Chimee

Wikibilig-с
13:10, 1 Дөрөвдүгээр сар 2021-ий байдлаарх Uranbilig (яриа | оруулсан хувь нэмэр) хэрэглэгчийн хийсэн залруулга

ᠭᠠᠷ ᠤᠲᠠᠰᠤᠨ ‍ᠤ Chimee ᠬᠡᠷᠡᠭᠯᠡᠭᠦᠷ

Chimee ᠢᠨᠦ ᠭᠠᠷ ᠤᠲᠠᠰᠤ ᠳᠡᠭᠡᠷ ᠎ᠡ᠋ ᠮᠣᠩᠭᠤᠯ ᠪᠢᠴᠢᠭ ‍ᠢᠢᠡᠷ ᠰᠢᠪᠡᠬᠦ ᠬᠡᠷᠡᠭᠯᠡᠭᠦᠷ ᠶᠤᠮ᠃


ᠳᠠᠪᠠᠭᠤ ᠲᠠᠯ᠎ᠠ ᠨᠤᠭᠤᠳ᠄

ᠮᠣᠩᠭᠤᠯ ᠪᠢᠴᠢᠭ ‍ᠦᠨ ᠪᠤᠰᠤᠳ ᠬᠡᠷᠡᠭᠯᠡᠭᠦᠷ (app) ᠬᠠᠷᠢᠴᠠᠭᠤᠯᠬᠤ ᠳᠤ ᠭᠠᠷ ᠳᠡᠭᠡᠷᠡᠬᠢ ᠦᠰᠦᠭ ᠦᠨ ᠳᠦᠰᠦᠯᠡᠯ ᠪᠣᠰᠤᠭ᠎ᠠ ᠬᠠᠷᠠᠭᠳᠤᠴᠠ ᠲᠠᠢ ᠲᠤᠯᠠ ᠬᠡᠷᠡᠭᠯᠡᠭᠴᠢᠳ ᠳᠦ ᠲᠠᠭᠠᠲᠠᠢ᠂ ᠡᠪᠲᠡᠢ ᠪᠠᠶ᠋ᠢᠳᠠᠭ᠃

Chimee ᠬᠡᠷᠡᠭᠯᠡᠭᠦᠷ ‍ᠢ ᠰᠠᠭᠤᠯᠭᠠᠭᠰᠠᠨ  ‍ᠢᠶ᠋ᠠᠷ ᠨᠢᠭᠡ ᠬᠡᠷᠡᠭᠯᠡᠭᠦᠷ ᠪᠤᠶᠤ ᠭᠠᠷ ᠳᠡᠭᠡᠷ᠎ᠡ ᠭᠤᠷᠪᠠᠨ ᠥᠭᠡᠷ᠎ᠡ ᠴᠠᠭᠠᠨ ᠲᠣᠯᠣᠭᠠᠢ ᠬᠡᠷᠡᠭᠯᠡᠵᠦ ᠪᠣᠯᠬᠤ ᠳᠠᠪᠠᠭᠤ ᠲᠠᠯ᠎ᠠ ᠲᠠᠢ᠃


ᠥᠭᠡᠷ᠎ᠡ ᠪᠡᠷ ᠬᠡᠯᠡᠪᠡᠯ ᠻᠢᠷᠢᠯ᠂ ᠯᠠᠲ᠋ᠢᠨ᠂ ᠮᠣᠩᠭᠣᠯ ᠪᠢᠴᠢᠭ ᠭᠡᠰᠡᠨ ᠦᠭᠡ ᠶᠤᠮ᠃

ᠡᠭᠦᠪᠡᠷ ‍ᠢᠶ᠋ᠡᠨ ᠣᠯᠠᠨ ᠬᠡᠷᠡᠭᠯᠡᠭᠦᠷ ᠲᠠᠲᠠᠬᠤ ᠱᠠᠭᠠᠷᠳᠠᠯᠭ᠎ᠠ ᠦᠭᠡᠢ ᠪᠣᠯᠭᠠᠵᠤ ᠪᠠᠢᠢᠨ᠎ᠠ᠃

ᠮᠣᠩᠭᠣᠯ ᠪᠢᠴᠢᠭ ᠳᠡᠮᠵᠢᠬᠦ ᠦᠭᠡᠢ ᠤᠷᠴᠢᠨ ᠳᠤ ᠡᠰᠡᠪᠡᠯ ᠬᠡᠷᠡᠭᠯᠡᠵᠦ ᠪᠤᠢ ᠲᠥᠬᠥᠭᠡᠷᠦᠮᠵᠢ ᠮᠣᠩᠭᠣᠯ ᠪᠢᠴᠢᠭ  ‍ᠢᠶ᠋ᠡᠷ ᠪᠢᠴᠢᠭᠰᠡᠨ ᠵᠦᠢᠯ ᠢ ᠬᠦᠯᠢᠶᠡᠨ ᠠᠪᠤᠭᠴᠢ ᠨᠢ ᠤᠩᠰᠢᠬᠤ ᠪᠣᠯᠤᠮᠵᠢ ᠦᠭᠡᠢ ᠨᠥᠬᠥᠴᠡᠯ ᠳᠦ Chimee ᠳᠡᠭᠡᠷ᠎ᠡ ᠡᠴᠡ ᠪᠢᠴᠢᠭᠰᠡᠨ ᠪᠢᠴᠢᠪᠦᠷᠢ ᠰᠢᠭᠤᠳ ᠵᠢᠷᠤᠭ ᠬᠡᠯᠪᠡᠷᠢ ᠳᠦ ᠰᠢᠯᠵᠢᠵᠦ ᠬᠦᠷᠡᠳᠡᠭ᠃


