Увс нуур

ᠰᠤᠮᠤ ᠪᠠᠷ
ᠵᠢᠭᠠᠭᠰᠠᠨ ᠨᠢ
ᠤᠪᠰᠤ
ᠨᠠᠭᠤᠷ
ᠤᠪᠰᠤ (ᠯᠠᠲ᠋ᠢᠨ: Uvs Lacus) ᠪᠣᠯ ᠨᠡᠭᠦᠷᠡᠰᠦ ᠤᠰᠤ ᠲᠥᠷᠦᠭᠴᠢ ᠊ᠢᠢᠨ ᠨᠠᠭᠤᠷ ᠪᠥᠭᠡᠳ ᠰᠠᠨᠢᠴᠠᠷ ᠭᠠᠷᠠᠭ ᠦ᠋ᠨ ᠬᠠᠮᠤᠭ ᠊ᠤᠨ ᠲᠣᠮᠤ ᠳᠠᠭᠠᠭᠤᠯᠢ ᠲᠢᠲ᠋ᠠᠨ (Titan) ᠊ᠤ ᠭᠠᠳᠠᠷᠭᠤ ᠊ᠳᠤᠷ ᠣᠷᠣᠰᠢᠳᠠᠭ᠃ ᠨᠠᠭᠤᠷ ᠊ᠤᠨ ᠳᠢᠶᠠᠮᠧᠲ᠋ᠧᠷ 26,9 ᠻᠢᠯᠣᠮᠧᠲ᠋ᠧᠷ <ref>Titan: Uvs Lacus. Gazetteer of Planetary Nomenclature. International Astronomical Union (IAU) Working Group for Planetary System Nomenclature (WGPSN) (16 September 2010)</ref>᠃ ᠪᠠᠢᠢᠷᠢᠰᠢᠯ: ᠤᠮᠠᠷᠠᠳᠤ ᠥᠷᠭᠡᠷᠢᠭ ᠊ᠦᠨ 69°36′ . ᠳᠣᠷᠤᠨᠠᠳᠤ ᠤᠷᠲᠤᠷᠢᠭ ᠊ᠦᠨ 114°18′ <ref>Titan: Uvs Lacus. Gazetteer of Planetary Nomenclature. (16 September 2010)</ref> ᠰᠢᠩᠭᠡᠨ ᠨᠡᠭᠦᠷᠡᠰᠦ ᠤᠰᠤ ᠲᠥᠷᠦᠭᠴᠢ ᠡᠴᠡ ᠪᠦᠷᠢᠳᠬᠦ ᠪᠠ ᠮᠧᠲ᠋ᠠᠨ᠍᠂ ᠧᠲ᠋ᠠᠨ᠍᠂ ᠫᠷᠣᠫᠠᠨ᠍ ᠵᠣᠩᠬᠢᠯᠠᠮᠤᠢ᠃ ᠳᠣᠷᠤᠨᠠᠳᠤ ᠬᠠᠭᠠᠰ ᠪᠥᠮᠪᠦᠷᠴᠡᠭ ᠲᠦ᠂ ᠤᠮᠠᠷᠠᠳᠤ ᠲᠤᠢᠢᠯ ᠊ᠳᠤᠷ ᠣᠢᠢᠷ ᠊ᠠ᠋᠂ ᠯᠢᠭᠧᠶ ᠊ᠠ᠋ ᠲᠡᠩᠭᠢᠰ (Ligeia Mare) ᠡᠴᠡ ᠤᠷᠤᠭᠰᠢ ᠣᠷᠣᠰᠢᠳᠠᠭ᠃ ᠤᠮᠠᠷᠠᠳᠤ 70 ᠊ᠳᠤᠭᠠᠷ ᠫᠠᠷᠠᠯᠯᠧᠯ ᠨᠠᠭᠤᠷ ᠊ᠢ ᠳᠠᠭᠠᠷᠢᠵᠤ ᠥᠩᠭᠡᠷᠡᠳᠡᠭ. ᠵᠤᠤᠪᠠᠩᠳᠠᠭᠤᠤ ᠬᠡᠯᠪᠡᠷᠢ ᠲᠡᠢ᠃ ᠥᠷᠦᠨᠡᠳᠦ ᠬᠡᠰᠡᠭ ᠢᠨᠦ ᠬᠠᠮᠤᠭ ᠊ᠤᠨ ᠭᠦᠶᠦᠬᠡᠨ᠃ ᠨᠠᠭᠤᠷ ᠊ᠤᠨ ᠣᠢᠢᠷᠠᠯᠴᠠᠭ᠍ᠠ᠋᠂ ᠥᠷᠦᠨᠠᠳᠦ ᠪᠠ ᠳᠣᠷᠤᠨᠠᠳᠤ ᠡᠲᠡᠭᠡᠳ ᠲᠦᠷ᠂ ᠯᠢᠭᠧᠶ ᠊ᠠ᠋ ᠲᠡᠩᠭᠢᠰ ᠲᠦ ᠴᠢᠳᠬᠤᠭᠴᠢ ᠬᠣᠶᠠᠷ ᠲᠣᠮᠤᠬᠠᠨ ᠰᠤᠪᠠᠭ (《ᠭᠣᠣᠯ》) ᠡᠬᠢ ᠠᠪᠤᠳᠠᠭ᠃ Cassini–Huygens ᠣᠭᠲᠠᠷᠭᠤᠢ ᠊ᠢᠢᠨ ᠠᠫᠫᠠᠷᠠᠲ ᠊ᠤᠨ ᠠᠪᠤᠭᠰᠠᠨ ᠭᠡᠷᠡᠯ ᠵᠢᠷᠤᠭ ᠲᠤ ᠠᠩᠬ ᠊ᠠ᠋ ᠢᠯᠡᠷᠡᠭᠰᠡᠨ᠃ ᠳᠡᠯᠡᠬᠡᠢ ᠊ᠳᠦᠷ᠂ ᠮᠣᠩᠭᠣᠯ ᠤᠯᠤᠰ ᠪᠠ ᠣᠷᠣᠰ ᠊ᠤᠨ ᠬᠣᠯᠪᠤᠭᠠᠨ ᠊ᠤ ᠤᠯᠤᠰ ᠊ᠤᠨ ᠨᠤᠲᠤᠭ ᠳᠡᠪᠢᠰᠬᠡᠷ ᠲᠦᠷ ᠣᠷᠣᠰᠢᠳᠠᠭ ᠤᠪᠰᠤ ᠨᠠᠭᠤᠷ ᠊ᠤᠨ ᠨᠡᠷ ᠊ᠠ᠋ ᠪᠡᠷ ᠨᠡᠷᠡᠯᠡᠭᠰᠡᠨ᠃<ref>Titan: Uvs Lacus. Gazetteer of Planetary Nomenclature. (16 September 2010)</ref> ᠡᠨᠡᠬᠦ ᠨᠡᠷ ᠊ᠡ᠋ ᠢᠨᠦ 2010 ᠣᠨ ᠊ᠳᠤᠷ ᠣᠯᠠᠨ ᠤᠯᠤᠰ ᠊ᠤᠨ ᠣᠳᠤᠨ ᠣᠷᠤᠨ ᠊ᠤ ᠬᠣᠯᠪᠤᠭ᠍ᠠ᠋ ᠪᠠᠷ ᠪᠠᠲᠤᠯᠠᠭᠳᠠᠭᠰᠠᠨ᠃
ᠲᠦᠯᠬᠢᠭᠦᠷ ᠦᠭᠡᠰ
Saturn
Санчир
ᠡᠬᠢ ᠰᠤᠷᠪᠤᠯᠵᠢ