᠡᠢ᠃
ᠥᠨᠥ ᠶᠢᠨ ᠴᠠᠬᠢᠮ ᠲᠣᠭᠠᠴᠠᠭᠠᠯᠠᠨ ᠪᠣᠳᠣᠬᠤ ᠬᠦᠴᠦᠨ ᠴᠢᠳᠠᠯ ᠨᠡᠩ ᠥᠨᠳᠥᠷ᠂ ᠨᠡᠩ ᠬᠤᠷᠳᠤᠨ ᠪᠣᠯᠤᠭᠰᠠᠨ ᠲᠤᠯᠠ ᠨᠢᠭᠡᠨ ᠰᠧᠻᠦ᠋ᠨ᠍ᠳ᠋ ᠲᠦ ᠣᠯᠠᠨ ᠵᠠᠭᠤᠨ ᠮᠢᠩᠭᠠᠨ ᠾᠠᠱ ᠲᠣᠭᠠᠴᠠᠭᠠᠯᠠᠬᠤ ᠪᠣᠯᠤᠮᠵᠢ ᠲᠠᠢ᠃
ᠲᠡᠶᠢᠮᠦ ᠡᠴᠡ ᠠᠯᠢ ᠨᠢᠭᠡ ᠪᠯᠣᠻ ᠲᠤ ᠬᠠᠯᠠᠳᠠᠵᠤ ᠥᠭᠭᠥᠭᠳᠡᠯ ᠢ ᠨᠢ ᠥᠭᠡᠷᠡᠴᠢᠯᠡᠭᠡᠳ᠂ ᠳᠠᠷᠠᠭ᠎ᠠ ᠶᠢᠨ ᠴᠤᠪᠤᠷᠠᠯ ᠪᠦᠬᠦ ᠪᠯᠣᠻ ᠤᠨ ᠾᠠᠱ ᠢ ᠳᠠᠬᠢᠨ ᠲᠣᠭᠠᠴᠠᠭᠠᠯᠠᠵᠤ᠂ ᠭᠢᠨᠵᠢᠨ ᠬᠡᠯᠬᠢᠶ᠎ᠡ ᠶᠢ ᠬᠦᠴᠦᠨᠲᠡᠢ ᠮᠡᠲᠦ ᠪᠣᠯᠭᠠᠬᠤ ᠪᠣᠯᠤᠮᠵᠢ ᠲᠠᠢ᠃
ᠡᠭᠦᠨ ᠡᠴᠡ ᠰᠡᠷᠭᠡᠶᠢᠯᠡᠬᠦ ᠶᠢᠨ ᠲᠤᠯᠠᠳᠠ proof-of-work ᠭᠡᠳᠡᠭ ᠠᠵᠢᠯᠯᠠᠪᠠᠷ ᠢ ᠬᠡᠷᠡᠭᠵᠢᠭᠦᠯᠳᠡᠭ᠃
proof-of-work ᠨᠢ ᠰᠢᠨ᠎ᠡ ᠪᠯᠣᠻ ᠡᠭᠦᠰᠭᠡᠬᠦ ᠠᠵᠢᠯᠯᠠᠭ᠎ᠠ ᠶᠢ ᠤᠳᠠᠭᠠᠰᠢᠷᠠᠭᠤᠯᠳᠠᠭ ᠠᠷᠭᠠᠴᠢᠯᠠᠯ ᠶᠤᠮ᠃
ᠵᠢᠱᠢᠶᠡᠯᠡᠪᠡᠯ᠂ ᠪᠢᠲ᠋ᠻᠣᠢᠢᠨ ᠤ ᠬᠤᠪᠢ ᠳᠤ ᠲᠤᠬᠠᠢ ᠶᠢᠨ ᠪᠯᠣᠻ ᠤᠨ proof-of-work ᠢ ᠲᠣᠭᠠᠴᠠᠭᠠᠯᠠᠵᠤ᠂ ᠬᠡᠯᠬᠢᠶᠡᠨ ᠳᠦ ᠰᠢᠨ᠎ᠡ ᠪᠯᠣᠻ ᠨᠡᠮᠡᠬᠦ ᠳᠦ 10 ᠮᠢᠨᠦ᠋ᠲ ᠱᠠᠭᠠᠷᠳᠠᠭᠳᠠᠳᠠᠭ᠃