ᠮᠥᠨ ᠵᠢᠵᠢᠭ ᠵᠢᠷᠤᠭ ᠲᠤ ᠮᠣᠩᠭᠣᠯ ᠪᠢᠴᠢᠭ ᠦᠨ ᠵᠢᠵᠢᠭ ᠪᠢᠴᠢᠪᠦᠷᠢ ᠲᠠᠶ᠋ᠢᠯᠪᠤᠷᠢ ᠣᠷᠣᠭᠤᠯᠬᠤ ᠵᠡᠷᠭᠡ ᠳᠦ ᠠᠰᠢᠭᠯᠠᠨ᠎ᠠ᠃

ᠮᠥᠨ ᠮᠣᠩᠭᠤᠯ ᠪᠢᠴᠢᠭ ‍ᠦᠨ Menksoft ᠰᠲ᠋ᠠᠨ᠍ᠳᠠᠷᠳ᠋ ‍ᠢᠢᠠᠷ ᠪᠢᠴᠢᠭᠰᠡᠨ ᠪᠢᠰᠢᠪᠦᠷᠢ ‍ᠢᠢ Unicode ᠰᠲ᠋ᠠᠨ᠍ᠳᠠᠷᠳ᠋ ‍ᠳᠤ ᠬᠥᠷᠪᠦᠭᠦᠯᠦᠨ ᠤᠩᠰᠢᠬᠤ᠂ ᠡᠰᠡᠪᠡᠯ Unicode ᠡᠴᠡ Menksoft ᠤᠷᠤᠭᠤ ᠬᠥᠷᠪᠠᠭᠦᠯᠬᠦ ᠪᠣᠯᠤᠮᠵᠢ ᠲᠠᠢ᠃

-ᠳᠤᠲᠠᠭᠳᠠᠯ᠄ ᠲᠧᠻᠨᠣᠯᠣᠭᠢ ᠶᠢᠨ ᠡᠷᠴᠢᠮ ᠲᠡᠶ ᠬᠥᠭᠵᠢᠯ ᠦᠨ ᠥᠨᠦ ᠦᠶ᠎ᠡ ᠳᠦ ᠵᠠᠷᠢᠮ ᠲᠣᠬᠢᠶᠠᠯᠳᠤᠯ ᠳᠤ ᠦᠭᠡ ᠰᠠᠨᠠᠯ ᠪᠣᠯᠭᠠᠬᠤ ᠹᠦᠨ᠍ᠻᠴᠢ ᠪᠠᠶᠢᠬᠤ ᠦᠭᠡᠢ ᠨᠢ ᠦᠭᠡ ᠢᠢ ᠥᠪᠡᠷ ᠢᠶᠡᠨ ᠵᠠᠪᠠᠯ ᠪᠦᠲᠦᠨ ᠪᠢᠴᠢᠬᠦ ᠱᠠᠭᠠᠷᠳᠠᠯᠭ᠎ᠠ ᠲᠠᠢ ᠪᠣᠯᠳᠠᠭ ᠨᠢ ᠴᠠᠭ ᠵᠢᠭᠠᠬᠠᠨ ᠠᠯᠳᠠᠬᠤ ᠲᠠᠯ᠎ᠠ ᠲᠠᠢ᠃ ᠭᠡᠬᠦ ᠳᠦ ᠪᠡᠨ ᠤᠷᠢᠳᠤ ᠨᠢ ᠪᠢᠴᠢᠵᠦ ᠪᠠᠶᠢᠭᠰᠠᠨ ᠦᠭᠡ ᠨᠦᠭᠦᠳ ᠢ ᠬᠠᠳᠠᠭᠠᠯᠠᠵᠤ ᠰᠣᠩᠭᠣᠯᠲᠠ ᠮᠠᠶ᠋ᠢᠭ ᠢᠶᠠᠷ ᠭᠠᠷᠭᠠᠵᠤ ᠢᠷᠡᠳᠡᠭ ᠴᠤ ᠡᠨᠡ ᠨᠢ ᠪᠠᠰᠠ ᠤᠴᠢᠷ ᠳᠤᠲᠠᠭᠳᠠᠯ ᠲᠠᠢ᠃ ᠡᠨᠡ ᠨᠢ ᠤᠷᠢᠳᠤ ᠨᠢ ᠠᠯᠳᠠᠭ᠎ᠠ ᠲᠠᠢ ᠪᠢᠴᠢᠭᠰᠡᠨ ᠪᠣᠯ ᠠᠯᠳᠠᠭ᠎ᠠ ᠲᠠᠢ ᠦᠭᠡ ᠰᠠᠨᠠᠯ ᠪᠣᠯᠭᠠᠨ᠎ᠠ ᠃ ᠦᠭᠡ ᠶᠢᠨ ᠬᠤᠪᠢᠷᠠᠭᠰᠠᠨ ᠰᠣᠩᠭᠣᠯᠲᠠ ᠪᠠᠶᠢᠬᠤ ᠦᠭᠡᠢ᠃ ᠢᠨ᠍ᠲ᠋ᠧᠷᠨᠧᠲ ᠤᠷᠴᠢᠨ ᠳᠤ ᠬᠠᠶᠢᠯᠲᠠ ᠬᠢᠬᠦ  《Search》 ᠲᠣᠪᠴᠢ ᠪᠠᠶᠢᠬᠤ ᠦᠭᠡᠢ ᠲᠤᠯᠠ ᠤᠭ ᠭᠠᠷ ᠢ ᠠᠰᠢᠭᠯᠠᠬᠤ ᠦᠶ᠎ᠡ ᠳᠦ ᠪᠡᠨ ᠵᠠᠪᠠᠯ ᠤᠲᠠᠰᠤᠨ ᠤ ᠦᠨᠳᠦᠰᠦᠨ ᠭᠠᠷ ᠢ ᠰᠣᠩᠭᠣᠵᠤ ᠪᠠᠶᠢᠵᠤ ᠬᠠᠶᠢᠯᠲᠠ ᠬᠢᠬᠦ  ᠳᠦ ᠬᠦᠷᠴᠦ ᠪᠠᠢᠢᠨ᠎ᠠ ᠃

