ᠪᠤᠷᠠᠲᠠᠶᠧᠸᠠ᠂ ᠠᠯᠧᠻᠰᠠᠨ᠍ᠲᠷᠠ ᠮᠠᠨᠵᠢᠶᠧᠹᠨᠠ
ᠠᠯᠧᠻᠰᠠᠨ᠍ᠲᠷᠠ ᠮᠠᠨᠵᠢᠶᠧᠹᠨᠠ ᠪᠤᠷᠠᠲᠠᠶᠧᠸᠠ
ᠪᠤᠷᠠᠲᠠᠨ ᠠᠯᠧᠻᠰᠠᠨ᠍ᠲᠷᠠ ᠣᠷᠣᠰ ᠦ᠋ᠨ ᠲᠧᠯᠧᠧᠢᠽ ᠦ᠋ᠨ ᠬᠥᠲᠦᠯᠦᠭᠴᠢ᠂ ᠤᠯᠤᠰ ᠲᠥᠷᠦ ᠶ᠋ᠢᠨ ᠵᠢᠳᠬᠦᠯᠲᠡᠨ᠂ ᠲᠥᠷᠦ ᠶ᠋ᠢᠨ ᠳ᠋ᠦ᠋ᠮᠠ ᠶ᠋᠋ᠢᠨ ᠬᠣᠶᠠᠷ ᠤᠳᠠᠭ ᠠ᠋ ᠶ᠋ᠢᠨ ᠳ᠋ᠧᠫᠦ᠋ᠲ᠋ᠠᠲ ᠪᠢᠯᠡ᠃
ᠠᠩᠯᠢ ᠬᠡᠯᠡ ᠤᠷᠠᠨ ᠵᠣᠬᠢᠶᠠᠯ ᠦ᠋ᠨ ᠪᠠᠭᠰᠢ ᠶ᠋ᠢᠨ ᠮᠡᠷᠭᠡᠵᠢᠯ ᠲᠡᠢ᠃
ᠠᠯᠧᠻᠰᠠᠨ᠍ᠲᠷᠠ ᠮᠠᠨᠵᠢᠶᠧᠹᠨᠠ ᠪᠤᠷᠠᠲᠠᠶᠧᠸᠠ ᠣᠷᠤᠰ ᠶ᠋ᠢᠠᠷ᠄ Александра Манджиевна Буратаева ᠬᠠᠯᠢᠮᠠᠭ ᠶ᠋ᠢᠠᠷ᠄ ᠪᠤᠷᠠᠲᠠᠨ ᠠᠯᠧᠻᠰᠠᠨ᠍ᠲᠷᠠ | |
---|---|
ᠲᠣᠪᠴᠢ ᠲᠠᠨᠢᠯᠴᠠᠭᠣᠯᠭ᠍ᠠ᠋ | |
ᠲᠥᠷᠦᠭᠰᠡᠨ ᠣᠩᠨᠠᠭ᠍ᠠ᠋ | 1965 ᠣᠨ ᠤ 03 ᠰᠠᠷ ᠠ᠋ ᠶ᠋ᠢᠨ 30 |
ᠲᠥᠷᠦᠭᠰᠡᠨ ᠭᠠᠴᠠᠷ | ᠬᠠᠯᠢᠮᠠᠭ ᠦ᠋ᠨ ᠡᠯᠡᠰᠦᠲᠦ ᠬᠣᠲᠠ |
ᠬᠠᠷᠢᠶᠠᠯᠠᠯ | ᠵᠥᠪᠯᠡᠯᠲᠦ ᠬᠣᠯᠪᠤᠭᠠᠲᠤ ᠤᠯᠤᠰ ᠦ᠋ᠨ ᠵᠥᠪᠯᠡᠯᠲᠦ ᠰᠣᠼᠢᠶᠠᠯᠢᠰᠲ ᠪᠦᠭᠦᠳᠡ ᠨᠠᠢᠢᠷᠠᠮᠳᠠᠬᠤ ᠠᠦ᠋ᠲ᠋ᠣᠨᠣᠮᠢᠲᠤ ᠬᠠᠯᠢᠮᠠᠭ ᠤᠯᠤᠰ ᠣᠷᠤᠰ ᠦ᠋ᠨ ᠬᠣᠯᠪᠤᠭᠠᠨ ᠤ ᠤᠯᠤᠰ ᠦ᠋ᠨ ᠬᠠᠯᠢᠮᠠᠭ ᠦ᠋ᠨ ᠪᠦᠭᠦᠳᠡ ᠨᠠᠢᠢᠷᠠᠮᠳᠠᠬᠤ ᠤᠯᠤᠰ |
