"Халиун буга"-ны өөр хувилбарууд

Wikibilig-с
бNo edit summary
(edit)
14-р мөр: 14-р мөр:
ᠪᠤᠭᠤ ᠶᠢᠨ ᠢᠯᠭᠠᠳᠠᠰᠤ ᠨᠢ ᠣᠯᠠᠨ ᠵᠦᠢᠯ ᠦᠨ ᠮᠥᠭᠥ ᠤᠷᠭᠤᠬᠤ ᠲᠡᠵᠢᠭᠡᠯᠯᠢᠭ ᠣᠷᠴᠢᠨ ᠡᠭᠦᠰᠬᠡᠳᠡᠭ᠃ ᠤᠨᠠᠭᠰᠠᠨ ᠴᠢᠰᠤᠨ ᠡᠪᠡᠷ ᠨᠢ ᠣᠭᠣᠲᠣᠨ᠎ᠠ (Apodemus sylvaticus)᠂ ᠦᠯᠦ ᠶᠢᠨ ᠣᠭᠣᠲᠣᠨ᠎ᠠ (Microtus agrestis) ᠭᠡᠬᠦ ᠮᠡᠲᠦ ᠵᠢᠵᠢᠭ ᠬᠥᠬᠥᠲᠡᠨ ᠠᠮᠢᠲᠠᠳ ᠤᠨ ᠬᠣᠭᠣᠯᠠ ᠪᠣᠯᠳᠠᠭ ᠪᠠᠶᠢᠨ᠎ᠠ᠃
ᠪᠤᠭᠤ ᠶᠢᠨ ᠢᠯᠭᠠᠳᠠᠰᠤ ᠨᠢ ᠣᠯᠠᠨ ᠵᠦᠢᠯ ᠦᠨ ᠮᠥᠭᠥ ᠤᠷᠭᠤᠬᠤ ᠲᠡᠵᠢᠭᠡᠯᠯᠢᠭ ᠣᠷᠴᠢᠨ ᠡᠭᠦᠰᠬᠡᠳᠡᠭ᠃ ᠤᠨᠠᠭᠰᠠᠨ ᠴᠢᠰᠤᠨ ᠡᠪᠡᠷ ᠨᠢ ᠣᠭᠣᠲᠣᠨ᠎ᠠ (Apodemus sylvaticus)᠂ ᠦᠯᠦ ᠶᠢᠨ ᠣᠭᠣᠲᠣᠨ᠎ᠠ (Microtus agrestis) ᠭᠡᠬᠦ ᠮᠡᠲᠦ ᠵᠢᠵᠢᠭ ᠬᠥᠬᠥᠲᠡᠨ ᠠᠮᠢᠲᠠᠳ ᠤᠨ ᠬᠣᠭᠣᠯᠠ ᠪᠣᠯᠳᠠᠭ ᠪᠠᠶᠢᠨ᠎ᠠ᠃
=ᠡᠬᠢ ᠰᠤᠷᠪᠤᠯᠵᠢ=
=ᠡᠬᠢ ᠰᠤᠷᠪᠤᠯᠵᠢ=
www.deer.mn

Shirley Pottie. treesforlife.org Red deer (Ccervus Elapjus)

