ᠰᠲ᠋ᠠᠷᠯᠢᠨ᠍ᠻ

Wikibilig-с
17:54, 15 Долоодугаар сар 2022-ий байдлаарх Ononbilig (яриа | оруулсан хувь нэмэр) хэрэглэгчийн хийсэн залруулга


align: top


ᠰᠲ᠋ᠠᠷᠯᠢᠨ᠍ᠻ ᠢᠨᠦ ᠨᠠᠮ ᠲᠣᠭᠤᠷᠢᠭ ᠵᠠᠮ ‍ᠳᠠᠬᠢ ᠬᠢᠮᠡᠯ ᠳᠠᠭᠠᠭᠤᠯᠢ ‍ᠢᠢᠨ ᠴᠢᠭᠤᠯᠭᠠᠨ ‍ᠢᠢᠠᠷ ᠳᠠᠮᠵᠢᠭᠤᠯᠤᠨ ᠳᠡᠯᠡᠬᠡᠢ ‍ᠢᠢᠨ ᠥᠨᠴᠦᠭ ᠪᠤᠯᠤᠩ ᠪᠦᠷᠢ ‍ᠳ᠋ᠦ ᠥᠨᠳᠦᠷ ᠬᠤᠷᠳᠤ ᠲᠠᠢ᠂ ᠬᠦᠯᠢᠶᠡᠭᠳᠡᠯ ᠪᠣᠭᠤᠨᠢ ᠲᠠᠢ ᠢᠨ᠍ᠲ᠋ᠧᠷᠨᠧᠲ ᠦᠢᠯᠡᠴᠢᠯᠢᠭᠡ ᠬᠦᠷᠭᠡᠬᠦ ᠲᠥᠰᠦᠯ ᠪᠢᠯᠡ᠃[1]

ᠰᠲ᠋ᠠᠷᠯᠢᠨ᠍ᠻ ᠢᠨᠦ ᠬᠢᠮᠡᠯ ᠳᠠᠭᠠᠭᠤᠯᠢ ᠶᠢᠨ ᠰᠦᠯᠵᠢᠶ᠎ᠡ᠂ ᠭᠠᠵᠠᠷ ᠳᠡᠭᠡᠷ᠎ᠡ ᠪᠠᠢᠢᠷᠢᠯᠠᠵᠤ ᠪᠤᠢ ᠥᠭᠭᠥᠭᠳᠡᠯ ᠦᠨ ᠲᠥᠪ᠂ ᠡᠴᠦᠰ ‍ᠦᠨ ᠬᠡᠷᠡᠭᠯᠡᠭᠴᠢ ‍ᠢᠢᠨ ᠬᠦᠯᠢᠶᠡᠨ ᠠᠪᠬᠤ ᠲᠥᠬᠥᠭᠡᠷᠦᠮᠵᠢ ᠡᠴᠡ ᠪᠥᠷᠢᠳᠦᠨ᠎ᠡ᠃ ᠭᠠᠵᠠᠷ ᠠᠴᠠ ᠢᠯᠡᠭᠡᠭᠰᠡᠨ ᠢᠨ᠍ᠲ᠋ᠧᠷᠨᠧᠲ ‍ᠦᠨ ᠳᠣᠬᠢᠶ᠎ᠠ ᠮᠡᠳᠡᠭᠡᠯᠡᠯ ᠬᠢᠮᠡᠯ ᠳᠠᠭᠠᠭᠤᠯᠢ ᠳᠤ ᠬᠦᠷᠡᠨ᠎ᠡ᠃ ᠬᠢᠮᠡᠯ ᠳᠠᠭᠠᠭᠤᠯᠢ ᠪᠣᠯᠪᠠᠰᠤᠷᠠᠭᠤᠯᠤᠭᠠᠳ᠂ ᠬᠠᠷᠢᠭᠤ ᠮᠡᠳᠡᠭᠡᠯᠡᠯ ᠢ ᠣᠶ᠋ᠢᠷ᠎ᠠ ᠶᠢᠨ ᠳᠥᠷᠪᠡᠨ ᠬᠢᠮᠡᠯ ᠳᠠᠭᠠᠭᠤᠯᠢ ᠳᠤ ᠢᠯᠡᠭᠡᠨ᠎ᠡ᠃ ᠴᠢᠨᠠᠭᠰᠢᠯᠠᠭᠠᠳ ᠪᠤᠰᠤᠳ ᠬᠢᠮᠡᠯ ᠳᠠᠭᠠᠭᠤᠯᠢ ᠳᠤ ᠳᠠᠮᠵᠢᠭᠤᠯᠤᠭᠳᠠᠬᠤ ᠠᠭᠠᠳ᠂ ᠬᠦᠯᠢᠶᠡᠨ ᠠᠪᠬᠤ ᠲᠥᠬᠥᠭᠡᠷᠦᠮᠵᠢ ᠳᠦ ᠬᠠᠮᠤᠭ ᠤᠨ ᠳᠥᠲᠡ ᠬᠦᠷᠬᠦ ᠬᠢᠮᠡᠯ ᠳᠠᠭᠠᠭᠤᠯᠢ ᠠᠴᠠ ᠬᠦᠯᠢᠶᠡᠨ ᠠᠪᠬᠤ ᠲᠥᠬᠥᠭᠡᠷᠦᠮᠵᠢ ᠳᠦ ᠮᠡᠳᠡᠭᠡᠯᠡᠯ ᠢ ᠳᠠᠮᠵᠢᠭᠤᠯᠤᠨ᠎ᠠ᠃


