ᠰᠢᠯᠲᠦᠭᠡᠨ
|
ᠰᠢᠯᠲᠦᠭᠡᠨ ᠭᠡᠵᠦ ᠳᠤᠮᠳᠠᠳᠤ ᠡᠷᠲᠡᠨ ᠦ ᠬᠠᠭᠠᠳ᠂ ᠨᠣᠶᠠᠳ᠂ ᠳᠡᠭᠡᠳᠦᠰ᠂ ᠢᠵᠠᠭᠤᠷᠲᠠᠨ ᠨᠤᠭᠤᠳ ᠤᠨ ᠣᠷᠣᠰᠢᠨ ᠰᠠᠭᠤᠬᠤ ᠪᠡᠬᠡᠯᠡᠭᠳᠡᠭᠰᠡᠨ ᠰᠠᠭᠤᠴᠠ᠂ ᠬᠠᠷᠰᠢ ᠶᠢ ᠬᠡᠯᠯᠡᠨᠡ᠃
ᠠᠯᠢ ᠴᠤ ᠲᠠᠯ᠎ᠠ ᠠᠴᠠ ᠨᠢ ᠬᠠᠯᠳᠠᠰᠢ ᠦᠭᠡᠢ ᠪᠠᠢᠢᠴᠠ ᠪᠡᠷᠬᠡ᠂ ᠥᠨᠳᠦᠷᠯᠢᠭ ᠭᠠᠵᠠᠷ ᠶᠡᠬᠡᠪᠴᠢᠯᠡᠨ ᠰᠣᠩᠭᠤᠵᠤ ᠪᠠᠷᠢᠬᠤ ᠪᠠ ᠬᠦᠴᠦᠷᠬᠡᠭ ᠬᠡᠷᠡᠮ ᠢᠶᠡᠷ ᠬᠦᠷᠢᠶᠡᠯᠡᠭᠦᠯᠦᠭᠰᠡᠨ ᠪᠠᠢᠢᠨ᠎ᠠ᠃
ᠭᠠᠳᠠᠭᠤᠷ ᠨᠢ ᠲᠣᠭᠣᠷᠢᠭᠤᠯᠤᠨ ᠭᠦᠨ ᠰᠤᠪᠠᠭ ᠱᠤᠤᠳᠤᠤ ᠤᠬᠤᠵᠤ᠂ ᠤᠰᠤ ᠪᠠᠷ ᠳᠡᠭᠦᠷᠭᠡᠭᠰᠡᠨ ᠪᠠᠢᠢᠨ᠎ᠠ᠃
ᠥᠨᠳᠦᠷ ᠴᠠᠮᠬᠠᠭ ᠰᠢᠯᠲᠦᠭᠡᠨ ᠦ ᠨᠢᠭᠡᠨ ᠴᠢᠬᠤᠯᠠ ᠪᠦᠷᠢᠯᠳᠦᠬᠦᠨ ᠬᠡᠰᠡᠭ ᠪᠠᠢᠢᠳᠠᠭ᠃
ᠹᠧᠣᠳᠠᠯ ᠤᠨ ᠪᠤᠲᠠᠷᠠᠯ ᠤᠨ ᠦᠶᠡᠳᠦ ᠥᠷᠢᠰᠦᠯᠳᠦᠭᠴᠢ ᠹᠧᠣᠳᠠᠯ ᠤᠨ ᠬᠠᠯᠳᠠᠯᠭ᠎ᠠ᠂ ᠲᠠᠷᠢᠶᠠᠴᠢᠳ ᠤᠨ ᠪᠣᠰᠤᠯᠭ᠎ᠠ ᠠᠴᠠ ᠬᠠᠮᠠᠭᠠᠯᠬᠤ᠂ ᠮᠥᠨ ᠬᠠᠷᠢ ᠭᠦᠷᠦᠨ ᠦ ᠬᠠᠯᠳᠠᠯᠭ᠎ᠠ ᠶᠢᠨ ᠦᠶᠡᠰ ᠲᠦ ᠬᠠᠷᠢᠶᠠᠲᠤ ᠲᠠᠷᠢᠶᠠᠴᠢᠨ ᠬᠦᠮᠦᠨ ᠠᠮᠠ ᠶᠢ ᠬᠣᠷᠭᠤᠳᠠᠭᠤᠯᠬᠤ ᠵᠡᠷᠡᠭ ᠡᠭᠦᠷᠡᠭ ᠲᠠᠢ ᠪᠠᠢᠢᠵᠡᠢ᠃
ᠲᠡᠢᠢᠨᠬᠦ ᠰᠢᠯᠲᠦᠭᠡᠨ ᠨᠢ ᠲᠤᠬᠠᠢ ᠶᠢᠨ ᠡᠵᠡᠮᠰᠢᠯ ᠨᠤᠲᠤᠭ ᠤᠨ ᠤᠯᠤᠰ ᠲᠥᠷᠦ᠂ ᠨᠡᠢᠢᠭᠡᠮ ᠦᠨ ᠠᠮᠢᠳᠦᠷᠠᠯ ᠤᠨ ᠲᠥᠪ ᠪᠣᠯᠵᠤ ᠪᠠᠢᠢᠪᠠ᠃
ᠭᠠᠯᠲᠤ ᠵᠡᠪᠰᠡᠭ ᠬᠥᠭᠵᠢᠵᠦ᠂ ᠬᠡᠷᠡᠮ ᠴᠠᠢᠢᠵᠠ ᠶᠢ ᠡᠪᠳᠡᠨ ᠨᠤᠷᠠᠭᠠᠬᠤ ᠴᠢᠳᠠᠯ ᠲᠠᠢ ᠶᠡᠬᠡ ᠪᠤᠤ ᠪᠤᠢ ᠪᠣᠯᠣᠭᠰᠠᠨ᠂ ᠹᠧᠣᠳᠠᠯ ᠤᠨ ᠪᠤᠲᠠᠷᠠᠯ ᠤᠨ ᠦᠶ᠎ᠡ ᠥᠩᠭᠡᠷᠡᠵᠦ ᠨᠢᠭᠡᠳᠦᠮᠡᠯ ᠤᠯᠤᠰ ᠤᠳ ᠪᠦᠷᠢᠯᠳᠡᠭᠰᠡᠨ ᠬᠣᠵᠢᠭᠤ ᠳᠤᠮᠳᠠᠳᠤ ᠡᠷᠲᠡᠨ ᠦ ᠦᠶ᠎ᠡ ᠳᠦ ᠪᠡᠬᠡᠯᠡᠯᠲᠡ᠂ ᠬᠡᠷᠡᠮ᠂ ᠴᠠᠢᠢᠵᠠ ᠪᠠᠷ ᠬᠦᠷᠢᠶᠡᠯᠡᠭᠦᠯᠦᠭᠰᠡᠨ ᠰᠢᠯᠲᠦᠭᠡᠨ ᠪᠠᠢᠢᠭᠤᠯᠬᠤ ᠶᠢᠨ ᠠᠴᠢ ᠬᠣᠯᠪᠤᠭᠳᠠᠯ ᠦᠭᠡᠢ ᠪᠣᠯᠵᠤ᠂ ᠭᠣᠶᠣᠮᠰᠥᠭ ᠸᠷᠳᠤ ᠬᠠᠷᠰᠢ ᠶᠢᠨ ᠬᠡᠪ ᠰᠢᠨᠵᠢ ᠲᠡᠢ ᠪᠣᠯᠤᠨ ᠬᠤᠪᠢᠰᠴᠤ᠂ ᠰᠡᠭᠦᠯ ᠳᠡᠭᠡᠨ ᠣᠷᠳᠤᠨ ᠤ ᠴᠣᠭᠴᠠᠠᠯᠪᠤᠷᠢ ᠪᠣᠯᠵᠤ ᠬᠥᠭᠵᠢᠵᠡᠢ᠃
|
ᠵᠢᠷᠤᠭ ᠦ᠋ᠨ ᠴᠣᠮᠤᠭ
-
XIII ᠵᠠᠭᠤᠨ ᠳ᠋ᠤ ᠠᠩᠬ ᠠ᠋
ᠳᠤᠷᠠᠳᠤᠭᠳᠠᠭᠰᠠᠨ᠂
XIX ᠵᠠᠭᠤᠨ ᠳ᠋ᠤ ᠰᠢᠨᠡᠴᠢᠯᠡᠭᠳᠡᠭᠰᠡᠨ
Hohenzollern ᠰᠢᠯᠲᠦᠭᠡᠨ -
1333 ᠣᠨ ᠳ᠋ᠤ
ᠪᠠᠢᠢᠭᠤᠯᠤᠭᠰᠠᠨ᠂
XVI-XVII ᠵᠠᠭᠤᠨ ᠳ᠋ᠤ ᠥᠷᠭᠡᠳᠬᠡᠭᠰᠡᠨ
ᠾᠢᠮᠧᠵᠢ ᠰᠢᠯᠲᠦᠭᠡᠨ -
XV ᠵᠠᠭᠤᠨ ᠳ᠋ᠤ
ᠪᠠᠢᠢᠭᠤᠯᠤᠭᠰᠠᠨ,
XVII ᠵᠠᠭᠤᠨ ᠳ᠋ᠤ ᠰᠢᠨᠡᠴᠢᠯᠡᠭᠳᠡᠭᠰᠡᠨ
ᠫᠠᠷᠥ᠋ ᠰᠢᠯᠲᠦᠭᠡᠨ᠂
ᠪᠦᠲ᠋ᠠᠨ ᠤᠯᠤᠰ
ᠡᠬᠢ ᠰᠤᠷᠪᠤᠯᠵᠢ
ᠲᠠᠨ ᠤ ᠡᠬᠢ ᠰᠤᠷᠪᠤᠯᠵᠢ