ᠢᠳᠡᠪᠬᠢ ᠲᠡᠢ ᠣᠨ ᠵᠢᠯ ᠥᠳ | 1987 ᠣᠨ ᠡᠴᠡ |
ᠰᠠᠯᠪᠣᠷᠢ | ᠲᠧᠯᠧᠸᠢᠽ ᠤᠯᠤᠰ ᠲᠥᠷᠦ |
ᠪᠣᠯᠪᠠᠰᠣᠷᠠᠯ | ᠬᠠᠯᠢᠮᠠᠭ ᠦ᠋ᠨ ᠣᠯᠣᠰ ᠣᠨ ᠶᠡᠬᠡ ᠰᠤᠷᠭᠠᠭᠤᠯᠢ ᠶ᠋ᠢᠨ ᠭᠠᠳᠠᠭᠠᠳᠤ ᠬᠡᠯᠡᠨ ᠦ ᠹᠠᠻᠦ᠋ᠯᠲ᠋ᠧᠲ ᠦ᠋ᠨ ᠷᠣᠮᠠᠨ-ᠭᠧᠷᠮᠠᠨ ᠬᠡᠯᠡᠨ ᠦ ᠲᠢᠩᠬᠢᠮ (1982-1987) |
ᠪᠠᠢᠢᠭᠣᠯᠠᠯᠭ᠍ᠠ᠋ | ᠬᠠᠯᠢᠮᠠᠭ ᠦ᠋ᠨ ᠪᠦᠭᠦᠳᠡ ᠨᠠᠢᠢᠷᠠᠮᠳᠠᠬᠤ ᠤᠯᠤᠰ ᠦ᠋ᠨ ᠲᠧᠯᠧᠸᠢᠽ (1987-1995) ᠣᠷᠤᠰ ᠦ᠋ᠨ ᠣᠯᠠᠨ ᠨᠡᠢᠢᠲᠡ ᠶ᠋ᠢᠨ ᠲᠧᠯᠧᠸᠢᠽ (1995-1999) ᠣᠷᠤᠰ ᠦ᠋ᠨ ᠬᠣᠯᠪᠤᠭᠠᠨ ᠦ ᠤᠯᠤᠰ ᠦ᠋ᠨ ᠲᠥᠷᠦ ᠶ᠋ᠢᠨ ᠳ᠋ᠦ᠋ᠮᠠ (1999/12/19-2008) "ᠨᠢᠭᠡᠳᠦᠮᠡᠯ ᠣᠷᠤᠰ" ᠨᠠᠮ ᠦ᠋ᠨ "ᠵᠠᠯᠠᠭᠤᠴᠤᠳ ᠦ᠋ᠨ ᠨᠢᠭᠡᠳᠦᠯ" ᠪᠠᠢᠢᠭᠤᠯᠤᠯᠭ ᠠ᠋ ᠶ᠋ᠢᠨ ᠲᠡᠷᠢᠭᠦᠨ (2000-2005) "ᠮᠢᠷ" ᠲᠧᠯᠧᠸᠢᠽ (2013) ᠌᠌"Со-Дружество" ᠫᠷᠣᠲᠶᠦ᠋ᠰᠧᠷ ᠦ᠋ᠨ ᠻᠣᠮᠫᠠᠨᠢ (2013 ᠣᠨ ᠡᠴᠡ) |
ᠬᠣᠪᠢ ᠨᠡᠮᠡᠷᠢ | ᠰᠠᠯᠪᠤᠷ ᠲᠤ ᠪᠠᠨ ᠣᠯᠠᠨ ᠵᠢᠯ ᠦᠷ ᠠ᠋ ᠪᠦᠲᠦᠭᠡᠯ ᠲᠡᠢ ᠠᠵᠢᠯᠯᠠᠭᠰᠠᠨ |
ᠵᠡᠷᠭᠡ/ᠴᠣᠯ | ᠮᠡᠳᠡᠭᠡᠯᠡᠯ ᠪᠠᠢᠢᠬᠣ ᠥᠭᠡᠢ |