ᠠᠵᠢᠯᠯᠠᠭᠠᠨ ‍ᠤ ᠵᠠᠷᠴᠢᠮ

ᠰᠲ᠋ᠠᠷᠯᠢᠨ᠍ᠻ ᠢᠨᠦ ᠲᠧᠻᠨᠢᠻ ‍ᠦᠨ ᠬᠤᠪᠢ ‍ᠳᠤ ᠬᠢᠮᠡᠯ ᠳᠠᠭᠠᠭᠤᠯᠢ ‍ᠢᠢᠨ ᠢᠨ᠍ᠲ᠋ᠧᠷᠨᠧᠲ ᠲᠡᠻᠨᠣᠯᠣᠭᠢ ᠶᠤᠮ᠃ ᠬᠡᠳᠦᠢ ᠬᠢᠮᠡᠯ ᠳᠠᠭᠠᠭᠤᠯᠢ ‍ᠢᠢᠨ ᠢᠨ᠍ᠲ᠋ᠧᠷᠨᠧᠲ ᠬᠣᠯᠪᠤᠭ᠎ᠠ ᠣᠯᠠᠨ ᠵᠢᠯ ᠠᠰᠢᠭᠯᠠᠭᠳᠠᠵᠤ ᠢᠷᠡᠭᠰᠡᠨ ᠪᠣᠯᠪᠠᠴᠤ ᠰᠲ᠋ᠠᠷᠯᠢᠨ᠍ᠻ ᠢᠨᠦ ᠬᠢᠮᠡᠯ ᠳᠠᠭᠠᠭᠤᠯᠢ ‍ᠢᠢ ᠨᠠᠮ ᠲᠣᠭᠤᠷᠢᠭ ᠵᠠᠮ  ᠳᠤ ᠪᠠᠢᠢᠷᠢᠯᠠᠭᠤᠯᠤᠭᠰᠠᠨ ‍ᠢᠢᠠᠷ ᠥᠭᠦᠭᠳᠡᠯ ᠳᠠᠮᠵᠢᠭᠤᠯᠬᠤ ᠳ᠋ᠤ ᠤᠴᠢᠷᠳᠠᠭ ᠬᠦᠯᠢᠶᠡᠭᠡᠳᠡᠯ ‍ᠢ ᠡᠷᠡᠰ ᠪᠣᠭᠤᠨᠢᠰᠬᠠᠭᠰᠠᠨ ᠶᠤᠮ᠃ ᠬᠠᠷᠢᠨ ᠪᠦᠬᠦ ᠳᠡᠯᠡᠬᠡᠢ ‍ᠢᠢ ᠬᠠᠮᠤᠷᠬᠤ ᠡᠭᠦᠳᠡᠨ ᠡᠴᠡ ᠨᠡᠢᠢᠲᠡ 40000 ᠬᠢᠮᠡᠯ ᠳᠠᠭᠠᠭᠤᠯᠢ ‍ᠢ ᠨᠠᠮ ᠲᠣᠭᠤᠷᠢᠭ ᠵᠠᠮ ‍ᠳᠤ ᠪᠠᠢᠢᠷᠢᠰᠢᠭᠤᠯᠬᠤ ᠲᠥᠯᠦᠪᠯᠡᠭᠡ ᠲᠡᠢ᠃[2]

