"Янгир"-ны өөр хувилбарууд

Wikibilig-с
б (Уул гэх үгийг засав /уул -> агула/)
(Өөрчлөлт алга)

10:30, 25 Арваннэгдүгээр сар 2019-ий байдлаарх засвар

ᠶᠠᠩᠭᠢᠷ ᠣᠯᠠᠨ ᠠᠮᠢᠲᠠᠨ ᠤ ᠣᠯᠠᠨ ᠵᠦᠢᠯ ᠦᠨ ᠬᠤᠪᠢ ᠳᠤ ᠴᠢᠬᠤᠯᠠ ᠠᠨ ᠨᠢ ᠪᠠᠶᠢᠳᠠᠭ. Fedosenko, Blank ᠨᠠᠷ ᠨᠢᠭᠡᠨ ᠢᠷᠪᠢᠰ ᠦᠨ ᠠᠨ ᠭᠥᠷ ᠢᠶᠡᠨ ᠬᠢᠵᠦ ᠶᠠᠪᠤᠭᠰᠠᠨ 14 ᠻᠢᠯᠣᠮᠧᠲ᠋ᠷ ᠵᠠᠮ ᠳᠤ 30 ᠶᠠᠩᠭᠢᠷ ᠤᠨ ᠰᠡᠭ ᠵᠡᠮ ᠢᠯᠡᠷᠡᠭᠦᠯᠵᠡᠢ᠃ ᠢᠷᠪᠢᠰ ᠪᠣᠯ ᠶᠠᠩᠭᠢᠷ ᠢ ᠬᠠᠮᠤᠭ ᠤᠨ ᠶᠡᠬᠡ ᠠᠩᠨᠠᠳᠠᠭ ᠮᠢᠬᠠᠴᠢᠨ ᠶᠤᠮ᠃ ᠶᠠᠩᠭᠢᠷ ᠡᠻᠲ᠋ᠣᠫᠠᠷᠠᠽᠢᠲ ᠪᠠ ᠡᠩᠳᠣᠫᠠᠷᠠᠽᠢᠲ ᠣᠯᠠᠨ ᠣᠷᠭᠠᠨᠢᠰᠮ ᠤᠨ ᠵᠦᠢᠯ ᠢ ᠠᠭᠤᠯᠠᠳᠠᠭ᠃ ᠡᠻᠲ᠋ᠣᠫᠠᠷᠠᠽᠢᠲ ᠲᠠᠢ ᠲᠤᠯᠠ ᠱᠠᠭᠠᠵᠠᠭᠠᠢ (Pica pica) ᠪᠣᠯᠤᠨ ᠪᠤᠰᠤᠳ ᠰᠢᠪᠠᠭᠤᠳ ᠲᠠᠢ ᠰᠢᠮᠪᠢᠣᠽ ᠬᠠᠷᠢᠯᠴᠠᠭ᠎ᠠ ᠡᠭᠦᠰᠳᠡᠭ᠃ ᠲᠡᠳᠡᠭᠡᠷ ᠰᠢᠪᠠᠭᠤᠳ ᠨᠢ ᠶᠠᠩᠭᠢᠷ ᠤᠨ ᠪᠡᠶ᠎ᠡ ᠳᠡᠭᠡᠷᠡᠬᠢ ᠬᠦᠨᠡᠰᠦ ᠶᠢ ᠢᠳᠡᠬᠦ ᠪᠠ ᠬᠠᠷᠢᠨ ᠶᠠᠩᠭᠢᠷ ᠡᠶᠢᠮᠦ ᠠᠷᠭ᠎ᠠ ᠪᠠᠷ ᠪᠡᠶ᠎ᠡ ᠪᠡᠨ ᠴᠡᠪᠡᠷᠯᠡᠭᠦᠯᠵᠦ᠂ ᠢᠩᠭᠢᠵᠦ ᠬᠠᠷᠢᠯᠴᠠᠨ ᠪᠡᠶ᠎ᠡ ᠪᠡᠶᠡᠳᠡᠭᠡ ᠲᠤᠰᠠᠲᠠᠢ ᠠᠮᠢᠳᠤᠷᠠᠳᠠᠭ ᠪᠠᠶᠢᠨ᠎ᠠ᠃ ᠲᠠᠷᠬᠠᠨ ᠪᠡᠯᠴᠢᠭᠡᠷᠯᠡᠳᠡᠭ ᠨᠤᠲᠤᠭ ᠲᠤ ᠪᠠᠨ ᠶᠠᠩᠭᠢᠷ ᠡᠪᠡᠰᠦ ᠨᠣᠭᠣᠭ᠎ᠠ ᠢᠳᠡᠵᠦ᠂ ᠤᠷᠭᠤᠮᠠᠯᠠᠰᠢᠯ ᠳᠤ ᠨᠥᠯᠦᠭᠡᠯᠡᠳᠡᠭ᠃ ᠲᠤᠬᠠᠢ ᠶᠢᠨ ᠠᠭᠣᠯᠠ ᠤᠨ ᠪᠥᠰᠡ ᠳᠦ ᠠᠮᠢᠳᠤᠷᠠᠭᠴᠢ ᠪᠤᠰᠤᠳ ᠲᠤᠷᠤᠭᠤᠲᠠᠨ ᠠᠮᠢᠲᠠᠨ ᠤ ᠵᠦᠢᠯ ᠦᠳ ᠲᠡᠢ ᠪᠡᠯᠴᠢᠭᠡᠷ ᠨᠢ ᠳᠠᠪᠬᠤᠴᠠᠬᠤ ᠨᠢ ᠬᠣᠪᠣᠷ ᠤᠴᠢᠷ ᠠᠴᠠ ᠨᠣᠴᠢᠲᠠᠢ ᠥᠷᠢᠰᠦᠯᠳᠦᠳᠡᠭ ᠦᠭᠡᠢ᠃