"ᠴᠠᠬᠢᠯᠭᠠᠨ ᠰᠣᠷᠢᠨᠵᠢᠨ ᠢᠨ᠍ᠳᠦ᠋ᠭ᠌ᠼ"-ны өөр хувилбарууд

Wikibilig-с
(Category)
(Layout)
1-р мөр: 1-р мөр:
{{Garchig}}

=ᠴᠠᠬᠢᠯᠭᠠᠨ ᠰᠣᠷᠢᠨᠵᠢᠨ ᠢᠨ᠍ᠳᠦ᠋ᠭ᠌ᠼ=
=ᠴᠠᠬᠢᠯᠭᠠᠨ ᠰᠣᠷᠢᠨᠵᠢᠨ ᠢᠨ᠍ᠳᠦ᠋ᠭ᠌ᠼ=
{{Horizontal}}[[File:Magnet in Spule.svg|thumb|{{Mongolian}}ᠬᠥᠳᠡᠯᠵᠦ
ᠪᠤᠢ
ᠪᠠᠢᠢᠩᠭᠤ ᠶ᠋ᠢᠨ
᠎ᠰᠣᠷᠢᠨᠵᠢᠨ
ᠣᠷᠢᠶᠠᠮᠠᠭ ᠦ᠋ᠨ
ᠲᠡᠭᠦᠰᠬᠡᠯ ᠳ᠋ᠦ
{{Horizontal}}U(t){{Z}}
ᠴᠠᠬᠢᠯᠭᠠᠨ
ᠬᠦᠴᠦᠳᠡᠯ
ᠡᠭᠦᠰᠬᠡᠳᠡᠭ]]{{Z}}

{{Horizontal}}[[File:Magnet in Spule.svg|thumb|{{Mongolian}}ᠬᠥᠳᠡᠯᠵᠦ
ᠪᠤᠢ
ᠪᠠᠢᠢᠩᠭᠤ ᠶ᠋ᠢᠨ
᠎ᠰᠣᠷᠢᠨᠵᠢᠨ
ᠣᠷᠢᠶᠠᠮᠠᠭ ᠦ᠋ᠨ
ᠲᠡᠭᠦᠰᠬᠡᠯ ᠳ᠋ᠦ
{{Horizontal}}U(t){{Z}}
ᠴᠠᠬᠢᠯᠭᠠᠨ
ᠬᠦᠴᠦᠳᠡᠯ
ᠡᠭᠦᠰᠬᠡᠳᠡᠭ]]{{Z}}

16:47, 20 Арванхоёрдугаар сар 2020-ий байдлаарх засвар

ᠴᠠᠬᠢᠯᠭᠠᠨ ᠰᠣᠷᠢᠨᠵᠢᠨ ᠢᠨ᠍ᠳᠦ᠋ᠭ᠌ᠼ

ᠬᠥᠳᠡᠯᠵᠦ
ᠪᠤᠢ
ᠪᠠᠢᠢᠩᠭᠤ ᠶ᠋ᠢᠨ
᠎ᠰᠣᠷᠢᠨᠵᠢᠨ
ᠣᠷᠢᠶᠠᠮᠠᠭ ᠦ᠋ᠨ
ᠲᠡᠭᠦᠰᠬᠡᠯ ᠳ᠋ᠦ
U(t)
ᠴᠠᠬᠢᠯᠭᠠᠨ
ᠬᠦᠴᠦᠳᠡᠯ
ᠡᠭᠦᠰᠬᠡᠳᠡᠭ