ᠨᠢᠭᠡ ᠪᠯᠣᠻ ᠲᠤ ᠬᠠᠯᠠᠳᠠᠵᠤ ᠥᠭᠡᠷᠡᠴᠢᠯᠡᠭᠰᠡᠨ ᠢᠶᠡᠷ ᠳᠠᠷᠤᠭ᠎ᠠ ᠶᠢᠨ ᠴᠤᠪᠤᠷᠠᠬᠤ ᠪᠦᠬᠦ ᠪᠯᠣᠻ ᠤᠨ proof-of-work ᠢ ᠳᠠᠬᠢᠨ ᠲᠣᠭᠠᠴᠠᠭᠠᠯᠠᠬᠤ ᠬᠡᠷᠡᠭᠲᠡᠢ ᠪᠣᠯᠳᠠᠭ ᠲᠤᠯᠠ ᠡᠨᠡ ᠠᠷᠭᠠᠴᠢᠯᠠᠯ ᠨᠢ ᠪᠯᠣᠻ ᠤᠳ ᠲᠤ ᠬᠠᠯᠠᠳᠠᠵᠤ ᠥᠭᠡᠷᠡᠴᠢᠯᠡᠬᠦ ᠶᠢ ᠨᠡᠩ ᠪᠡᠷᠬᠡ ᠪᠣᠯᠭᠠᠳᠠᠭ᠃
ᠡᠶᠢᠨᠬᠦᠦ ᠪᠯᠣᠻᠴᠧᠢᠢᠨ ᠦ ᠠᠶᠤᠯ ᠦᠭᠡᠢ ᠶᠢᠨ ᠪᠠᠲᠤᠯᠠᠭ᠎ᠠ ᠨᠢ ᠾᠠᠱ ᠪᠠ proof-of-work ᠠᠷᠭᠠᠴᠢᠯᠠᠯ ᠢ ᠪᠦᠲᠦᠭᠡᠯᠴᠢ ᠪᠡᠷ ᠠᠰᠢᠭᠯᠠᠭᠰᠠᠨ ᠤ ᠦᠷ᠎ᠡ ᠳᠦᠩ ᠪᠢᠯᠡ᠃
ᠪᠯᠣᠻᠴᠧᠢᠢᠨ ᠠᠶᠤᠯ ᠦᠭᠡᠢ ᠪᠠᠶᠢᠳᠠᠯ ᠢᠶᠠᠨ ᠪᠠᠲᠤᠯᠠᠭᠠᠵᠢᠭᠤᠯᠳᠠᠭ ᠪᠠᠰᠠ ᠨᠢᠭᠡ ᠠᠷᠭ᠎ᠠ ᠵᠠᠮ ᠨᠢ ᠲᠦᠭᠡᠭᠡᠯᠲᠡ ᠶᠢᠨ (distribution) ᠵᠠᠷᠴᠢᠮ ᠶᠤᠮ᠃
ᠪᠠᠭᠴᠠ ᠨᠤᠭᠤᠳ ᠤᠨ ᠬᠡᠯᠬᠢᠶ᠎ᠡ ᠶᠢ ᠬᠢᠨᠠᠨ ᠵᠣᠬᠢᠴᠠᠭᠤᠯᠬᠤ ᠲᠥᠪ ᠪᠠᠶᠢᠭᠤᠯᠤᠯᠭ᠎ᠠ ᠲᠠᠢ ᠪᠠᠶᠢᠬᠤ ᠶᠢᠨ ᠣᠷᠣᠨ ᠳᠤ ᠲᠡᠭᠰᠢ ᠡᠷᠬᠡ ᠲᠡᠢ ᠰᠦᠯᠵᠢᠶ᠎ᠡ ᠪᠤᠶᠤ peer-to-peer ᠰᠦᠯᠵᠢᠶ᠎ᠡ ᠠᠰᠢᠭᠯᠠᠬᠤ ᠪᠠ ᠰᠦᠯᠵᠢᠶᠡᠨ ᠳᠦ ᠬᠡᠨ ᠪᠦᠬᠦᠨ ᠨᠢᠭᠡ ᠳᠦ ᠬᠢ ᠪᠣᠯᠤᠮᠵᠢ ᠲᠠᠢ᠃
