"ᠡᠰᠡᠷᠬᠦ ᠪᠢᠢ ‍ᠡ᠋"-ны өөр хувилбарууд
Wikibilig-с
No edit summary
(Edit)
1-р мөр: 1-р мөр:
__TOC__
__TOC__
ᠡᠰᠡᠷᠬᠦ
ᠪᠢᠢ ‍ᠡ᠋
22:10, 4 Есдүгээр сар 2020-ий байдлаарх засвар
ᠡᠰᠡᠷᠬᠦ
ᠪᠢᠢ ‍ᠡ᠋
ᠡᠰᠡᠷᠬᠦ ᠪᠢᠢ᠎‍ ᠎‍ᠡ᠋᠂ ᠥᠭᠡᠷ ‍ᠡ᠋ ᠪᠠᠷ ᠬᠡᠯᠡᠪᠡᠯ ᠢᠮᠦ᠋ᠨᠣᠭᠯᠣᠪᠤᠯᠢᠨ (Immunoglobulin,ᠳᠤᠪᠴᠢ ᠪᠠᠷ lg)ᠭᠡᠭᠴᠢ ᠨᠢ ᠪᠢᠶ ‍ᠡ᠋ ‍ᠢᠢᠨ ᠳᠣᠲᠤᠭᠠᠳᠤ ᠡᠰ ᠨᠦᠭᠦᠳ ᠡᠴᠡ ᠡᠭᠦᠰᠳᠡᠭ ᠲᠣᠮᠤ᠂ Y ᠬᠡᠯᠪᠡᠷᠢ ᠲᠡᠢ ᠤᠭᠤᠷᠠᠭ ᠬᠢᠭᠡᠳ ᠳᠠᠷᠬᠠᠯᠠᠭᠠᠨ ‍ᠤ ᠲᠣᠭᠲᠠᠯᠴᠠᠭᠠᠨ ‍ᠳᠤ ᠦᠯᠡᠮᠵᠢ ᠴᠢᠬᠤᠯᠠ ᠤᠭᠤᠷᠠᠭ ᠶᠣᠮ᠃ ᠦᠯᠢᠭᠡᠷᠯᠡᠪᠡᠯ᠄ ᠭᠠᠳᠠᠨ᠎‍ᠠ᠋ ᠡᠴᠠ ᠣᠷᠤᠵᠤ ᠢᠷᠡᠭᠰᠡᠨ ᠨᠢᠩ᠂ ᠬᠣᠷᠤᠤ ᠵᠡᠷᠭᠡ ᠡᠮᠭᠡᠭ ᠲᠥᠷᠦᠭᠴᠢᠳ ‍ᠢ ᠰᠠᠭᠠᠷᠮᠠᠭᠵᠢᠭᠤᠯᠳᠠᠭ᠃ ᠡᠰᠡᠷᠬᠦ ᠪᠢᠶ ‍ᠡ᠋ ᠨᠢ 〔〔ᠡᠰᠡᠷᠬᠦ ᠲᠦᠷᠦᠭᠴᠢ ᠲᠡᠢ ᠬᠣᠯᠪᠤᠭᠳᠠᠬᠤ ᠬᠢᠷᠴᠢᠮ〕〕ᠬᠡᠮᠡᠬᠦ ᠦᠪᠡᠷᠮᠡᠴᠡ ᠬᠡᠰᠡᠭ ‍ᠦᠨ ᠲᠤᠰᠠᠯᠠᠮᠵᠢᠲᠠᠢ ᠪᠠᠷ ᠡᠰᠡᠷᠬᠦ ᠪᠢᠶ ‍ᠡ᠋ ‍ᠢᠢ ᠲᠠᠨᠢᠨ᠂ ᠲᠡᠭᠦᠨ ᠲᠡᠢ ᠬᠣᠯᠪᠤᠭᠳᠠᠳᠠᠭ ᠪᠢᠯᠡ᠃ ᠡᠰᠡᠷᠬᠦ ᠪᠢᠶ ‍ᠡ᠋ ‍ᠢᠢᠨ ᠦᠵᠦᠭᠦᠷ ᠪᠦᠷᠢ ‍ᠳᠦ ᠫᠠᠷᠠᠲ᠋ᠣᠫ ᠪᠤᠶᠤ ᠬᠡᠮ ᠬᠢᠷᠴᠢᠮ ᠪᠠᠶᠢᠷᠢᠯᠠᠬᠤ ᠪᠠ ᠬᠠᠷᠢᠨ ᠡᠰᠡᠷᠬᠦ ᠲᠥᠷᠦᠭᠴᠢ ‍ᠳᠤ ᠡᠫᠢᠲ᠋ᠣᠫ ᠪᠤᠶᠤ ᠬᠡᠮᠵᠢᠶᠡᠲᠦ ᠬᠢᠷᠴᠢᠮ ᠪᠠᠶᠢᠷᠢᠯᠠᠳᠠᠭ᠃ ᠬᠡᠮ ᠬᠢᠷᠴᠢᠮ ᠨᠢ ᠬᠡᠮᠵᠢᠶᠡᠲᠤ ᠬᠢᠷᠴᠢᠮ ᠲᠡᠢ ᠬᠣᠯᠪᠤᠭᠳᠠᠬᠤ ᠤᠴᠢᠷ ᠲᠡᠶᠢᠮ ‍ᠤᠨ ᠲᠤᠯᠠ ᠡᠰᠡᠷᠬᠦ ᠪᠢᠶ ‍ᠡ᠋ ᠨᠢ ᠡᠰᠡᠷᠬᠦ ᠲᠥᠷᠦᠭᠴᠢ ᠲᠡᠢ ᠨᠢᠭᠲᠠ ᠬᠣᠯᠪᠤᠭᠳᠠᠳᠠᠭ ᠠᠵᠤᠭᠤ᠃ ᠬᠢᠯᠪᠠᠷᠴᠢᠯᠠᠪᠠᠰᠤ ᠬᠡᠮ ᠬᠢᠷᠴᠢᠮ ‍ᠢ ᠲᠦᠯᠬᠢᠭᠦᠷ ᠲᠡᠢ᠂ ᠬᠡᠮᠵᠢᠶᠡᠲᠦ ᠬᠢᠷᠴᠢᠮ ‍ᠢ ᠴᠣᠣᠵᠢ ᠲᠠᠢ ᠵᠦᠶᠷᠯᠡᠵᠦ ᠪᠣᠯᠤᠨ᠋᠎‍ᠠ᠋᠃ ᠡᠨᠡ ᠬᠦ ᠬᠣᠯᠪᠤᠭᠳᠠᠬᠤ ᠦᠢᠯᠡ ᠶᠠᠪᠤᠴᠤ ‍ᠢᠢ ᠠᠰᠢᠭᠯᠠᠨ ᠡᠰᠡᠷᠬᠦ ᠪᠢᠶ ‍ᠡ᠋ ᠨᠢ ᠨᠢᠩ ᠪᠠ ᠡᠪᠡᠳᠴᠢᠯᠡᠭᠰᠡᠨ ᠡᠰ ᠨᠦᠭᠦᠳ ‍ᠢ ᠴᠣᠬᠤᠨ ᠲᠡᠮᠳᠡᠭᠯᠡᠵᠦ ᠪᠤᠰᠤᠳ ᠳᠠᠷᠬᠠᠯᠠᠭᠠᠨ ‍ᠤ ᠡᠰ ᠨᠦᠭᠦᠳ ᠬᠤᠷᠳᠤᠨ ᠣᠯᠵᠤ ᠤᠰᠠᠳᠬᠠᠬᠤ ‍ᠳᠤ ᠶᠡᠬᠡᠬᠡᠨ ᠨᠡᠮᠡᠷᠢ ᠪᠣᠯᠳᠠᠭ ᠶᠤᠮ᠃ ᠶᠠᠮᠪᠠᠷ ᠡᠰᠡᠷᠬᠦ ᠪᠢᠶ ‍ᠡ᠋ ᠪᠤᠢ ᠡᠴᠡ ᠬᠠᠮᠢᠶᠠᠷᠴᠤ ᠡᠪᠡᠳᠴᠢᠨ ᠡᠴᠡ ᠤᠷᠢᠳᠴᠢᠯᠠᠨ ᠰᠡᠷᠭᠡᠶᠢᠯᠡᠵᠤ᠂ ᠦᠯᠡᠮᠵᠢ ᠵᠠᠯᠭᠢᠭᠴᠢ ‍ᠢᠢ (ᠮᠠᠻᠷᠣᠹᠠᠭ)ᠢᠳᠡᠪᠬᠢᠵᠢᠭᠦᠯᠦᠨ᠂ ᠭᠠᠳᠠᠨ᠎‍ᠠ᠋ ‍ᠢᠢᠨ ᠪᠢᠶᠡᠲᠦ ‍ᠢᠢ ᠬᠤᠷᠳᠤᠨ ᠤᠰᠠᠳᠬᠠᠬᠤ ᠨᠢ ᠬᠠᠮᠢᠶᠠᠷᠤᠨ᠎‍ᠠ᠋᠃ ᠡᠰᠡᠷᠬᠦ ᠪᠢᠶᠡᠨ᠎‍ᠡ᠋ ᠰᠢᠬᠢᠷᠵᠢᠭᠦᠯᠬᠦ Fc ᠪᠦᠰᠡ ᠪᠤᠢ ᠠᠭᠠᠳ᠂ ᠡᠨᠡ ᠬᠦ ᠪᠦᠰᠡ ᠪᠠᠷ ‍ᠢᠢᠠᠨ ᠳᠠᠮᠵᠢᠭᠤᠯᠤᠨ ᠪᠤᠰᠤᠳ ᠳᠠᠷᠬᠠᠯᠠᠭᠠᠨ ‍ᠤ ᠡᠰ ᠨᠦᠭᠦᠳ ᠲᠡᠢ ᠰᠠᠳ ᠦᠭᠡᠢ ᠬᠠᠷᠢᠴᠠᠳᠠᠭ ᠴᠢᠳᠠᠪᠤᠷᠢ ᠲᠠᠢ᠃ ᠬᠦᠮᠦᠨ ‍ᠦ ᠪᠢᠶ ‍ᠡ᠋ ᠡᠰᠡᠷᠬᠦ ᠪᠢᠶ ‍ᠡ᠋ ᠡᠭᠦᠰᠭᠡᠬᠦ ᠨᠢ ᠲᠥᠷᠦᠯᠬᠢ ‍ᠢᠢᠨ ᠳᠠᠷᠬᠠᠯᠠᠭᠠᠨ ‍ᠤ ᠲᠣᠭᠲᠠᠯᠴᠠᠭᠠᠨ ‍ᠤ ᠭᠣᠣᠯ ᠦᠢᠯᠡ ᠠᠵᠢᠯᠯᠠᠭᠠᠨ ᠶᠤᠮ᠃ ᠡᠰᠡᠷᠬᠦ ᠪᠢᠶᠡᠨᠦᠭᠦᠳ ᠨᠢ ᠳᠠᠷᠬᠠᠯᠠᠭᠠᠨ ‍ᠤ B ᠡᠰ ᠡᠴᠡ ᠡᠭᠦᠰᠳᠡᠭ᠃ ᠲᠡᠭᠦᠨ ‍ᠢ ᠹᠢᠼᠨᠻ ᠰᠢᠨᠵᠢ ᠡᠴᠡ ᠦᠨᠳᠤᠰᠤᠯᠡᠨ ᠬᠣᠶᠠᠷ ᠲᠦᠷᠦᠯ ‍ᠳᠦ ᠬᠤᠪᠢᠶᠠᠨ ᠦᠵᠡᠳᠡᠭ᠄