ᠴᠠᠬᠢᠯᠭᠠᠨ ᠰᠣᠷᠢᠨᠵᠢᠨ ᠢᠨ᠍ᠳᠦ᠋ᠭ᠌ᠼ ᠨᠢ ᠥᠭᠡᠷᠡᠴᠢᠯᠡᠭᠳᠡᠨ ᠪᠤᠢ ᠰᠣᠷᠢᠨᠵᠢᠨ ᠣᠷᠤᠨ ᠳ᠋ᠠᠬᠢ ᠴᠠᠬᠢᠯᠭᠠᠨ ᠳᠠᠮᠵᠢᠭᠤᠯᠤᠭᠴᠢ ᠳ᠋ᠤ ᠴᠠᠬᠢᠯᠭᠠᠨ ᠬᠥᠳᠡᠯᠭᠡᠬᠦ ᠬᠦᠴᠦ (ᠲᠤᠬᠠᠢᠢᠯᠠᠪᠠᠯ, ᠬᠦᠴᠦᠳᠡᠯ) ᠡᠭᠦᠰᠬᠦ ᠶ᠋ᠢ ᠬᠡᠯᠡᠨ᠎ ‍ᠡ᠋᠃
ᠲᠣᠳᠣᠷᠠᠭᠤᠯᠪᠠᠯ᠂ ᠰᠣᠷᠢᠨᠵᠢᠨ ᠣᠷᠤᠨ ᠨᠢ ᠴᠠᠭ ᠬᠤᠭᠤᠴᠠᠭᠭᠠᠨ ᠳ᠋ᠤ ᠥᠭᠡᠷᠡᠴᠢᠯᠡᠭᠳᠡᠬᠦ᠂ ᠡᠰᠡᠪᠡᠯ ᠰᠣᠷᠢᠨᠵᠢᠨ ᠣᠷᠤᠨ ᠳ᠋ᠠᠬᠢ ᠪᠣᠳᠠᠰᠯᠢᠭ ᠣᠷᠴᠢᠨ ᠬᠥᠳᠡᠯᠬᠦ ᠳ᠋ᠦ ᠴᠠᠬᠢᠯᠭᠠᠨ ᠭᠦᠶᠦᠳᠡᠯ᠂ ᠴᠠᠬᠢᠯᠭᠠᠨ ᠣᠷᠤᠨ᠂ ᠡᠰᠡᠪᠡᠯ ᠴᠠᠬᠢᠯᠭᠠᠨ ᠲᠤᠢᠢᠯᠰᠢᠷᠠᠯ ᠡᠭᠦᠰᠬᠦ ᠦᠵᠡᠭᠳᠡᠯ ‍ᠢ ᠴᠠᠬᠢᠯᠭᠠᠨ ᠰᠣᠷᠢᠨᠵᠢᠨ ᠢᠨ᠍ᠳᠦ᠋ᠭ᠌ᠼ ᠭᠡᠨ᠎ ‍ᠡ᠋᠃ [1]

ᠹᠠᠷᠠᠳᠠᠢ-ᠯᠧᠨ᠍ᠼ ᠦ᠋ᠨ ᠬᠠᠤᠯᠢ

ᠪᠢᠲᠡᠭᠦᠦ ᠬᠦᠷᠢᠶᠡᠨ ᠳ᠋ᠦ ᠠᠭᠦᠰᠬᠦ ᠢᠨ᠍ᠳᠦ᠋ᠭ᠌ᠼ ᠦ᠋ᠨ ᠴᠠᠬᠢᠯᠭᠠᠨ ᠭᠥᠳᠡᠯᠭᠡᠬᠦ ᠬᠦᠴᠦ (ɛ) ᠤᠭ ᠬᠦᠷᠢᠶ ‍ᠡ᠋ ᠶ᠋ᠢ ᠨᠡᠪᠲᠡᠷᠡᠬᠦ ᠰᠣᠷᠢᠨᠵᠢᠨ ᠤᠷᠠᠰᠬᠠᠯ (Ф) ᠦ᠋ᠨ ᠥᠭᠡᠷᠴᠢᠯᠡᠭᠳᠡᠬᠦ ᠬᠤᠷᠳᠤ ᠲᠠᠢ ᠲᠡᠩᠴᠡᠭᠦᠦ ᠪᠥᠭᠡᠳ ᠰᠥᠷᠦᠭ ᠴᠢᠭᠯᠡᠯ ᠲᠡᠢ ᠪᠠᠢᠢᠨ᠎᠎ ‍ᠠ᠋᠃
ᠴᠠᠬᠢᠯᠭᠠᠨ ᠰᠣᠷᠢᠨᠵᠢᠨ ᠢᠨ᠍ᠳᠦ᠋ᠭᠼ ᠦ᠋ᠨ ᠦᠨᠳᠦᠰᠦᠨ ᠬᠠᠤᠯᠢ (ᠹᠠᠷᠠᠳᠠᠢ-ᠯᠧᠨ᠍ᠼ ᠦ᠋ᠨ ᠬᠠᠤᠯᠢ) ᠶ᠋ᠢᠨ ᠮᠠᠲ᠋ᠧᠮᠠᠲ᠋ᠢᠭ ᠢᠯᠡᠷᠬᠡᠢᠢᠯᠡᠯ[2]

ɛ = - dΦB/dt ;