ᠰᠦᠯᠵᠢᠶᠡᠨ ᠳᠦ ᠨᠢᠭᠡᠳᠦᠭᠰᠡᠨ ᠬᠡᠨ ᠪᠦᠬᠦᠨ ᠪᠯᠣᠻᠴᠧᠢᠢᠨ ᠦ ᠪᠦᠲᠦᠨ ᠬᠠᠭᠤᠯᠪᠤᠷᠢ ᠶᠢ ᠬᠦᠯᠢᠶᠡᠵᠦ ᠠᠪᠤᠨ᠎ᠠ᠃
ᠲᠤᠬᠠᠢ ᠶᠢᠨ ᠵᠠᠩᠭᠢᠯᠠᠭ᠎ᠠ ᠨᠢ (node) ᠲᠡᠷᠬᠡᠦ ᠪᠦᠷᠢᠨ ᠬᠠᠭᠤᠯᠪᠤᠷᠢ ᠶᠢ ᠠᠰᠢᠭᠯᠠᠨ ᠪᠯᠣᠻᠴᠧᠢᠢᠨ ᠡᠪᠳᠡᠷᠡᠭᠡ ᠦᠭᠡᠢ᠂ ᠬᠦᠴᠦᠨᠲᠡᠢ ᠪᠠᠶᠢᠭ᠎ᠠ ᠡᠰᠡᠬᠦ ᠶᠢ ᠬᠢᠨᠠᠵᠤ ᠪᠠᠶᠢᠳᠠᠭ᠃
ᠠᠯᠢ ᠨᠢᠭᠡᠨ ᠬᠡᠷᠡᠭᠯᠡᠭᠴᠢ ᠰᠢᠨ᠎ᠡ ᠪᠯᠣᠻ ᠬᠡᠷᠬᠢᠨ ᠡᠭᠦᠰᠬᠡᠳᠡᠭ ᠢ ᠠᠪᠴᠤ ᠦᠵᠡᠪᠡᠰᠦ᠄ ᠡᠭᠦᠰᠬᠡᠭᠰᠡᠨ ᠰᠢᠨ᠎ᠡ ᠪᠯᠣᠻ ᠨᠢ ᠰᠦᠯᠵᠢᠶᠡᠨ ᠳ᠋ᠡᠬᠢ ᠪᠦᠬᠦ ᠣᠷᠣᠯᠴᠠᠭᠴᠢᠳ ᠲᠤ ᠢᠯᠡᠭᠡᠭᠳᠡᠨ᠎ᠡ᠃ ᠵᠠᠩᠭᠢᠯᠠᠭ᠎ᠠ ᠪᠦᠬᠦᠨ ᠲᠤᠬᠠᠢ ᠶᠢᠨ ᠪᠯᠣᠻ ᠬᠠᠯᠳᠠᠭᠳᠠᠵᠤ ᠥᠭᠡᠷᠡᠴᠢᠯᠡᠭᠳᠡᠭᠡ ᠦᠭᠡᠢ ᠭᠡᠳᠡᠭ ᠢ ᠨᠢᠭᠲᠠᠯᠠᠨ ᠰᠢᠯᠭᠠᠨ᠎ᠠ᠃ ᠨᠢᠭᠲᠠᠯᠠᠨ ᠰᠢᠯᠭᠠᠭᠠᠳ᠂ ᠬᠡᠪ ᠦᠨ ᠭᠡᠳᠡᠭ ᠨᠢ ᠨᠣᠲᠠᠯᠠᠭᠳᠠᠪᠠᠯ ᠵᠠᠩᠭᠢᠯᠠᠭ᠎ᠠ ᠲᠤᠰ ᠪᠦᠷᠢ ᠨᠢ ᠰᠢᠨ᠎ᠡ ᠪᠯᠣᠻ ᠢ ᠪᠯᠣᠻᠴᠧᠢᠢᠨ ᠬᠡᠯᠬᠢᠶᠡᠨ ᠳᠦ ᠪᠡᠨ ᠨᠡᠮᠡᠨ᠎ᠡ᠃
ᠰᠦᠯᠵᠢᠶᠡᠨ ᠳ᠋ᠡᠬᠢ ᠪᠦᠬᠦ ᠵᠠᠩᠭᠢᠯᠠᠭ᠎ᠠ ᠵᠥᠪᠰᠢᠯᠴᠡᠯ ᠡᠭᠦᠰᠬᠡᠨ᠎ᠡ᠃
ᠵᠠᠩᠭᠢᠯᠠᠭ᠎ᠠ ᠨᠤᠭᠤᠳ ᠠᠯᠢ ᠪᠯᠣᠻ ᠨᠢ ᠬᠦᠴᠦᠨᠲᠡᠢ᠂ ᠠᠯᠢ ᠨᠢ ᠬᠦᠴᠦᠨ ᠭᠦᠢ ᠪᠤᠢ ᠭᠡᠳᠡᠭ ᠳᠡᠭᠡᠷ᠎ᠡ ᠲᠣᠬᠢᠷᠠᠯᠴᠠᠨ᠎ᠠ᠃
ᠬᠠᠯᠳᠠᠭᠳᠠᠨ ᠥᠭᠡᠷᠡᠴᠢᠯᠡᠭᠳᠡᠭᠰᠡᠨ ᠪᠯᠣᠻ ᠤᠳ ᠢ ᠰᠦᠯᠵᠢᠶᠡᠨ ᠳ᠋ᠡᠬᠢ ᠪᠤᠰᠤᠳ ᠵᠠᠩᠭᠢᠯᠠᠭ᠎ᠠ ᠲᠠᠶᠠᠭᠳᠠᠨ᠎ᠠ᠃
ᠡᠶᠢᠨᠬᠦᠦ᠂ ᠲᠤᠬᠠᠢ ᠪᠯᠣᠻᠴᠧᠢᠢᠨ ᠢ ᠬᠠᠯᠠᠳᠠᠵᠤ᠂ ᠠᠮᠵᠢᠯᠲᠠ ᠲᠠᠢ ᠥᠭᠡᠷᠡᠴᠢᠯᠡᠬᠦ ᠶᠢᠨ ᠲᠤᠯᠠᠳᠠ ᠬᠡᠯᠬᠢᠶᠡᠨ ᠳ᠋ᠡᠬᠢ ᠪᠯᠣᠻ ᠲᠤᠰ ᠪᠦᠷᠢ ᠳᠦ ᠬᠠᠯᠠᠳᠠᠵᠤ᠂ ᠪᠯᠣᠻ ᠲᠤᠰ ᠪᠦᠷᠢ ᠶᠢᠨ proof-of-work ᠥᠭᠭᠥᠭᠳᠡᠯ ᠢ ᠥᠭᠡᠷᠡᠴᠢᠯᠡᠵᠦ᠂ ᠲᠡᠭᠰᠢ ᠡᠷᠬᠡ ᠲᠡᠢ ᠰᠦᠯᠵᠢᠶᠡᠨ ᠦ 50 ᠍ ᠢ ᠠᠴᠠ ᠳᠡᠭᠡᠭᠰᠢ ᠬᠤᠪ ᠢ ᠬᠢᠨᠠᠯᠲᠠ ᠳᠤ ᠪᠠᠨ ᠤᠷᠤᠭᠤᠯᠬᠤ ᠱᠠᠭᠠᠷᠳᠠᠯᠭ᠎ᠠ ᠲᠠᠢ ᠪᠣᠯᠤᠨ᠎ᠠ᠃
ᠵᠥᠪᠬᠡᠨ ᠲᠡᠷᠡ ᠪᠦᠬᠦᠨ ᠢ ᠬᠢᠵᠦ ᠴᠢᠳᠠᠵᠤ ᠪᠠᠶᠢᠵᠤ ᠯᠠ ᠲᠤᠬᠠᠢ ᠶᠢᠨ ᠬᠠᠯᠠᠳᠠᠭᠰᠠᠨ ᠪᠯᠣᠻ ᠨᠢ ᠪᠤᠰᠤᠳ ᠪᠦᠬᠦ ᠣᠷᠣᠯᠴᠠᠭᠴᠢᠳ ᠲᠤ ᠬᠦᠯᠢᠶᠡᠨ ᠵᠥᠪᠰᠢᠶᠡᠷᠡᠭᠳᠡᠬᠦ ᠪᠣᠯᠤᠮᠵᠢ ᠲᠠᠢ ᠪᠣᠯᠤᠨ᠎ᠠ᠃ ᠡᠨᠡ ᠪᠣᠯ ᠠᠮᠢᠳᠤᠷᠠᠯ ᠳᠤ ᠪᠠᠷᠤᠭ ᠪᠣᠯᠤᠮᠵᠢ ᠦᠭᠡᠢ ᠳᠠᠪᠠᠭ᠎ᠠ!