Paul M Dolman, Kristin Wtaber. Ecosystem and competition impacts of introduced deer. Journal Wildlife Research 35(3):202-214. 2008. www.researchgate.net

11:01, 8 Зургаадугаар сар 2019-ий байдлаарх засвар

Cervus Elaphus ᠨᠢ ᠲᠣᠮᠣ ᠬᠥᠬᠥᠲᠡᠨ ᠠᠮᠢᠲᠠᠨ ᠲᠤᠯᠠ ᠠᠮᠢᠳᠤᠷᠠᠵᠤ ᠪᠤᠢ ᠤᠷᠴᠢᠨ ᠳᠤ ᠪᠠᠨ ᠭᠦᠨ ᠭᠦᠨᠵᠡᠭᠡᠢ ᠨᠥᠯᠥᠭᠡ ᠲᠡᠢ᠃ ᠢᠯᠠᠩᠭᠤᠶ᠎ᠠ ᠲᠣᠭ᠎ᠠ ᠲᠣᠯᠣᠭᠠᠢ ᠨᠢ ᠶᠡᠬᠡᠰᠦᠭᠰᠡᠨ ᠦᠶᠡᠳᠡᠭᠡ ᠶᠡᠬᠡᠬᠡᠨ ᠨᠥᠯᠦᠭᠡᠯᠡᠳᠡᠭ᠃ ᠱᠣᠲᠯᠠᠨ᠋ᠳ᠋ ᠍ ᠤᠨ ᠵᠠᠷᠢᠮ ᠨᠤᠲᠤᠭ ᠲᠤ ᠪᠤᠭᠤ ᠶᠢᠨ ᠨᠢᠭᠲᠠᠰᠢᠯ ᠨᠢᠭᠡ ᠬᠠᠪᠲᠠᠭᠠᠢ ᠳᠥᠷᠪᠡᠯᠵᠢᠨ ᠻᠮ ᠳᠦ ᠨᠢᠭᠡ ᠡᠴᠡ 40 ᠬᠦᠷᠡᠳᠡᠭ᠃ (ᠰᠡᠷᠡ ᠹᠷᠦᠨᠻ ᠳᠠᠷᠯᠢᠨ ᠢ 1950 ᠍ ᠊ᠭᠠᠳ ᠣᠨ ᠤ ᠦᠶ᠎ᠡ ᠳᠦ ᠨᠢᠭᠡ ᠬᠠᠪᠲᠠᠭᠠᠢ ᠳᠥᠷᠪᠡᠯᠵᠢᠨ ᠻᠮ ᠲᠤ ᠪᠤᠭᠤ ᠶᠢᠨ ᠲᠣᠭ᠎ᠠ ᠲᠠᠪᠤ ᠠᠴᠠ ᠳᠡᠭᠡᠭᠰᠢ ᠦᠭᠡᠢ ᠪᠣᠯ ᠣᠢ ᠵᠢᠮ᠎ᠠ ᠪᠠᠷ ᠢᠶᠠᠨ ᠨᠥᠬᠦᠬᠦ ᠰᠡᠷᠭᠦᠬᠦ ᠪᠣᠯᠤᠮᠵᠢ ᠲᠠᠢ ᠪᠠᠶᠢᠳᠠᠭ ᠭᠡᠰᠡᠨ ᠨᠢ ᠶᠡᠷᠦᠩᠬᠡᠢ ᠳᠦ ᠪᠡᠨ ᠵᠥᠪ᠃ ᠭᠡᠬᠦ ᠳᠦ ᠪᠡᠨ ᠲᠤᠬᠠᠢ ᠶᠢᠨ ᠨᠤᠲᠤᠭ ᠤᠨ ᠨᠥᠬᠥᠴᠡᠯ᠂ ᠬᠥᠷᠦᠰᠦᠨ ᠦ ᠴᠢᠨᠠᠷ᠂ ᠵᠤᠯᠵᠠᠭᠠᠨ ᠮᠣᠳᠣᠨ ᠤ ᠲᠣᠭ᠎ᠠ᠂ ᠪᠤᠰᠤ ᠮᠠᠯ ᠠᠮᠢᠲᠠᠨ ᠪᠡᠯᠴᠢᠭᠡᠷᠯᠡᠳᠡᠭ ᠡᠰᠡᠬᠦ ᠡᠴᠡ ᠪᠠᠰᠠ ᠰᠢᠯᠲᠠᠭᠠᠯᠠᠨ᠎ᠠ᠃ ᠪᠤᠭᠤ ᠶᠢᠨ ᠲᠣᠭ᠎ᠠ ᠲᠣᠯᠣᠭᠠᠢ ᠵᠣᠬᠢᠰᠲᠠᠢ ᠦᠶᠡᠳᠡᠭᠡ ᠣᠢ ᠶᠢᠨ ᠡᠻᠣᠰᠢᠰᠲ᠋ᠧᠮ ᠳᠦ ᠠᠴᠢ ᠲᠤᠰᠠ ᠲᠠᠢ ᠪᠠᠶᠢᠳᠠᠭ᠃ ᠵᠢᠱᠢᠶ᠎ᠡ ᠨᠢ᠂ ᠲᠤᠭᠤᠷᠠᠢ ᠪᠠᠷ ᠢᠶᠠᠨ ᠭᠠᠵᠠᠷ ᠭᠢᠰᠬᠢᠯᠡᠭᠰᠡᠨ ᠢᠶᠡᠷ ᠬᠥᠷᠦᠰ ᠢ ᠢᠯᠡ ᠭᠠᠷᠭᠠᠵᠤ᠂ ᠱᠣᠲᠯᠠᠨ ᠳᠤ ᠨᠠᠷᠠᠰᠤ ᠭᠡᠬᠦ ᠮᠡᠲᠦ ᠤᠷᠭᠤᠮᠠᠯ ᠤᠨ ᠦᠷ᠎ᠡ ᠰᠣᠶᠣᠭᠠᠯᠠᠬᠤ ᠨᠥᠬᠥᠴᠡᠯ ᠪᠦᠷᠢᠳᠦᠭᠦᠯᠳᠡᠭ᠃ ᠡᠪᠡᠰᠦ ᠢᠳᠡᠭᠰᠡᠨ ᠢᠶᠡᠷ ᠢᠶᠡᠨ ᠤᠷᠭᠤᠮᠠᠯ ᠤᠨ ᠵᠦᠢᠯ ᠦᠨ ᠣᠯᠤᠭ ᠶᠠᠩᠵᠤ ᠪᠠᠶᠢᠳᠠᠯ ᠪᠠᠶᠠᠵᠢᠬᠤ ᠳᠤ ᠲᠤᠰᠠᠲᠠᠢ ᠪᠠᠶᠢᠳᠠᠭ᠃ ᠪᠤᠭᠤ ᠵᠠᠳᠠᠭᠠᠢ ᠭᠠᠵᠠᠷ ᠤᠨ ᠪᠠᠶᠢᠭᠠᠯᠢ ᠣᠷᠴᠢᠨ ᠳᠤ ᠪᠠᠰᠠ ᠴᠢᠬᠤᠯᠠ ᠡᠭᠦᠷᠭᠡ ᠲᠡᠢ᠃ ᠱᠣᠲᠯᠠᠨ᠋ᠳ᠋ ᠍ ᠤᠨ ᠥᠨᠳᠦᠷᠯᠢᠭ ᠨᠤᠲᠤᠭ ᠲᠤ ᠡᠨᠡ ᠨᠢ Pluvialis apricaria᠂ ᠬᠠᠷ᠎ᠠ ᠬᠡᠪᠡᠯᠢ ᠳᠦ (Calidris alpina) ᠵᠡᠷᠭᠡ ᠬᠣᠪᠣᠷ ᠵᠦᠢᠯᠡᠰ ᠢ ᠳᠡᠮᠵᠢᠬᠦ ᠴᠢᠬᠤᠯᠠ ᠡᠻᠣᠰᠢᠰᠲ᠋ᠧᠮ ᠪᠣᠯᠳᠠᠭ᠃