ᠱᠠᠩᠨᠠᠯ | "ᠡᠬᠡ ᠣᠷᠤᠨ ᠳᠤ ᠪᠠᠢᠢᠭᠤᠯᠤᠭᠰᠠᠨ ᠭᠠᠪᠢᠶ ᠠ᠋" ᠮᠧᠳᠠᠯ 1᠂ 2 ᠳ᠋ᠤᠭᠠᠷ ᠵᠡᠷᠭᠡ (2007᠂ 2008) ᠌᠌᠌᠌"ᠣᠯᠢᠮᠫᠢᠶ ᠠ᠋" ᠨᠡᠢᠢᠭᠡᠮ ᠳ᠋ᠡᠬᠢ ᠡᠮᠡᠭᠲᠡᠢᠢᠴᠦᠳ ᠦ᠋ᠨ ᠣᠯᠣᠯᠲᠠ ᠠᠮᠵᠢᠯᠲᠠ ᠶ᠋ᠢᠨ ᠦᠨᠳᠦᠰᠦᠨ ᠦ ᠱᠠᠩᠨᠠᠯ |
ᠨᠠᠮᠲᠠᠷ
ᠠᠯᠧᠻᠰᠠᠨ᠍ᠲᠷᠠ 1965 ᠣᠨ ᠳᠤ ᠬᠠᠯᠢᠮᠠᠭ ᠦ᠋ᠨ ᠡᠯᠡᠰᠦᠲᠦ ᠬᠣᠲᠠᠨ ᠠ᠋ ᠲᠥᠷᠦᠭᠰᠷᠨ᠃
ᠠᠪᠤ ᠨᠢ ᠵᠢᠯᠤᠭᠤᠴᠢ᠂ ᠡᠵᠢ ᠨᠢ ᠬᠠᠮᠲᠤᠷᠠᠯ ᠦ᠋ᠨ ᠵᠠᠬ ᠠ᠋ ᠳ᠋ᠤ ᠬᠤᠳᠠᠯᠳᠤᠭᠴᠢ ᠪᠠᠢᠢᠭᠰᠠᠨ᠃
ᠨᠡᠢᠢᠲᠡ 5 ᠦᠬᠢᠨ ᠲᠠᠢ ᠠᠢᠢᠯ ᠪᠠᠢᠢᠵᠡᠢ᠃
ᠭᠡᠷ ᠪᠦᠯᠢ ᠨᠢ ᠰᠢᠪᠢᠷ ᠶ᠋ᠢᠨ ᠴᠥᠯᠡᠯᠭᠡ ᠳ᠋ᠦ 15 ᠵᠢᠯ ᠪᠠᠢᠢᠭᠰᠠᠨ ᠦ ᠡᠴᠦᠰ ᠲᠦ ᠨᠤᠲᠤᠭ ᠪᠤᠴᠠᠬᠤ ᠪᠣᠯᠤᠭᠰᠠᠨ᠃
ᠴᠥᠯᠡᠯᠭᠡ ᠡᠴᠡ ᠪᠤᠴᠠᠭᠰᠠᠳ ᠡᠴᠡ "ᠬᠠᠭᠤᠴᠢᠨ ᠪᠠᠢᠢᠷᠢ ᠪᠠᠢᠢᠰᠢᠩ ᠶᠤᠭᠠᠨ ᠨᠡᠬᠡᠬᠦ ᠦᠭᠡᠢ" ᠭᠡᠵᠦ ᠠᠮᠠ ᠥᠴᠢᠭ ᠠᠪᠴᠤ᠂ ᠭᠠᠷ ᠦ᠋ᠨ ᠦᠰᠦᠭ ᠵᠢᠷᠤᠭᠤᠯᠵᠤ ᠪᠠᠢᠢᠵᠡᠢ᠃
ᠪᠤᠷᠠᠲᠠᠨ ᠨᠠᠷ ᠦ᠋ᠨ ᠭᠡᠷ ᠪᠦᠯᠢ ᠨᠤᠲᠤᠭ ᠲᠤ ᠪᠠᠨ ᠢᠷᠡᠬᠦ ᠳ᠋ᠦ ᠬᠠᠭᠤᠴᠢᠨ ᠪᠠᠢᠢᠰᠢᠩ ᠳ᠋ᠤ ᠨᠢ ᠣᠨᠳᠣᠣ ᠬᠦᠮᠦᠰ ᠰᠠᠭᠤᠷᠢᠰᠢᠴᠢᠬᠠᠭᠰᠠᠨ ᠪᠠᠢᠢᠭᠰᠠᠨ ᠲᠤᠯᠠ ᠡᠬᠢᠯᠡᠭᠡᠳ ᠭᠠᠵᠠᠷ ᠭᠡᠷ ᠲᠦ ᠰᠠᠭᠤᠵᠤ᠂ ᠳᠠᠷᠠᠭ ᠠ᠋ ᠨᠢ ᠪᠠᠢᠢᠰᠢᠩ ᠪᠠᠷᠢᠵᠤᠬᠤᠢ᠃[1]