ᠪᠯᠣᠻᠴᠧᠢᠢᠨ ᠨᠣᠭᠦᠳ ᠲᠠᠰᠤᠷᠠᠯᠲᠠ ᠦᠭᠡᠢ ᠪᠣᠯᠪᠠᠰᠤᠷᠠᠨ ᠬᠥᠭᠵᠢᠵᠦ ᠪᠠᠶᠢᠨ᠎ᠠ᠃
ᠰᠡᠭᠦᠯ ᠦᠨ ᠦᠶ᠎ᠡ ᠶᠢᠨ ᠰᠢᠨᠡᠯᠢᠭ ᠵᠦᠢᠯ ᠨᠢ ᠤᠬᠠᠭᠠᠯᠢᠭ ᠭᠡᠷ᠎ᠡ (smart contracts) ᠶᠤᠮ᠃ ᠤᠬᠠᠭᠠᠯᠢᠭ ᠭᠡᠷ᠎ᠡ ᠨᠢ ᠪᠯᠣᠻᠴᠧᠢᠢᠨ ᠳᠡᠭᠡᠷ᠎ᠡ ᠬᠠᠳᠠᠭᠠᠯᠠᠬᠤ ᠡᠩ ᠦᠨ ᠫᠷᠣᠭ᠍ᠷᠠᠮ ᠠᠭᠠᠳ ᠲᠣᠳᠣᠷᠬᠠᠢ ᠨᠥᠬᠥᠴᠡᠯ ᠳᠦ ᠦᠨᠳᠦᠰᠦᠯᠡᠨ ᠠᠦ᠋ᠲᠣᠮᠠᠲ ᠢᠢᠠᠷ ᠵᠣᠭᠣᠰ ᠰᠣᠯᠢᠯᠴᠠᠬᠤ ᠳᠤ ᠲᠡᠭᠦᠨ ᠢ ᠬᠡᠷᠡᠭᠯᠡᠳᠡᠭ᠃
ᠪᠯᠣᠻᠴᠧᠢᠢᠨ ᠲᠧᠻᠨᠣᠯᠣᠭᠢ ᠪᠤᠢ ᠪᠣᠯᠤᠭᠰᠠᠨ ᠢᠶᠠᠷ ᠣᠯᠠᠨ ᠨᠡᠶᠢᠲᠡ ᠶᠢᠨ ᠰᠣᠨᠢᠷᠬᠠᠯ ᠨᠡᠯᠢᠶᠡᠨ ᠥᠷᠨᠢᠭᠰᠡᠨ᠃
ᠤᠳᠠᠯ ᠦᠭᠡᠢ᠂ ᠪᠯᠣᠻᠴᠧᠢᠢᠨ ᠲᠧᠻᠨᠣᠯᠣᠭᠢ ᠢ ᠡᠮᠴᠢᠯᠡᠭᠡᠨ ᠦ ᠮᠡᠳᠡᠭᠡᠯᠡᠯ ᠬᠠᠳᠠᠭᠠᠯᠠᠬᠤ᠂ ᠴᠠᠬᠢᠮ ᠨᠣᠲ᠋ᠠᠷᠢᠶᠠᠲ ᠠᠵᠢᠯᠯᠠᠭᠤᠯᠬᠤ᠂ ᠲᠠᠲᠠᠪᠤᠷᠢ ᠬᠤᠷᠢᠶᠠᠬᠤ ᠵᠡᠷᠭᠡ ᠥᠭᠡᠷ᠎ᠡ ᠪᠤᠰᠤᠳ ᠣᠯᠠᠨ ᠵᠣᠷᠢᠯᠭ᠎ᠠ ᠳᠤ ᠠᠰᠢᠭᠯᠠᠬᠤ ᠪᠣᠯᠤᠮᠵᠢ ᠲᠠᠢ ᠶᠢ ᠣᠶᠢᠯᠠᠭᠠᠭᠰᠠᠨ ᠪᠢᠯᠡ᠃
ᠡᠬᠢ ᠰᠤᠷᠪᠤᠯᠵᠢ
- ↑ What is blockchain technology? ᠬᠠᠨᠳᠤᠭᠰᠠᠨ 2022/03/04. IBM. https᠄//www.ibm.com/topics/what-is-blockchain