ᠪᠤᠭᠤ ᠶᠢᠨ ᠲᠣᠭ᠎ᠠ ᠲᠣᠯᠣᠭᠠᠢ ᠶᠡᠬᠡ ᠨᠥᠬᠥᠴᠡᠯ ᠳᠦ ᠤᠷᠭᠤᠮᠠᠯᠠᠰᠢᠯ ᠳᠤ ᠶᠡᠬᠡᠬᠡᠨ ᠨᠦᠯᠦᠭᠡᠯᠡᠬᠦ ᠪᠠ ᠮᠣᠳᠣᠯᠢᠭ᠂ ᠡᠪᠡᠰᠦᠯᠡᠭ ᠤᠷᠭᠤᠮᠠᠯ ᠤᠨ ᠠᠯᠢ ᠠᠯᠢᠨ ᠤ ᠨᠥᠬᠥᠨ ᠰᠡᠷᠭᠦᠬᠦ ᠶᠢ ᠤᠳᠠᠭᠠᠰᠢᠷᠠᠭᠤᠯᠤᠨ᠎ᠠ᠃ ᠲᠡᠷᠡ ᠪᠠᠶᠢᠲᠤᠭᠠᠢ ᠱᠣᠲᠯᠠᠨ ᠳᠤ ᠨᠠᠷᠠᠰᠤ (Pinus sylvestris)᠂ ᠬᠤᠰᠤ (Betula spp.)᠂ ᠠᠷᠴᠠ (Juniperus communis) ᠵᠡᠷᠭᠡ ᠤᠷᠭᠤᠮᠠᠯ ᠨᠥᠬᠥᠨ ᠤᠷᠭᠤᠬᠤ ᠦᠭᠡᠢ ᠳᠦ ᠬᠦᠷᠡᠨ᠎ᠡ. Coille Ruigh ᠭᠡᠬᠦ ᠵᠡᠷᠭᠡ ᠬᠠᠰᠢᠶᠠᠯᠠᠭᠰᠠᠨ ᠲᠠᠯᠠᠪᠠᠢ ᠳᠤ 1990 ᠣᠨ ᠠᠴᠠ ᠬᠣᠶᠢᠰᠢ ᠤᠷᠭᠤᠮᠠᠯ ᠬᠡᠷᠬᠢᠨ ᠬᠡᠲᠦ ᠶᠡᠬᠡ ᠲᠣᠭ᠎ᠠ ᠲᠠᠢ ᠪᠤᠭᠤ ᠶᠢᠨ ᠨᠥᠯᠥᠭᠡ ᠪᠡᠷ ᠳᠠᠷᠤᠩᠭᠤᠶᠢᠯᠠᠭᠳᠠᠳᠠᠭ ᠨᠢ ᠠᠵᠢᠭᠯᠠᠭᠳᠠᠭᠰᠠᠨ᠃ ᠤᠷᠢᠳᠤ ᠴᠠᠭ ᠲᠤ ᠪᠠᠶᠢᠭᠠᠯ ᠤᠨ ᠴᠢᠨᠣ᠎ᠠ (Canis lupus) ᠵᠡᠷᠭᠡ ᠮᠢᠬᠠᠴᠢᠨ ᠠᠮᠢᠲᠠᠳ ᠤᠨ ᠨᠥᠯᠦᠭᠡ ᠪᠡᠷ ᠬᠠᠯᠢᠭᠤᠨ ᠪᠤᠭᠤ ᠶᠢᠨ ᠲᠣᠭ᠎ᠠ ᠲᠣᠯᠣᠭᠠᠢ ᠵᠣᠬᠢᠰᠲᠠᠢ ᠬᠡᠮᠵᠢᠶᠡᠨ ᠳᠦ ᠪᠠᠷᠢᠭᠳᠠᠳᠠᠭ ᠪᠠᠶᠢᠭᠰᠠᠨ᠃ ᠮᠥᠨ ᠰᠢᠯᠦᠭᠦᠰᠦ (Lynx lynx)᠂ ᠬᠦᠷᠡᠩ ᠪᠠᠭᠠᠪᠠᠭᠠᠢ (Ursus arctos) ᠢᠯᠡ᠂ ᠵᠣᠷᠭᠣᠯ ᠢ ᠨᠢ ᠪᠠᠷᠢᠳᠠᠭ ᠪᠠᠶᠢᠴᠠᠢ᠃ ᠡᠳᠡᠭᠡᠷ ᠮᠢᠬᠠᠴᠢᠨ ᠠᠮᠢᠲᠠᠳ ᠪᠤᠭᠤ ᠶᠢᠨ ᠰᠦᠷᠦᠭ ᠡᠴᠡ ᠬᠥᠭᠰᠢᠨ᠂ ᠳᠣᠷᠣᠢ ᠶᠢ ᠨᠢ ᠪᠠᠷᠢᠵᠤ ᠢᠳᠡᠨ ᠴᠡᠪᠡᠷᠯᠡᠭᠡ ᠬᠢᠵᠦ᠂ ᠡᠷᠡᠭᠦᠯᠵᠢᠭᠦᠯᠵᠦ᠂ ᠫᠣᠫᠦᠶᠢᠯᠢᠶᠠᠼ ᠢ ᠴᠢᠭᠢᠷᠠᠭ ᠪᠣᠯᠭᠠᠳᠠᠭ ᠪᠠᠶᠢᠪᠠ᠃ ᠱᠣᠲᠯᠠᠨ᠋ᠳ᠋ ᠍ ᠲᠤ ᠡᠳᠡᠭᠡᠷ ᠠᠷᠢᠶᠠᠲᠠᠨ ᠨᠢᠭᠡᠨᠲᠡ ᠤᠰᠠᠳᠬᠠᠭᠳᠠᠭᠰᠠᠨ ᠢᠶᠠᠷ ᠪᠤᠭᠤ ᠶᠢᠨ ᠫᠣᠫᠦᠶᠢᠯᠢᠶᠠᠼ ᠤᠨ ᠡᠷᠡᠭᠦᠯ ᠮᠡᠨᠳᠦ ᠬᠡᠪ ᠦᠨ ᠡᠻᠣᠰᠢᠰᠲ᠋ᠧᠮ ᠳᠦ ᠪᠠᠶᠢᠭᠰᠠᠨ ᠠᠴᠠ ᠳᠣᠷᠣᠶᠢᠲᠠᠭᠰᠠᠨ᠃ ᠬᠦᠮᠦᠨ ᠪᠤᠭᠤ ᠶᠢ ᠠᠩᠨᠠᠭᠰᠠᠭᠠᠷ ᠢᠷᠡᠭᠰᠡᠨ ᠬᠡᠳᠦᠢ ᠴᠤ ᠪᠠᠶᠢᠭᠠᠯ ᠤᠨ ᠮᠢᠬᠠᠴᠢᠨ ᠤ ᠡᠭᠦᠷᠭᠡ ᠶᠢ ᠣᠷᠣᠯᠠᠵᠤ ᠴᠢᠳᠠᠬᠤ ᠦᠭᠡᠢ᠃ ᠤᠷᠢᠳᠠ ᠠᠩᠴᠢᠳ ᠰᠠᠶᠢᠬᠠᠨ ᠡᠪᠡᠷ ᠣᠯᠵᠠᠯᠠᠬᠤ ᠵᠣᠷᠢᠯᠭ᠎ᠠ ᠪᠠᠷ ᠠᠯᠢ ᠡᠷᠡᠭᠦᠯ ᠴᠢᠭᠢᠷᠠᠭ ᠡᠷ᠎ᠡ ᠪᠤᠭᠤ ᠶᠢ ᠣᠨᠢᠯᠠᠳᠠᠭ᠂ ᠰᠤᠯᠠ ᠳᠣᠷᠣᠢ᠂ ᠰᠣᠭᠣ ᠰᠡᠯᠲᠡ ᠶᠢ ᠣᠷᠬᠢᠳᠠᠭ ᠪᠠᠶᠢᠭᠰᠠᠨ᠃ ᠢᠩᠭᠢᠭᠰᠡᠨ ᠢᠶᠡᠷ ᠰᠦᠷᠦᠭ ᠦᠨ ᠪᠦᠲᠦᠴᠡ ᠳᠦ ᠰᠥᠷᠭᠡᠷ᠎ᠡ ᠨᠥᠯᠥᠭᠡᠯᠡᠬᠦ ᠶᠢᠨ ᠵᠡᠷᠭᠡᠴᠡᠭᠡ ᠲᠣᠭ᠎ᠠ ᠲᠣᠯᠣᠭᠠᠢ ᠥᠰᠬᠦ ᠳᠦ ᠪᠠᠰᠠ ᠨᠡᠮᠡᠷᠢ ᠪᠣᠯᠤᠭᠰᠠᠨ᠃ ᠡᠨᠡ ᠪᠠᠶᠢᠳᠠᠯ ᠢ ᠵᠠᠰᠠᠬᠤ ᠡᠭᠦᠳᠡᠨ ᠡᠴᠡ ᠰᠣᠭᠣ ᠪᠣᠯᠤᠨ ᠵᠠᠭᠠᠵᠠ ᠠᠮᠢᠲᠠᠳ ᠢ ᠢᠯᠡᠭᠦᠦ ᠲᠡᠢ ᠠᠩᠨᠠᠬᠤ ᠲᠣᠭ᠎ᠠ ᠲᠣᠭᠲᠠᠭᠠᠭᠰᠠᠨ᠃ ᠡᠳᠦᠭᠡ ᠠᠩᠴᠢᠳ ᠵᠠᠭᠠᠵᠠ ᠠᠮᠢᠲᠠᠳ ᠢ ᠰᠣᠩᠭᠣᠨ ᠠᠩᠨᠠᠬᠤ ᠵᠢᠷᠤᠮ ᠢᠶᠠᠷ ᠡᠷ᠎ᠡ ᠪᠤᠭᠤ ᠶᠢᠨ ᠡᠷᠡᠭᠦᠯ ᠮᠡᠨᠳᠦ᠂ ᠬᠦᠴᠦ ᠲᠡᠪᠡᠭᠡᠷᠡᠭ ᠢ ᠬᠠᠩᠭᠠᠬᠤ ᠶᠢ ᠵᠣᠷᠢᠬᠤ ᠪᠣᠯᠤᠭᠰᠠᠨ ᠬᠡᠳᠦᠢ ᠴᠤ ᠰᠣᠭᠣᠨ ᠠᠴᠠ ᠵᠠᠭᠠᠵᠠᠯᠠᠬᠤ ᠬᠡᠴᠡᠭᠦᠦ ᠪᠠᠶᠢᠨ᠎ᠠ᠃ ᠰᠣᠭᠣ ᠶᠢ ᠴᠢᠰᠤᠨ ᠡᠪᠡᠷ ᠢᠶᠡᠷ ᠨᠢ ᠢᠯᠭᠠᠬᠤ ᠪᠣᠯᠤᠮᠵᠢ ᠦᠭᠡᠢ ᠲᠤᠯᠠ ᠵᠦᠭᠡᠷ ᠯᠠ ᠰᠤᠯᠠ ᠳᠣᠷᠣᠢ ᠶᠢ ᠨᠢ ᠣᠨᠢᠯᠠᠵᠤ ᠠᠩᠨᠠᠵᠤ ᠪᠠᠶᠢᠨ᠎ᠠ᠃ ᠤᠷᠢᠳᠤ ᠪᠤᠭᠤ ᠴᠢᠨᠣ᠎ᠠ ᠡᠭᠦᠷᠯᠡᠭᠰᠡᠨ ᠨᠤᠲᠤᠭ ᠤᠳ ᠠᠴᠠ ᠪᠥᠷᠢᠨ ᠳᠠᠶᠢᠵᠢᠵᠤ᠂ ᠲᠡᠷᠡ ᠨᠤᠲᠤᠭ ᠲᠤ ᠨᠢ ᠮᠣᠳᠣ ᠤᠷᠭᠤᠮᠠᠯ ᠨᠥᠬᠦᠨ ᠰᠡᠷᠭᠦᠳᠡᠭ ᠪᠠᠶᠢᠭᠰᠠᠨ ᠪᠣᠯ ᠠᠩᠨᠠᠭᠤᠷ ᠨᠢ ᠪᠠᠶᠢᠭᠠᠯ ᠤᠨ ᠡᠨᠡᠬᠦ ᠵᠣᠬᠢᠴᠠᠭᠤᠯᠤᠯᠲᠠ ᠶᠢ ᠣᠷᠣᠯᠠᠵᠤ ᠴᠢᠳᠠᠬᠤ ᠦᠭᠡᠢ ᠪᠠᠶᠢᠨ᠎ᠠ᠃ ᠪᠠᠶᠢᠭᠠᠯ ᠤᠨ ᠰᠢᠯᠲᠠᠭᠠᠨ ᠢᠶᠠᠷ ᠦᠬᠦᠭᠰᠡᠨ ᠪᠤᠭᠤ ᠰᠡᠭᠡᠷ᠎ᠡ ᠬᠣᠭᠣᠯᠠᠯᠠᠭᠴᠢ ᠠᠮᠢᠲᠠᠳ ᠲᠤ ᠴᠢᠬᠤᠯᠠ ᠲᠡᠵᠢᠭᠡᠯ ᠪᠣᠯᠳᠠᠭ᠃ ᠮᠢᠬᠠᠴᠢᠨ ᠠᠮᠢᠲᠠᠨ ᠪᠤᠭᠤ ᠪᠠᠷᠢᠬᠤ᠂ ᠠᠩᠴᠢᠳ ᠪᠤᠭᠤ ᠶᠢ ᠠᠩᠨᠠᠬᠤ ᠶᠢᠨ ᠪᠠᠰᠠ ᠨᠢᠭᠡ ᠢᠯᠭᠠᠭ᠎ᠠ ᠨᠢ᠂ ᠮᠢᠬᠠᠴᠢᠨ ᠠᠮᠢᠲᠠᠳ ᠪᠤᠭᠤ ᠪᠠᠷᠢᠭᠰᠠᠨ ᠢᠶᠠᠷ ᠪᠤᠭᠤ ᠶᠢᠨ ᠪᠢᠣᠮᠠᠰ ᠮᠢᠬᠠᠴᠢᠨ ᠴᠢᠨᠣ᠎ᠠ ᠪᠠ ᠰᠡᠭ ᠢᠳᠡᠰᠢᠲᠡᠨ ᠠᠮᠢᠲᠠᠳ ᠤᠨ ᠲᠡᠵᠢᠭᠡᠯ ᠪᠣᠯᠵᠤ ᠡᠻᠣᠰᠢᠰᠲ᠋ᠧᠮ ᠳᠦ ᠪᠡᠨ ᠦᠯᠡᠳᠡᠳᠡᠭ ᠪᠠᠶᠢᠴᠠᠢ᠃ ᠬᠠᠷᠢᠨ ᠠᠩᠴᠢᠳ ᠠᠩᠨᠠᠭᠰᠠᠨ ᠢᠶᠠᠷ ᠲᠡᠷᠬᠡᠦ ᠪᠢᠣᠮᠠᠰ ᠢ ᠪᠦᠬᠦᠯᠢ ᠪᠡᠷ ᠨᠢ ᠪᠠᠶᠢᠭᠠᠯᠢ ᠠᠴᠠ ᠪᠤᠯᠢᠶᠠᠨ ᠠᠪᠴᠤ᠂ ᠮᠢᠬ᠎ᠠ ᠶᠢ ᠵᠠᠷᠤᠵᠤ ᠪᠣᠷᠣᠯᠠᠭᠤᠯᠳᠠᠭ ᠪᠠᠶᠢᠨ᠎ᠠ᠃ ᠡᠶᠢᠨᠬᠦᠦ ᠱᠣᠲᠯᠠᠨ᠋ᠳ᠋ ᠍ ᠤᠨ ᠥᠨᠳᠥᠷᠯᠢᠭ ᠦᠨ ᠡᠻᠣᠰᠢᠰᠲ᠋ᠧᠮ ᠡᠴᠡ ᠪᠢᠣᠮᠠᠰ᠂ ᠲᠡᠵᠢᠭᠡᠯ ᠠᠯᠳᠠᠭᠳᠠᠵᠤ᠂ ᠶᠠᠳᠠᠭᠤᠷᠠᠳᠠᠭ ᠪᠠᠶᠢᠨ᠎ᠠ᠃ ᠬᠠᠯᠢᠭᠤᠨ ᠪᠤᠭᠤ ᠶᠢᠨ ᠰᠡᠭ ᠨᠢ ᠴᠠᠷᠮ᠎ᠠ ᠶᠢᠨ ᠪᠦᠷᠭᠦᠳ᠂ ᠦᠨᠡᠭᠡ᠂ ᠰᠠᠷ᠎ᠠ (Buteo buteo)᠂ ᠬᠣᠩ ᠬᠡᠷᠢᠶ᠎ᠡ (Corvus corax)᠂ ᠳᠣᠷᠣᠭᠣ (Meles meles) ᠵᠡᠷᠭᠡ ᠰᠡᠭᠡᠷ᠎ᠡ ᠬᠣᠭᠣᠯᠠᠯᠠᠭᠴᠢ ᠠᠮᠢᠲᠠᠳ ᠤᠨ ᠬᠦᠨᠡᠰᠦᠨ ᠦ ᠴᠢᠬᠤᠯᠠ ᠡᠭᠦᠰᠪᠦᠷᠢ ᠪᠣᠯᠳᠠᠭ. Strathglass ᠨᠤᠲᠤᠭ ᠲᠤ ᠬᠢᠭᠰᠡᠨ ᠰᠤᠳᠤᠯᠭᠠᠨ ᠠᠴᠠ ᠦᠵᠡᠬᠦ ᠳᠦ ᠣᠢ ᠶᠢᠨ ᠰᠤᠤᠰᠠᠷ ᠤᠨ (Martes martes) ᠨᠡᠶᠢᠲᠡ ᠬᠦᠨᠡᠰᠦᠨ ᠦ ᠪᠠᠷᠤᠭ ᠭᠤᠷᠪᠠᠨ ᠤ ᠨᠢᠭᠡ ᠨᠢ ᠰᠡᠭ ᠪᠠᠶᠢᠬᠤ ᠪᠠ ᠲᠡᠷᠬᠡᠦ ᠰᠡᠭ ᠦᠨ 99% ᠨᠢ ᠪᠤᠭᠤ ᠶᠢᠨ ᠬᠢ ᠪᠠᠶᠢᠳᠠᠭ ᠠᠵᠢ᠃ ᠪᠤᠭᠤ ᠶᠢᠨ ᠰᠡᠭᠡ ᠪᠠᠰᠠ ᠣᠯᠠᠨ ᠶᠠᠩᠵᠤ ᠶᠢᠨ ᠰᠡᠭᠡᠷ ᠨᠢᠷᠤᠭᠤ ᠦᠭᠡᠢ ᠠᠮᠢᠲᠠᠳ ᠤᠨ ᠲᠡᠵᠢᠭᠡᠯ ᠪᠣᠯᠤᠨ᠎ᠠ᠃ ᠪᠤᠭᠤ ᠶᠢᠨ ᠢᠯᠭᠠᠳᠠᠰᠤ ᠨᠢ ᠣᠯᠠᠨ ᠵᠦᠢᠯ ᠦᠨ ᠮᠥᠭᠥ ᠤᠷᠭᠤᠬᠤ ᠲᠡᠵᠢᠭᠡᠯᠯᠢᠭ ᠣᠷᠴᠢᠨ ᠡᠭᠦᠰᠬᠡᠳᠡᠭ᠃ ᠤᠨᠠᠭᠰᠠᠨ ᠴᠢᠰᠤᠨ ᠡᠪᠡᠷ ᠨᠢ ᠣᠭᠣᠲᠣᠨ᠎ᠠ (Apodemus sylvaticus)᠂ ᠦᠯᠦ ᠶᠢᠨ ᠣᠭᠣᠲᠣᠨ᠎ᠠ (Microtus agrestis) ᠭᠡᠬᠦ ᠮᠡᠲᠦ ᠵᠢᠵᠢᠭ ᠬᠥᠬᠥᠲᠡᠨ ᠠᠮᠢᠲᠠᠳ ᠤᠨ ᠬᠣᠭᠣᠯᠠ ᠪᠣᠯᠳᠠᠭ ᠪᠠᠶᠢᠨ᠎ᠠ᠃

ᠡᠬᠢ ᠰᠤᠷᠪᠤᠯᠵᠢ

Shirley Pottie. treesforlife.org Red deer (Ccervus Elapjus)
Paul M Dolman, Kristin Wtaber. Ecosystem and competition impacts of introduced deer. Journal Wildlife Research 35(3):202-214. 2008. www.researchgate.net