1. ᠴᠢᠰᠤᠨ ‍ᠳᠤ ᠨᠡᠪᠲᠡᠷᠡᠳᠡᠭ᠂ ᠠᠭᠤᠰᠬᠤ ᠴᠢᠳᠠᠪᠤᠷᠢ ᠲᠠᠢ ᠡᠰᠡᠷᠬᠦ ᠪᠢᠶ ‍ᠡ᠋
2. ᠡᠰ ‍ᠦᠨ ᠠᠷᠠᠰᠤ ᠲᠠᠢ ᠬᠣᠯᠪᠤᠭᠳᠠᠭᠰᠠᠨ᠂ ᠬᠦᠯᠢᠶᠡᠨ ᠠᠪᠤᠭᠤᠷ ‍ᠤᠨ ᠡᠭᠦᠷᠭᠡ ᠲᠡᠢ ᠡᠰᠡᠷᠬᠦ ᠪᠢᠶ ‍ᠡ᠋᠃ ᠦᠭᠡᠷ ‍ᠡ᠋ ᠪᠠᠷ 〔〔B ᠡᠰ ‍ᠦᠨ ᠬᠦᠯᠢᠶᠡᠨ ᠠᠪᠤᠭᠤᠷ ᠤᠭᠤᠷᠠᠭ〕〕(ᠲᠣᠪᠴᠢ ᠪᠠᠷ BCR-B cell receptor)᠃
BCR ᠨᠢ ᠵᠦᠪᠬᠡᠨ B ᠡᠰ ‍ᠦᠨ ᠭᠠᠳᠠᠷᠭᠤ ᠡᠴᠡ ᠣᠯᠳᠠᠳᠠᠭ ᠬᠢᠭᠡᠳ B ᠡᠰ ‍ᠦᠨ ᠢᠳᠡᠪᠬᠢᠵᠢᠬᠦᠯᠬᠦ᠂ ᠲᠡᠭᠦᠨ ‍ᠢ ᠦᠳᠦᠭᠡᠬᠦ ᠡᠴᠡ ᠭᠠᠳᠠᠨ᠎‍ᠠ᠋ ᠰᠠᠨᠠᠮᠵᠢ ‍ᠢᠢᠨ ᠡᠰ ᠡᠭᠦᠰᠬᠦ ‍ᠳᠦ ᠴᠢᠬᠦᠯ ᠠᠴᠢ ᠬᠣᠯᠪᠤᠭᠳᠠᠯ ᠲᠠᠢ᠃ ᠶᠡᠬᠡᠩᠬᠢ ‍ᠳᠡᠭᠡᠨ B ᠪᠠ ᠲᠤᠰᠠᠯᠠᠭᠴᠢ T ᠡᠰ ᠨᠦᠭᠦᠳ ‍ᠦᠨ ᠬᠠᠷᠢᠯᠴᠠᠨ ᠦᠢᠯᠡᠴᠢᠯᠡᠯ ‍ᠳᠦ B ᠡᠰ ᠪᠦᠷᠢᠨ ᠢᠳᠡᠪᢉᠢᠵᠢᠵᠦ ᠲᠡᠢᠮᠤ ‍ᠢᠢᠨ ᠲᠤᠯᠠ ᠡᠰᠡᠷᠬᠦ ᠪᠢᠶ ‍ᠡ᠋ ᠡᠰᠡᠷᠬᠦ ᠲᠦᠷᠦᠭᠴᠢ ᠬᠣᠭᠣᠷᠤᠨᠳᠤ ᠪᠠᠨ ᠬᠣᠯᠪᠪᠤᠭᠳᠠᠳᠠᠭ᠃ ᠠᠭᠤᠰᠠᠮᠬᠠᠢ ᠡᠰᠡᠷᠬᠦ ᠪᠢᠶ ‍ᠡ᠋ ᠨᠢ ᠴᠢᠰᠤ᠂ ᠡᠳ᠋ ‍ᠦᠨ ᠰᠢᠩᠭᠡᠨ ‍ᠳᠤ ᠢᠯᠭᠠᠷᠠᠨ᠂ ᠭᠠᠳᠠᠨ᠋᠎‍ᠠ᠋ ᠡᠴᠡ ᠢᠷᠡᠭᠰᠡᠨ ᠡᠪᠡᠳᠴᠢᠨ ᠡᠭᠦᠰᠬᠡᠭᠴᠢ ᠪᠢᠴᠢᠯ ᠪᠢᠶᠡᠲᠡᠨᠦᠳ ᠡᠴᠡ ᠬᠠᠮᠠᠭᠠᠯᠠᠨ ᠪᠤᠢ᠃
ᠡᠰᠡᠷᠬᠦ ᠪᠢᠶ ‍ᠡ᠋ ᠨᠢ 〔〔ᠢᠮᠮᠤᠨᠣᠭᠯᠣᠪᠤᠯᠢᠨ〕〕ᠳᠡᠭᠡᠳᠦ ᠣᠪᠤᠭ ‍ᠤᠨ ᠰᠢᠬᠢᠷᠲᠦ ᠤᠭᠤᠷᠠᠭ ᠶᠣᠮ᠃ ᠴᠢᠰᠤᠨ ᠳᠠᠬᠢ ᠶᠡᠬᠡᠩᠬᠢ ᠡᠰᠡᠷᠬᠦ ᠪᠢᠶ ‍ᠡ᠋ ᠨᠢ ᠭᠠᠮᠮᠠ ᠵᠣᠢᠯ ‍ᠤᠨ ᠤᠭᠤᠷᠠᠭ ᠠᠵᠤᠬᠣᠢ ᠃ ᠲᠡᠳᠡ ᠨᠠᠷ ᠮᠠᠰᠢ ᠡᠨᠭ ‍‍ᠦᠨ ᠪᠦᠲᠦᠴᠡ ᠲᠡᠢ᠄
1. ᠲᠤᠰ ᠪᠦᠷᠢ ᠬᠣᠶᠠᠷ ᠬᠦᠨᠳᠦ ᠭᠢᠨᠵᠢ᠂
2. ᠲᠣᠰ ᠪᠦᠷᠢ ᠬᠣᠶᠠᠷ ᠬᠦᠩᠭᠡᠨ ᠭᠢᠨᠵᠢ ᠡᠴᠡ ᠲᠣᠭᠲᠠᠨ᠋᠎᠎‍ᠠ᠋᠃
ᠡᠰᠡᠷᠬᠦ ᠪᠢᠶ ‍ᠡ᠋ ᠲᠡᠢ ᠬᠣᠯᠪᠤᠭᠳᠠᠬᠤ ᠬᠢᠷᠴᠢᠮ ᠯᠤᠭᠡ ᠬᠣᠯᠪᠤᠭ᠋᠎‍ᠠ᠋ ᠲᠠᠢ ᠲᠠᠪᠤᠨ ᠲᠦᠷᠦᠯ ‍ᠦᠨ ᠲᠠᠯᠠᠰᠵᠢᠭᠤᠯᠠᠮᠬᠠᠢ ᠬᠢᠷᠴᠢᠮ (Fc fragment)ᠪᠤᠢ ᠠᠭᠠᠳ᠂ ᠡᠳᠡᠭᠡᠷ ᠬᠢᠷᠴᠢᠮ ‍ᠢ ᠲᠣᠳᠤᠷᠬᠠᠢᠯᠠᠳᠠᠭ ᠣᠯᠠᠨ ᠲᠦᠷᠦᠯ ‍ᠦᠨ ᠡᠰᠡᠷᠬᠦ ᠪᠢᠶ ‍ᠡ᠋᠎ ‍ᠢᠢᠨ ᠬᠦᠨᠳᠦ ᠭᠢᠨᠵᠢ ᠮᠡᠳᠡᠭᠳᠡᠭᠡᠳ ᠪᠠᠢᠨ᠋᠎‍ᠠ᠋᠃