"ᠰᠧᠯᠸᠧᠷᠣᠹ᠂ ᠠᠷᠨᠣᠯᠳ᠋ ᠪᠠᠳᠮᠠᠶᠧᠸᠢᠴ"-ны өөр хувилбарууд
(Edit) |
(Edit) |

47-р мөр: | 47-р мөр: | ||
ᠰᠧᠯᠸᠧᠷᠣᠹ 1972 ᠣᠨ ᠳ᠋ᠤ ᠳᠡᠳ᠋ ᠡᠷᠳᠡᠮᠲᠡᠨ ᠦ ᠵᠡᠷᠭᠡ ᠬᠠᠮᠠᠭᠠᠯᠠᠵᠤ᠂ 1980 ᠣᠨ ᠳ᠋ᠤ ᠯᠠᠪᠣᠷᠠᠲ᠋ᠣᠷᠶ ᠢᠢᠨlaboratory ᠳᠠᠷᠤᠭ᠎ᠠ ᠪᠣᠯᠵᠡᠶ᠃ | ᠰᠧᠯᠸᠧᠷᠣᠹ 1972 ᠣᠨ ᠳ᠋ᠤ ᠳᠡᠳ᠋ ᠡᠷᠳᠡᠮᠲᠡᠨ ᠦ ᠵᠡᠷᠭᠡ ᠬᠠᠮᠠᠭᠠᠯᠠᠵᠤ᠂ 1980 ᠣᠨ ᠳ᠋ᠤ ᠯᠠᠪᠣᠷᠠᠲ᠋ᠣᠷᠶ ᠢᠢᠨlaboratory ᠳᠠᠷᠤᠭ᠎ᠠ ᠪᠣᠯᠵᠡᠶ᠃ | ||

==ᠪᠦᠲᠦᠭᠡᠯ ᠦᠳ== | |||

==ᠧᠬᠢ ᠰᠤᠷᠪᠤᠯᠵᠢ== | ==ᠧᠬᠢ ᠰᠤᠷᠪᠤᠯᠵᠢ== | ||

<References/> |
<References/> |
09:45, 20 Аравдугаар сар 2021-ий байдлаарх засвар
ᠠᠷᠨᠣᠯᠳ᠋ ᠪᠠᠳᠮᠠᠶᠧᠸᠢᠴ ᠰᠧᠯᠸᠧᠷᠣᠹ
ᠠᠷᠨᠣᠯᠳ᠋ ᠪᠠᠳᠮᠠᠶᠧᠸᠢᠴ ᠰᠧᠯᠸᠧᠷᠣᠹ ᠣᠷᠤᠰ ᠶ᠋ᠢᠠᠷ᠄ Арнольд Бадмаевич Сельверов | |

ᠲᠣᠪᠴᠢ ᠲᠠᠨᠢᠯᠴᠠᠭᠣᠯᠭ᠍ᠠ᠋ | |
ᠲᠥᠷᠦᠭᠰᠡᠨ ᠣᠩᠨᠠᠭ᠍ᠠ᠋ | 1934 ᠣᠨ ᠤ 11 ᠰᠠᠷ ᠠ᠋ ᠶ᠋ᠢᠨ 09 |
ᠲᠥᠷᠦᠭᠰᠡᠨ ᠭᠠᠴᠠᠷ | ᠮᠣᠰᠻᠸᠠ |
ᠬᠠᠷᠢᠶᠠᠯᠠᠯ | ᠵᠥᠪᠯᠡᠯᠲᠦ ᠬᠣᠯᠪᠤᠭᠠᠲᠤ ᠤᠯᠤᠰ |
ᠢᠳᠡᠪᠬᠢ ᠲᠡᠢ ᠣᠨ ᠵᠢᠯ ᠥᠳ | 1958 ᠣᠨ ᠡᠴᠡ |
ᠰᠠᠯᠪᠣᠷᠢ | ᠴᠥᠮ᠎ᠡ ᠢᠢᠨ ᠹᠢᠽᠢᠻ |