ᠲᠡᠷᠡ ᠪᠠᠢᠢᠰᠢᠩ ᠳ᠋ᠤ ᠠᠯᠧᠻᠰᠠᠨ᠍ᠲᠷᠠ ᠥᠰᠴᠦ ᠲᠣᠷᠨᠢᠵᠡᠢ᠃
ᠬᠠᠯᠢᠮᠠᠭ ᠵᠠᠯᠠᠭᠤ ᠰᠧᠷᠭᠧᠢ ᠻᠣᠵᠧᠨ᠍ᠪᠠᠶᠧᠹ[2] ᠲᠠᠢ 1986 ᠣᠨ ᠳ᠋ᠤ ᠭᠡᠷ ᠪᠦᠯᠢ ᠪᠣᠯᠤᠭᠰᠠᠨ᠃
ᠬᠠᠯᠢᠮᠠᠭ ᠦ᠋ᠨ ᠤᠯᠤᠰ ᠦ᠋ᠨ ᠶᠡᠬᠡ ᠰᠤᠷᠭᠠᠭᠤᠯᠢ ᠶ᠋ᠢ 1987 ᠣᠨ ᠳᠤ ᠳᠦᠭᠦᠷᠭᠡᠭᠡᠳ᠂ ᠮᠣᠰᠻᠸᠠ ᠬᠣᠲᠠᠨ ᠠ᠋ ᠲᠧᠯᠧᠸᠢᠽ ᠦ᠋ᠨ ᠬᠥᠲᠦᠯᠦᠭᠴᠢᠳ ᠦ᠋ᠨ ᠳᠠᠮᠵᠢᠶ᠎ᠠ ᠲᠡᠭᠦᠰᠦᠭᠡᠳ ᠬᠠᠯᠢᠮᠠᠭ ᠦ᠋ᠨ ᠪᠦᠭᠦᠳᠡ ᠨᠠᠢᠢᠷᠠᠮᠳᠠᠬᠤ ᠤᠯᠤᠰ ᠦ᠋ᠨ ᠲᠧᠯᠧᠸᠢᠽ ᠲᠦ ᠠᠵᠢᠯᠯᠠᠭᠰᠠᠨ᠃
ᠳᠠᠷᠠᠭ᠎ᠠ ᠨᠢ ᠮᠣᠰᠻᠸᠠ ᠳ᠋ᠤ ᠣᠷᠣᠰ ᠦ᠋ᠨ ᠣᠯᠠᠨ ᠨᠡᠢᠢᠲᠡ ᠶ᠋ᠢᠨ ᠲᠧᠯᠧᠸᠢᠽ ᠲᠦ 1995-1999 ᠣᠨ ᠳ᠋ᠤ ᠮᠡᠳᠡᠭᠡ ᠪᠠ "ᠴᠠᠭ ᠦᠶ᠎ᠠ" ᠮᠡᠳᠡᠭᠡᠯᠡᠯ ᠦ᠋ᠨ ᠬᠥᠲᠦᠯᠪᠦᠷᠢ ᠲᠦ ᠬᠥᠲᠦᠯᠦᠭᠴᠢ ᠪᠡᠷ ᠠᠵᠢᠯᠯᠠᠭᠰᠠᠨ᠃[3]
ᠲᠥᠷᠦ ᠶ᠋ᠢᠨ ᠳᠦ᠋ᠮᠠ ᠳ᠋ᠦ 1999 ᠣᠨ ᠳ᠋ᠤ ᠬᠠᠯᠢᠮᠠᠭ ᠦ᠋ᠨ ᠲᠣᠭᠣᠷᠢᠭ ᠡᠴᠡ ᠰᠣᠩᠭᠤᠭᠳᠠᠭᠰᠠᠨ ᠪᠠ 2003 ᠣᠨ ᠳ᠋ᠤ "ᠨᠢᠭᠡᠳᠦᠮᠡᠯ ᠣᠷᠤᠰ" ᠨᠠᠮ ᠦ᠋ᠨ ᠨᠡᠷᠡᠰ ᠦ᠋ᠨ ᠵᠢᠭᠰᠡᠭᠠᠯᠲᠠ ᠪᠠᠷ ᠤᠯᠠᠷᠢᠨ ᠰᠣᠩᠭᠤᠭᠳᠠᠭᠰᠠᠨ᠃