ᠡᠭᠦᠨ ᠳ᠋ᠦ᠄ ɛ ᠨᠢ ᠳᠤᠷ ‍ᠠ᠋ ᠶ᠋ᠢᠨ ᠬᠦᠷᠢᠶᠡᠨ ‍ᠦ ᠳᠠᠭᠠᠭᠤ ᠦᠢᠯᠡᠴᠢᠯᠡᠬᠦ ᠴᠠᠬᠢᠯᠭᠠᠨ ᠬᠥᠳᠡᠯᠭᠡᠬᠦ ᠬᠦᠴᠦ᠃
ΦB ᠨᠢ ᠤᠭ ᠬᠦᠷᠢᠶ ‍ᠠ᠋ ᠪᠡᠷ ᠬᠢᠵᠠᠭᠠᠷᠯᠠᠭᠰᠠᠨ ᠲᠠᠯᠠᠪᠠᠢ ᠶ᠋ᠢ ᠨᠡᠪᠲᠡᠷᠡᠵᠦ ᠪᠤᠢ ᠰᠣᠷᠢᠨᠴᠢᠨ ᠤᠷᠠᠰᠬᠠᠯ᠃
ᠡᠨᠡᠬᠦᠦ ᠰᠣᠷᠢᠨᠵᠢᠨ ᠤᠷᠠᠰᠬᠠᠯ ᠬᠦᠷᠢᠶᠡᠨ ‍ᠦ ᠲᠠᠯᠠᠪᠠᠢ ᠪᠠ ᠨᠡᠪᠲᠡᠷᠡᠵᠦ ᠪᠠᠢᠢᠭ᠎ ‍ᠠ᠋ ᠰᠣᠷᠢᠨᠵᠢᠨ ᠢᠨ᠍ᠳᠦᠭ᠌ᠼ ᠦ᠋ᠨ ᠸᠧᠻᠲ᠋ᠣᠷ[3] ᠦ᠋ᠨ ᠰᠻᠠᠯᠠᠷ[4] ᠦᠷᠡᠵᠢᠪᠦᠷᠢ ᠪᠠᠢᠢᠨ᠎ ‍ᠠ᠋[5]

ΦB = B • S • cosα

ᠹᠠᠷᠠᠳᠠᠢ ᠶ᠋ᠢᠨ ᠬᠠᠤᠯᠢ ᠶ᠋ᠢᠨ ᠲᠣᠮᠢᠶ ‍ᠠ᠋ ᠳ᠋ᠠᠬᠢ ᠬᠠᠰᠤᠬᠤ ᠲᠡᠮᠳᠡᠭ ᠨᠢ ᠯᠧᠨ᠍ᠼ ᠦ᠋ᠨ ᠳᠦᠷᠢᠮ ᠦ᠋ᠨ ᠲᠤᠰᠬᠠᠯ ᠶᠤᠮ᠃

ᠹᠠᠷᠠᠳᠠᠢ ᠶ᠋ᠢᠨ
ᠲᠡᠦᠬᠡᠨ
ᠲᠤᠷᠰᠢᠯᠲᠠ᠄
ᠵᠡᠭᠦᠨ
ᠣᠷᠢᠶᠠᠮᠠᠭ ᠳ᠋ᠠᠬᠢ
ᠰᠣᠷᠢᠨᠵᠢᠨ
ᠤᠷᠠᠰᠬᠠᠯ ᠦ᠋ᠨ
ᠥᠭᠡᠷᠡᠴᠢᠯᠡᠯᠲᠡ
ᠪᠠᠷᠠᠭᠤᠨ
ᠣᠷᠢᠶᠠᠮᠠᠭ ᠲᠤ
ᠭᠦᠶᠦᠳᠡᠯ
ᠡᠭᠦᠰᠬᠡᠨ᠎ ‍ᠡ᠋᠃[6]

ᠯᠧᠨ᠍ᠼ ᠦ᠋ᠨ ᠳᠦᠷᠢᠮ:
ᠪᠢᠲᠡᠭᠦᠦ ᠬᠦᠷᠢᠶᠡᠨ ᠳ᠋ᠡᠬᠢ ᠢᠨ᠍ᠳᠦ᠋ᠭ᠌ᠼ ᠦ᠋ᠨ ᠭᠦᠶᠦᠳᠡᠯ ᠨᠢ ᠤᠭ ᠭᠦᠶᠦᠳᠡᠯ ᠶ᠋ᠢᠡᠷ ᠡᠭᠦᠰᠭᠦ ᠰᠣᠷᠢᠨᠵᠢᠨ ᠣᠷᠤᠨ ‍ᠤ ᠢᠨ᠍ᠳᠤ᠋ᠭ᠌ᠼ (ᠭᠦᠶᠦᠳᠡᠯ ᠡᠭᠦᠰᠬᠦ ᠰᠢᠯᠲᠠᠭᠠᠨ) ᠰᠣᠷᠢᠨᠵᠢᠨ ᠤᠷᠠᠰᠬᠠᠯ ᠦ᠋ᠨ ᠥᠭᠡᠷᠡᠴᠢᠯᠡᠯᠲᠡ ᠶ᠋ᠢ ᠢᠮᠠᠭᠲᠠ ᠰᠠᠭᠠᠲᠠᠭᠤᠯᠬᠤ ᠪᠠᠷ ᠴᠢᠭᠯᠡᠨ᠎ ‍ᠠ᠋᠃[7]