ᠪᠣᠯᠪᠠᠰᠣᠷᠠᠯ | ᠤᠯᠠᠭᠠᠨ ᠦᠳᠡ ᠬᠣᠲᠠ ᠳᠤ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ (1952 ᠋ᠣᠨ ᠋ᠳᠤ ᠲᠡᠭᠦᠰᠦᠭᠰᠡᠨ) ᠮᠣᠰᠻᠸᠠ ᠢᠢᠨ ᠹᠢᠽᠢᠻ-ᠲᠧᠻᠨᠢᠭ ᠦᠨ ᠳᠡᠭᠡᠳᠦ ᠰᠤᠷᠭᠠᠭᠤᠯᠢ (1958 ᠋ᠣᠨ ᠋ᠳᠤ ᠲᠡᠭᠦᠰᠦᠭᠰᠡᠨ) |
ᠪᠠᠢᠢᠭᠣᠯᠠᠯᠭ᠍ᠠ᠋ | ᠪᠦᠬᠦ ᠣᠷᠤᠰ ᠤᠨ ᠲᠤᠷᠰᠢᠯᠲᠠ ᠢᠢᠨ ᠹᠢᠽᠢᠻ ᠦᠨ ᠡᠷᠳᠡᠮ ᠰᠢᠨᠵᠢᠯᠡᠭᠡᠨ ᠦ ᠬᠦᠷᠢᠶᠡᠯᠡᠩ ᠳᠡᠬᠢ ᠵᠣᠬᠢᠶᠠᠨ ᠪᠦᠲᠦᠭᠡᠬᠦ ᠲᠣᠪᠴᠢᠶᠠᠨ 11 (КБ-11) |
ᠬᠣᠪᠢ ᠨᠡᠮᠡᠷᠢ | ᠲᠡᠰᠦᠷᠡᠯᠲᠡ ᠦᠭᠡᠶ ᠭᠢᠨᠵᠢᠨ ᠤᠷᠪᠠᠯ ᠤᠨ ᠠᠷᠭ᠎ᠠ ᠪᠣᠯᠪᠠᠰᠤᠷᠠᠭᠤᠯᠬᠤ ᠳᠤ ᠠᠵᠢᠯᠯᠠᠭᠰᠠᠨ᠂ ᠰᠧᠮᠢᠫᠠᠯᠠᠲ᠋ᠢᠨ᠍ᠰᠻ (Семипалатинск)᠂ ᠰᠢᠨᠡ᠋ ᠭᠠᠵᠠᠷ (Новая Земля) ᠤᠰᠤ ᠲᠥᠷᠦᠭᠴᠢ ᠢᠢᠨ ᠪᠥᠮᠪᠦᠭᠡ ᠢᠢᠨ 76 ᠲᠤᠷᠰᠢᠯᠲᠠ ᠳ᠋ᠤ ᠠᠵᠢᠯᠯᠠᠭᠰᠠᠨ[1] |
ᠵᠡᠷᠭᠡ/ᠴᠣᠯ | ᠹᠢᠽᠢᠻ-ᠮᠠᠲ᠋ᠾᠧᠮᠠᠲᠢᠭ᠌ ᠤᠨ ᠤᠬᠠᠭᠠᠨ ᠤ ᠳᠡᠳ᠋ ᠡᠷᠳᠡᠮᠲᠡᠨ (1972) |
ᠱᠠᠩᠨᠠᠯ | ᠯᠧᠨᠢᠨ ᠦ ᠨᠡᠷᠡᠮᠵᠢᠲᠦ ᠱᠠᠩᠨᠠᠯ (1969) ᠵᠥᠯᠡᠯᠲᠦ ᠬᠣᠯᠪᠤᠭᠠᠲᠤ ᠤᠯᠤᠰ ᠤᠨ ᠲᠥᠷᠦ ᠢᠢᠨ ᠱᠠᠩᠨᠠᠯ (1969᠂ 1977᠂ 1985) ᠬᠥᠳᠡᠯᠮᠦᠷᠢ ᠢᠢᠨ ᠭᠠᠪᠢᠶᠠᠨ ᠤ ᠤᠯᠠᠭᠠᠨ ᠲᠤᠭ ᠤᠨ ᠣᠳᠤᠨ (1986)[2] |
ᠨᠠᠮᠲᠠᠷ