ᠥᠪᠡᠷ ᠦ᠋ᠨ ᠬᠦᠰᠡᠯ ᠵᠣᠷᠭ᠎ᠠ ᠪᠠᠷ ᠯᠠᠲ᠋ᠸᠢᠢ ᠠ᠋ ᠤᠯᠤᠰ ᠦ᠋ᠨ ᠶᠦ᠋ᠷᠮᠠᠯᠠ[4] ᠬᠣᠲᠠ ᠳ᠋ᠤ 2010 ᠣᠨ ᠦ ᠦᠶ ᠡ᠋ ᠳ᠋ᠦ ᠪᠠᠢᠢᠰᠢᠩ ᠬᠤᠳᠠᠯᠳᠤᠨ ᠠᠪᠴᠤ ᠠᠮᠢᠳᠤᠷᠠᠵᠤ ᠪᠠᠢᠢᠬᠤ ᠳ᠋ᠤ ᠪᠠᠨ ᠯᠠᠲ᠋ᠸᠢᠢ ᠠ᠋᠂ ᠯᠢᠲ᠋ᠸᠠᠨᠢᠢ ᠠ᠋᠂ ᠧᠰᠲ᠋ᠣᠨᠢᠢ ᠠ᠋ ᠤᠯᠤᠰ ᠦ᠋ᠳ ᠦ᠋ᠨ ᠨᠢᠭᠡᠳᠦᠭᠡᠷ ᠰᠤᠪᠠᠭ ᠲᠤ ᠣᠷᠤᠰ ᠬᠡᠯᠡᠨ ᠦ ᠮᠡᠳᠡᠭᠡᠨ ᠦ ᠬᠥᠲᠦᠯᠪᠦᠷᠢ ᠬᠥᠲᠦᠯᠵᠦ ᠪᠠᠢᠢᠪᠠ᠃[5]
ᠬᠣᠵᠢᠮ ᠨᠢ ᠭᠦᠷᠵᠢ ᠤᠯᠤᠰ ᠲᠤ ᠱᠠᠭᠠᠵᠩ ᠡᠲᠯᠡᠯ ᠦ᠋ᠨ ᠤᠷᠠᠯᠠᠩ ᠪᠠᠢᠢᠭᠤᠯᠵᠤ᠂ ᠲᠡᠨᠳᠡ ᠪᠡᠨ ᠪᠦᠲᠦᠭᠡᠭᠳᠡᠬᠦᠨ ᠢ ᠪᠡᠨ ᠪᠣᠷᠤᠯᠠᠭᠤᠯᠤᠨ ᠠᠮᠢᠳᠤᠷᠠᠬᠤ ᠪᠣᠯᠵᠡᠢ᠃[6]
ᠠᠵᠢᠯ ᠦᠢᠯᠡᠰ
ᠲᠥᠷᠦ ᠶ᠋ᠢᠨ ᠳᠦ᠋ᠮᠠ ᠳ᠋ᠦ 1999 ᠣᠨ ᠤ 12 ᠰᠠᠷ ᠠ᠋ ᠶ᠋ᠢᠨ 19 ᠳᠦ ᠬᠠᠯᠢᠮᠠᠭ ᠦ᠋ᠨ ᠲᠣᠭᠣᠷᠢᠭ ᠡᠴᠡ ᠰᠣᠩᠭᠤᠭᠳᠠᠭᠰᠠᠨ ᠪᠠ 2003 ᠣᠨ ᠳ᠋ᠤ ᠨᠢᠭᠡᠳᠦᠮᠡᠯ ᠣᠷᠤᠰ" ᠨᠠᠮ ᠦ᠋ᠨ ᠨᠡᠷᠡᠰ ᠦ᠋ᠨ ᠵᠢᠭᠰᠡᠭᠠᠯᠲᠠ ᠪᠠᠷ ᠤᠯᠠᠷᠢᠨ ᠰᠣᠩᠭᠤᠭᠳᠠᠭᠰᠠᠨ᠃
"ᠡᠪ ᠨᠢᠭᠡᠳᠦᠯ" ᠣᠯᠠᠨ ᠨᠡᠢᠢᠲᠡ ᠶ᠋ᠢᠨ ᠬᠥᠳᠡᠯᠭᠡᠭᠡᠨ ᠦ ᠪᠦᠬᠦ ᠣᠷᠤᠰ ᠦ᠋ᠨ ᠶᠡᠬᠡ ᠬᠤᠷᠠᠯ ᠡᠴᠡ 2000 ᠣᠨ ᠤ 02 ᠰᠠᠷ ᠠ᠋ ᠶ᠋ᠢᠨ 27 ᠳ᠋ᠤ ᠤᠯᠤᠰ ᠲᠥᠷᠦ ᠶ᠋ᠢᠨ ᠵᠥᠪᠯᠡᠯ ᠦ᠋ᠨ ᠭᠡᠰᠢᠭᠦᠨ ᠶ᠋ᠢᠡᠷ ᠰᠣᠩᠭᠣᠭᠳᠠᠭᠰᠠᠨ᠃