ᠡᠴᠦᠰ ᠲᠦ ᠨᠢ ᠬᠡᠯᠬᠦ ᠳᠦ ᠲᠤᠰ ᠬᠡᠷᠡᠭᠯᠡᠭᠦᠷ ᠢ ᠪᠢ ᠵᠥᠪᠬᠡᠨ ᠬᠡᠷᠡᠭᠯᠡᠭᠴᠢ ᠪᠥᠭᠡᠳ ᠶᠠᠮᠪᠠᠷ ᠨᠢᠭᠡ ᠰᠡᠵᠢᠮ ᠢᠶᠡᠷ ᠲᠤᠰ ᠬᠥᠭᠵᠢᠭᠦᠯᠦᠭᠴᠢ ᠢᠢ ᠰᠤᠷᠲᠠᠯᠴᠢᠯᠠᠭᠠᠳᠦᠢ ᠪᠣᠯᠤᠨ᠎ᠠ᠃ ᠲᠤᠬᠠᠢ ᠶᠢᠨ ᠬᠡᠷᠡᠭᠯᠡᠭᠦᠷ ᠢ ᠬᠥᠭᠵᠢᠭᠦᠯᠦᠭᠴᠢ ᠨᠢ ᠤᠯᠠᠮ ᠰᠠᠶᠢᠵᠢᠷᠠᠭᠤᠯᠤᠨ᠎ᠠ ᠭᠡᠳᠡᠭ ᠲᠦ ᠢᠲᠡᠭᠡᠯ ᠲᠡᠢ ᠪᠠᠶᠢᠨ᠎ᠠ ᠃ ᠮᠥᠨ ᠬᠡᠷᠡᠭᠯᠡᠭᠴᠢ ᠲᠠ ᠪᠦᠬᠦᠨ ᠥᠪᠡᠷ ᠢᠶᠡᠨ ᠬᠡᠷᠡᠭᠯᠡᠵᠦ ᠦᠵᠡᠭᠡᠳ ᠥᠪᠡᠷ ᠲᠦ ᠲᠣᠬᠢᠶᠠᠯᠳᠤᠵᠤ ᠪᠠᠶᠢᠭ᠎ᠠ ᠠᠰᠠᠭᠤᠳᠠᠯ ᠢᠶᠠᠨ ᠬᠥᠭᠵᠢᠭᠦᠯᠦᠭᠴᠢ ᠨᠠᠷ ᠲᠤ ᠤᠯᠠᠮᠵᠢᠯᠠᠪᠠᠯ ᠤᠯᠠᠮ ᠰᠠᠢᠢᠵᠢᠷᠠᠭᠤᠯᠬᠤ ᠦᠨ᠎ᠠ ᠲᠡᠢ ᠬᠤᠪᠢ ᠨᠡᠮᠡᠷᠢ ᠪᠣᠯᠬᠤ ᠪᠤᠶ ᠵᠠ᠃