ᠠᠷᠨᠣᠯᠳ᠋ ᠪᠠᠳᠮᠠᠶᠧᠸᠢᠴ ᠰᠧᠯᠸᠧᠷᠣᠹ 1934 ᠣᠨ ᠤ 11 ᠰᠠᠷ ᠢᠢᠨ 09 ᠳ᠋ᠦ ᠠᠯᠪᠠᠨ ᠬᠠᠭᠠᠭᠴᠢ ᠢᠢᠨ ᠭᠡᠷ ᠪᠦᠯ ᠳᠦ ᠮᠡᠨᠳᠦᠯᠡᠵᠦᠬᠦᠶ᠃ ᠲᠡᠷᠡ ᠪᠡᠷ ᠮᠣᠰᠻᠸᠠ[2] ᠬᠣᠲᠠᠨ ᠠ᠋ ᠮᠡᠨᠳᠦᠯᠡᠭᠰᠡᠨ᠂ ᠡᠰᠡᠪᠡᠯ ᠤᠯᠠᠭᠠᠨ ᠦᠳᠡ[1] ᠬᠣᠲᠠᠨ ᠠ᠋ ᠮᠡᠨᠳᠦᠯᠡᠭᠰᠡᠨ ᠲᠠᠯ᠎ᠠ ᠪᠠᠷ ᠡᠬᠢ ᠰᠤᠷᠪᠤᠯᠵᠢ ᠨᠤᠭᠤᠳ ᠵᠥᠷᠢᠵᠦ ᠪᠠᠢᠢᠨ᠎ᠠ᠃
ᠡᠴᠢᠭᠡ ᠢᠨᠦ ᠪᠠᠳᠮ᠎ᠠ ᠪᠦᠲᠲᠾᠢᠴ ᠰᠧᠯᠸᠧᠷᠣᠹ[3]Бадма Буддич Сельверов᠂ ᠡᠬᠡ ᠢᠨᠦ ᠰᠢᠷᠧᠨᠠ ᠰᠧᠯᠸᠧᠷᠣᠸᠠ (ᠱᠠᠮᠪᠤᠶᠧᠸᠠ)[4]Сирена Сельверова (Шамбуева) ᠠᠵᠡᠶ᠃
ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢ ᠠᠷᠨᠣᠯᠳ᠋ 1952 ᠣᠨ ᠳᠤ ᠤᠯᠠᠭᠠᠨ ᠦᠳᠡ ᠬᠣᠲᠠ ᠳ᠋ᠤ ᠲᠡᠭᠦᠰᠬᠡᠭᠰᠡᠨ ᠪᠠᠢᠢᠨ᠎ᠠ᠃[2]
ᠮᠣᠰᠻᠸᠠ ᠢᠢᠨ ᠹᠢᠽᠢᠻ - ᠲᠡᠻᠨᠢᠭ ᠦᠨ ᠳᠡᠭᠡᠳᠦ ᠰᠤᠷᠭᠠᠭᠤᠯᠶ ᠢᠢ ᠹᠢᠽᠢᠻᠴᠢ - ᠢᠨ᠍ᠵᠧᠨᠧᠷ ᠮᠡᠷᠭᠡᠵᠢᠯ᠂ ᠲᠧᠷᠮᠣᠳᠢᠨᠠᠮᠢᠻ ᠮᠡᠷᠭᠡᠰᠢᠯ ᠢᠢᠡᠷ ᠲᠡᠭᠦᠰᠬᠡᠭᠰᠡᠨ᠃
ᠨᠠᠰᠤ ᠪᠠᠷᠠᠭᠰᠠᠨ 2001 ᠣᠨ ᠤ 02 ᠰᠠᠷ᠎ᠠ ᠢᠢᠨ 28
ᠦᠢᠯᠡ ᠬᠡᠷᠡᠭ
ᠲᠡᠭᠦᠨ ᠢ 1958 ᠣᠨ ᠳᠤ ᠠᠯᠳᠠᠷᠲᠤ ᠵᠣᠬᠢᠶᠠᠨ ᠪᠦᠲᠦᠭᠡᠬᠦ ᠲᠣᠪᠴᠢᠶᠠᠨ 11 ᠳᠦ (КБ-11) ᠢᠨ᠍ᠵᠧᠨᠧᠷ ᠢᠢᠡᠷ ᠲᠣᠮᠢᠯᠠᠭᠰᠠᠨ ᠪᠠᠢᠢᠨ᠎ᠠ᠃
ᠵᠣᠬᠢᠶᠠᠨ ᠪᠦᠲᠦᠭᠡᠬᠦ ᠲᠣᠪᠴᠢᠶᠠᠨ 11 ᠱᠡᠷᠳᠡᠮ ᠰᠢᠨᠵᠢᠯᠡᠭᠡ ᠲᠤᠷᠰᠢᠯᠲᠠ ᠢᠢᠨ ᠨᠢᠭᠤᠴᠠ ᠪᠠᠢᠢᠭᠤᠯᠤᠯᠭ᠎ᠠ ᠪᠠᠢᠢᠭᠰᠠᠨ᠃
ᠡᠨᠡ ᠬᠦ ᠵᠣᠬᠢᠶᠠᠨ ᠪᠦᠲᠦᠭᠡᠬᠦ ᠲᠣᠪᠴᠢᠶᠠᠨ ᠢ 1946 ᠣᠨ ᠳ᠋ᠤ ᠪᠠᠢᠢᠭᠤᠯᠤᠭᠰᠠᠨ ᠪᠠ ᠡ᠊ᠨᠳᠡ ᠵᠥᠪᠯᠡᠯᠲᠦ ᠬᠣᠯᠪᠤᠭᠠᠲᠤ ᠤᠯᠤᠰ ᠠᠩᠬᠠᠨ ᠤ ᠴᠥᠮ᠎ᠡ ᠢᠢᠨ ᠵᠡᠪᠰᠡᠭ ᠢ ᠪᠣᠯᠪᠠᠰᠤᠷᠠᠭᠤᠯᠤᠭᠰᠠᠨ ᠪᠠᠢᠢᠨ᠎ᠠ᠃[5]
ᠠᠷᠨᠣᠯᠳ᠋ ᠰᠧᠯᠸᠧᠷᠣᠹ ᠡᠨᠡ ᠬᠦ ᠪᠠᠢᠢᠭᠤᠯᠤᠯᠭ᠎ᠠ ᠢᠢᠨ ᠲᠡᠰᠦᠷᠡᠯᠲᠡ ᠦᠭᠡᠶ ᠭᠢᠨᠵᠢᠨ ᠤᠷᠪᠠᠯ ᠤᠨ ᠠᠷᠭᠠᠴᠢᠯᠠᠯ ᠢ ᠪᠣᠯᠪᠠᠰᠤᠷᠠᠭᠤᠯᠵᠤ ᠪᠠᠢᠢᠭᠰᠠᠨ "20 ᠳᠤᠭᠠᠷ ᠬᠡᠯᠲᠡᠰ"ᠲᠦ ᠬᠤᠪᠢᠶᠠᠷᠢᠯᠠᠭᠳᠠᠵᠡᠢ᠃
ᠮᠥᠨ ᠣᠨ ᠤ ᠨᠠᠮᠤᠷ ᠲᠡᠷᠡ ᠪᠡᠷ ᠠᠩᠬᠠᠨ ᠤ ᠲᠥᠬᠥᠭᠡᠷᠦᠮᠵᠢ ᠨᠦᠭᠦᠳ ᠢ ᠲᠤᠷᠰᠢᠬᠤ ᠪᠠᠷ ᠠᠯᠤᠰ ᠬᠣᠯᠠ ᠶᠢᠨ ᠲᠤᠷᠰᠢᠯᠲᠠ ᠶᠢᠨ ᠲᠠᠯᠠᠪᠤᠷ ᠲᠤ ᠣᠴᠢᠵᠤ ᠠᠵᠢᠯᠯᠠᠪᠠ᠃
ᠲᠥᠬᠦᠭᠡᠷᠦᠮᠵᠢ ᠶᠢᠨ ᠲᠣᠭᠠᠴᠠᠭᠠᠯᠠᠯ᠂ ᠣᠨᠣᠯ ᠤᠨ ᠦᠨᠳᠦᠰᠦᠯᠡᠯ ᠳᠦ ᠲᠠᠯᠪᠢᠭᠳᠠᠭᠰᠠᠨ ᠥᠨᠳᠦᠷ ᠱᠠᠭᠠᠷᠳᠠᠯᠭ᠎ᠠ᠂ ᠠᠯᠤᠰ ᠬᠣᠯᠠ ᠶᠢᠨ ᠲᠤᠷᠰᠢᠯᠲᠠ ᠶᠢᠨ ᠲᠠᠯᠠᠪᠤᠷ ᠲᠤ ᠬᠡᠷᠡᠭᠵᠢᠭᠦᠯᠬᠦ ᠨᠠᠷᠢᠨ ᠲᠥᠪᠡᠭᠲᠡᠢ ᠠᠰᠠᠭᠤᠳᠠᠯ ᠤᠳ ᠲᠤ ᠠᠷᠨᠣᠯᠳ᠋ ᠪᠦᠬᠦᠢ ᠯᠠ ᠡᠷᠴᠢ ᠬᠦᠴᠦ᠂ ᠤᠷ᠎ᠠ ᠴᠢᠳᠠᠪᠤᠷᠢ ᠪᠠᠨ ᠳᠠᠶ᠋ᠢᠴᠢᠯᠠᠨ ᠠᠵᠢᠯᠯᠠᠭᠰᠠᠨ ᠪᠠᠶ᠋ᠢᠨ᠎ᠠ᠃[2]
ᠰᠧᠯᠸᠧᠷᠣᠹ 1972 ᠣᠨ ᠳ᠋ᠤ ᠳᠡᠳ᠋ ᠡᠷᠳᠡᠮᠲᠡᠨ ᠦ ᠵᠡᠷᠭᠡ ᠬᠠᠮᠠᠭᠠᠯᠠᠵᠤ᠂ 1980 ᠣᠨ ᠳ᠋ᠤ ᠯᠠᠪᠣᠷᠠᠲ᠋ᠣᠷᠶ ᠢᠢᠨlaboratory ᠳᠠᠷᠤᠭ᠎ᠠ ᠪᠣᠯᠵᠡᠶ᠃
ᠪᠦᠲᠦᠭᠡᠯ ᠦᠳ
ᠧᠬᠢ ᠰᠤᠷᠪᠤᠯᠵᠢ
- ↑ 1.0 1.1 Сельверов Арнольд Бадмаевич (19 ноября 1934 – 28 февраля 2001) лауреат Государственной премии СССР http://niznov-nekropol.ucoz.ru/index/selverov_a_b/0-2260
- ↑ 2.0 2.1 2.2 2.3 А.А.Демидов. 23.11.2019 Один из первых «НЦР-щиков» (К 85-летию А. Б. Сельверова) http://sarpust.ru/2019/11/odin-iz-pervyh-ntsr-shhikov-k-85-letiyu-a-b-selverova
- ↑ Geni https://www.geni.com/people/%D0%91%D0%B0%D0%B4%D0%BC%D0%B0-%D0%A1%D0%B5%D0%BB%D1%8C%D0%B2%D0%B5%D1%80%D0%BE%D0%B2/6000000007242359072
- ↑ Geni https://www.geni.com/people/%D0%A1%D0%B8%D1%80%D0%B5%D0%BD%D0%B0-%D0%A1%D0%B5%D0%BB%D1%8C%D0%B2%D0%B5%D1%80%D0%BE%D0%B2%D0%B0/6000000007242624641?through=6000000007242359072
- ↑ 9 апреля 1946 года создано КБ-11, разработавшее первую советскую атомную бомбу. 2017. Форпост Северо-Запад. https://forpost-sz.ru/a/2017-04-09/9-aprelya-1946-goda-sozdano-kb-11-razrabotavshee-pervuyu-sovetskuyu-atomnuyu-bombu