ᠮᠥᠨ ᠣᠨ ᠤ 05 ᠰᠠᠷ ᠠ᠋ ᠶ᠋ᠢᠨ 27 ᠤ ᠶᠡᠬᠡ ᠬᠤᠷᠠᠯ ᠶ᠋ᠢᠠᠷ ᠤᠯᠤᠰ ᠲᠥᠷᠦ ᠶ᠋ᠢᠨ ᠵᠥᠪᠯᠡᠯ ᠦ᠋ᠨ ᠲᠡᠷᠭᠦᠯᠡᠭᠴᠢᠳ ᠦ᠋ᠨ ᠭᠡᠰᠢᠭᠦᠨ ᠶ᠋ᠢᠡᠷ ᠰᠣᠩᠭᠤᠭᠳᠠᠭᠰᠠᠨ᠃[7]
"ᠨᠢᠭᠡᠳᠦᠯᠮᠡᠯ ᠣᠷᠤᠰ" ᠨᠠᠮ ᠦ᠋ᠨ "ᠵᠠᠯᠠᠭᠤᠴᠤᠳ ᠦ᠋ᠨ ᠨᠢᠭᠡᠳᠦᠯ" ᠪᠠᠢᠢᠭᠤᠯᠤᠯᠭ ᠠ᠋ 2000 ᠣᠨ ᠳ᠋ᠤ ᠪᠠᠢᠢᠭᠤᠯᠤᠭᠳᠠᠵᠤ᠂ ᠠᠯᠧᠻᠰᠷᠠᠨ᠍ᠲᠷᠠ ᠪᠤᠷᠠᠲᠠᠶᠧᠸᠠ ᠲᠡᠷᠢᠭᠦᠨ ᠶ᠋ᠢᠡᠷ ᠨᠢ 2005 ᠣᠨ ᠬᠦᠷᠲᠡᠯ ᠡ᠋ ᠠᠵᠢᠯᠯᠠᠪᠠ᠃[8]
ᠭᠡᠷ ᠪᠦᠯᠢ
ᠨᠥᠬᠦᠷ ᠰᠧᠷᠭᠧᠢ ᠻᠣᠵᠧᠨ᠍ᠪᠠᠶᠧᠹ᠃
ᠦᠬᠢᠨ ᠠᠯᠲᠠᠨ ᠠ᠋᠃[9]
=ᠲᠦᠯᠬᠢᠭᠦᠷ ᠦᠭᠡᠰ=ᠵᠡ
телевизийн хөтлөгч
Төрийн Думын депутат
ОРТ
"Новости"
информационная программа "Время"
телеведущая
депутат Государственной Думы
ᠵᠡᠭᠦᠯᠲᠡ᠂ ᠡᠬᠢ ᠰᠤᠷᠪᠤᠯᠵᠢ
- ↑ Штуки-дрюки. Александра Буратаева - биография, информация, личная жизнь. ᠬᠠᠨᠳᠤᠭᠰᠠᠨ 2020/09/16
- ↑ Сергей Коженбаев