ᠹᠠᠷᠠᠳᠠᠶ ᠶ᠋ᠢᠨ ᠬᠠᠤᠯᠢ ᠪᠠ ᠬᠠᠷᠢᠴᠠᠩᠭᠤᠢ ᠶ᠋ᠢᠨ ᠵᠠᠷᠴᠢᠮ

ᠹᠠᠷᠠᠳᠠᠶ ᠶ᠋ᠢᠨ ᠬᠠᠤᠯᠢ ᠬᠣᠶᠠᠷ ᠣᠨᠳᠤᠤ ᠦᠵᠡᠭᠳᠡᠯ ‍ᠢ ᠳᠦᠷᠰᠦᠯᠡᠳᠡᠭ᠄ ᠬᠥᠳᠡᠯᠭᠡᠭᠡᠨ ‍ᠦ ᠴᠠᠬᠢᠯᠭᠠᠨ ᠬᠥᠳᠡᠯᠭᠡᠭᠴᠢ ᠬᠦᠴᠦ[8] ᠨᠢ ᠬᠥᠳᠡᠯᠡᠵᠦ ᠪᠤᠢ ᠳᠠᠮᠵᠢᠭᠤᠯᠤᠭᠴᠢ ᠶ᠋ᠢᠨ ᠰᠣᠷᠢᠨᠵᠢᠨ ᠬᠦᠴᠦ ᠪᠠᠷ ᠡᠭᠦᠰᠬᠡᠭᠳᠡᠨ᠎ ‍ᠠ᠋ (ᠯᠣᠷᠧᠨ᠍ᠼ ᠦ᠋ᠨ ᠬᠦᠴᠦ)᠂ ᠨᠥᠭᠦᠭᠡ ᠬᠤᠪᠢᠰᠬᠠᠭᠴᠢ ᠴᠠᠬᠢᠯᠭᠠᠨ ᠬᠥᠳᠡᠯᠭᠡᠭᠴᠢ ᠬᠦᠴᠦ[9] ᠨᠢ ᠥᠭᠡᠷᠴᠢᠯᠡᠭᠳᠡᠵᠦ ᠪᠤᠢ ᠰᠣᠷᠢᠨᠵᠢᠨ ᠣᠷᠤᠨ ᠡᠴᠡ ᠰᠢᠯᠲᠠᠭᠠᠯᠠᠭᠰᠠᠨ ᠴᠠᠬᠢᠯᠭᠠᠨ ᠬᠦᠴᠦ ᠪᠡᠷ ᠡᠭᠦᠰᠬᠡᠭᠳᠡᠨ᠎ ‍ᠠ᠋ (ᠮᠠᠻᠰᠸᠧᠯᠯ–ᠹᠠᠷᠠᠳᠠᠢ ᠶ᠋ᠢᠨ ᠲᠡᠭᠰᠢᠳᠬᠡᠯ ᠦ᠋ᠨ ᠳ᠋ᠢᠹᠹᠧᠷᠧᠨ᠍ᠼᠢᠶᠠᠯ[10] ᠬᠡᠯᠪᠡᠷᠢ). ᠡᠨᠡ ᠪᠣᠯ ᠹᠢᠽᠢᠻ ᠦ᠋ᠨ ᠨᠢᠭᠡᠨ ᠰᠠᠭᠤᠷᠢ ᠬᠠᠤᠯᠢ ᠬᠣᠶᠠᠷ ᠥᠭᠡᠷ ‍ᠠ᠋ ᠦᠵᠡᠭᠳᠡᠯ ‍ᠢ ᠲᠠᠢᠢᠯᠪᠤᠷᠢᠯᠠᠵᠤ ᠪᠠᠢᠢᠭ᠎ ‍ᠠ᠋ ᠬᠣᠣᠰ ᠦᠭᠡᠢ ᠲᠣᠬᠢᠶᠠᠯᠳᠠᠯ ᠶᠤᠮ᠃[11] ᠠᠯᠪᠧᠷᠲ ᠧᠢᠢᠨ᠍ᠰᠲᠧᠢᠢᠨAlbert Einstein ᠳᠡᠭᠡᠷᠡᠬᠢ ᠬᠣᠶᠠᠷ ᠦᠵᠡᠭᠳᠡᠯ ᠬᠣᠶᠠᠭᠤᠯᠠ ᠳᠠᠮᠵᠢᠭᠤᠯᠤᠭᠴᠢ ᠪᠠ ᠰᠣᠷᠣᠨᠵᠢᠨ ‍ᠤ ᠬᠣᠭᠣᠷᠤᠨᠳᠤᠬᠢ ᠬᠠᠷᠢᠴᠠᠩᠭᠤᠶ ᠬᠥᠳᠡᠯᠭᠡᠭᠡᠨ ᠳ᠋ᠦ ᠬᠠᠷᠠᠭᠠᠯᠵᠠᠵᠤ ᠪᠠᠢᠢᠭ᠎ ‍ᠠ᠋ ᠪᠥᠭᠡᠳ ᠴᠤᠬᠤᠮ ᠠᠯᠢ ᠨᠢ ᠬᠥᠳᠡᠯᠵᠦ ᠪᠤᠢ ᠡᠴᠡ ᠦᠷ ‍ᠠ᠋ ᠳ᠋ᠦ᠋ᠩ ᠦᠯᠦ ᠬᠠᠮᠢᠶᠠᠷᠠᠬᠤ ᠶ᠋ᠢ ᠲᠡᠮᠳᠡᠭᠯᠡᠭᠰᠡᠨ ᠪᠠᠢᠢᠨ᠎ ‍ᠠ᠋ ᠃ ᠡᠨᠡ ᠨᠢ ᠬᠠᠷᠢᠴᠠᠩᠭᠤᠢ ᠶ᠋ᠢᠨ ᠲᠤᠰᠬᠠᠢ ᠣᠨᠤᠯ ‍ᠢ ᠪᠣᠯᠪᠠᠰᠤᠷᠠᠭᠤᠯᠬᠤ ᠳ᠋ᠤ ᠬᠥᠲᠦᠯᠦᠭᠰᠡᠨ ᠨᠢᠭᠡᠨ ᠬᠦᠴᠦᠨ ᠵᠦᠢᠯ ᠪᠠᠢᠢᠪᠠ᠃[12]