- ↑ [https://iz.ru/news/320260 Известия. Пропавшие телететеньки. ᠬᠠᠨᠳᠤᠭᠰᠠᠨ 2020/09/17]
- ↑ Jūrmala
- ↑ East Review on Demand. Прямай речь. Депутат Госдумы (и бывшая телеведущая) Александра Буратаева: Я начинаю тихо ненавидеть журналистов. ᠰᠤᠷᠪᠤᠯᠵᠢᠯᠠᠭᠴᠢ Виталий Бродзкий᠂ Ольга Сапрыкина
- ↑ Finparty. Александра Буратаева: есть ли жизнь после Первого канала? ᠨᠡᠢᠢᠲᠡᠯᠡᠯᠴᠢ Ника Ганич᠃ ᠬᠠᠨᠳᠤᠭᠰᠠᠨ 2020/09/17
- ↑ Лоббинг. "Буратаева Александра Манджиевна" ᠬᠠᠨᠳᠤᠭᠰᠠᠨ 2020/09/17
- ↑ Аргументы и факты. Александра Буратаева: "Моя дочь тоже стала депутатом". ᠬᠠᠨᠳᠤᠭᠰᠠᠨ 2020/09/17
- ↑ Штуки-дрюки. Александра Буратаева - биография, информация, личная жизнь. ᠬᠠᠨᠳᠤᠭᠰᠠᠨ 2020/09/16