ᠤᠶᠠᠯᠳᠤᠭ ‍ᠠ᠋ ᠲᠠᠢ ᠰᠡᠳᠦᠪ᠎

ᠰᠣᠷᠢᠨᠵᠢᠨ ᠢᠨ᠍ᠳᠦ᠋ᠭ᠌ᠼ
ᠴᠠᠬᠢᠯᠭᠠᠨ ᠰᠣᠷᠢᠨᠵᠢᠨ ᠳᠣᠯᠭᠢᠶᠠᠨ ᠊ᠤ ᠬᠤᠪᠢᠶᠠᠷᠢ

ᠲᠦᠯᠬᠢᠭᠦᠷ ᠦᠭᠡᠰ

цахилгаан соронзон индукц
хүчдэл
гүйдэл
соронзон урсгал
цахилгаан хөдөлгөх хүч
Фарадей
Ленц
electromagnetic induction
voltage
current
magnetic flux
electromotive force
Faraday
Lenz
электромагнитная индукция
напряжение
ток
магнитный поток
электродвижущая сила

ᠵᠡᠭᠦᠯᠲᠡ ᠪᠠ ᠡᠬᠢ ᠰᠤᠷᠪᠤᠯᠵᠢ

1. Миллер М. А., Пермитин Г. В. Электромагнитная индукция // Физическая энциклопедия : [в 5 т.] / Гл. ред. А. М. Прохоров. — М.: Большая российская энциклопедия, 1999. — Т. 5: Стробоскопические приборы — Яркость. — С. 537—538. — 692 с. — 20 000 экз. — ISBN 5-85270-101-7
2. Семинар №2. Цахилгаан соронзон индукц. Үндсэн томьёо, тодорхойлолтууд
3. vector
4. scalar
5. Семинар №2. Цахилгаан соронзон индукц. Үндсэн томьёо, тодорхойлолтууд
6. Douglas C. Giancoli: Physics: Principles with Applications. 5. Auflage. 1998, S. 623–624
7. Семинар №2. Цахилгаан соронзон индукц. Үндсэн томьёо, тодорхойлолтууд
8. motional electromotive force
9. transformer electromotive force
10. differential
11. Maxwell, J. C. (1861). "On physical lines of force".
12. Einstein, A. (1905). "Zur Elektrodynamik bewegter Körper" (PDF). Annalen der Physik.