ᠤᠯᠠᠮᠵᠢᠯᠠᠯᠲᠤ ᠢᠨ᠍ᠲ᠋ᠧᠷᠨᠧᠲ ᠬᠣᠯᠪᠤᠭᠠᠨ ‍ᠤ ᠬᠢᠮᠡᠯ ᠳᠠᠭᠠᠭᠤᠯᠢ ᠨᠤᠭᠤᠳ ᠤᠨ ᠲᠣᠭᠤᠷᠢᠭ ᠵᠠᠮ 35786 km ᠥᠨᠳᠦᠷ ᠲᠦ ᠪᠠᠢᠢᠳᠠᠭ᠃ ᠴᠠᠬᠢᠯᠭᠠᠨ ᠰᠣᠷᠢᠨᠵᠢᠨ ᠳᠣᠯᠭᠢᠶᠠᠨ ᠭᠡᠷᠡᠯ ‍ᠦᠨ ᠬᠤᠷᠳᠤ ᠪᠠᠷ ᠵᠣᠷᠴᠢᠬᠤ ᠪᠣᠯᠪᠠᠴᠤ ᠬᠦᠯᠢᠶᠡᠭᠳᠡᠯ ᠮᠡᠳᠡᠭᠳᠡᠬᠦᠢᠴᠡ ᠤᠷᠲᠤ ᠪᠠᠢᠢᠳᠠᠭ᠃ ᠭᠠᠵᠠᠷ ‍‍ᠤᠨ ᠲᠥᠬᠦᠭᠡᠷᠡᠮᠵᠢ ᠡᠴᠡ ᠬᠢᠮᠡᠯ ᠳᠠᠭᠠᠭᠤᠯᠢ ᠬᠦᠷᠦᠭᠡᠳ ᠪᠤᠴᠠᠵᠤ ᠢᠷᠡᠬᠦ ᠬᠤᠭᠠᠴᠠᠭ᠎ᠠ 250 ms ᠪᠠᠢᠢᠨ᠎ᠠ᠃ ᠡᠨᠡ ᠪᠣᠯ ᠣᠨᠤᠯ ‍ᠤᠨ ᠬᠤᠪᠢ ‍ᠳᠤ ᠪᠠᠢᠢᠵᠤ ᠪᠣᠯᠬᠤ ᠬᠠᠮᠤᠭ ‍ᠤᠨ ᠪᠠᠭ᠎ᠠ ᠬᠤᠭᠠᠴᠠᠭ᠎ᠠ᠃  ᠵᠠᠷᠢᠮ ᠻᠣᠮᠫᠠᠨᠢ ‍ᠢᠢᠨ ᠬᠢ ᠡᠭᠦᠨ ᠡᠴᠡ ᠨᠠᠮ ᠲᠣᠭᠤᠷᠢᠭ ᠵᠠᠮ ᠠᠰᠢᠭᠯᠠᠬᠤ ᠪᠣᠯᠪᠠᠴᠤ ᠬᠠᠮᠤᠷᠠᠬᠤ ᠲᠠᠯᠠᠪᠠᠢ ᠨᠢ ᠪᠠᠭᠠᠰᠳᠠᠭ᠃ ᠰᠲ᠋ᠠᠷᠯᠢᠨ᠍ᠻ ᠳᠠᠭᠠᠭᠤᠯᠢ ᠨᠤᠭᠤᠳ ‍ᠢ ᠪᠠᠨ 550 km ᠥᠨᠳᠤᠷ ᠲᠦ ᠪᠠᠢᠢᠷᠢᠰᠢᠭᠤᠯᠳᠠᠭ ᠲᠤᠯᠠ ᠬᠦᠯᠢᠶᠡᠭᠳᠡᠯ ‍ᠦᠨ ᠬᠤᠭᠠᠴᠠᠭ᠎ᠠ ‍ᠢᠢ ᠡᠷᠡᠰ ᠪᠠᠭᠠᠰᠬᠠᠭᠰᠠᠨ[3]᠃ ᠬᠠᠷᠢᠨ ᠬᠢᠮᠡᠯ ᠳᠠᠭᠠᠭᠤᠯᠢ  ᠢᠢᠨ ᠰᠦᠯᠵᠢᠶ᠎ᠡ ᠨᠢ ᠶᠡᠬᠡ ᠲᠠᠯᠠᠪᠠᠢ ᠬᠠᠮᠤᠷᠠᠬᠤ ᠪᠣᠯᠤᠮᠵᠢ ᠪᠦᠷᠢᠳᠦᠭᠦᠯᠦᠨ᠎ᠡ᠃


ᠰᠲ᠋ᠠᠷᠯᠢᠨ᠍ᠻ ᠢᠨᠦ ᠪᠢᠴᠢᠯ ᠳᠣᠯᠭᠢᠶᠠᠨ ‍ᠤ Ku ᠪᠠ Ka ᠵᠤᠷᠪᠤᠰ᠂ ᠮᠥᠨ E ᠵᠤᠷᠪᠤᠰ ‍ᠤᠨ ᠠᠨ᠍ᠲ᠋ᠧᠨ᠍ᠨ᠍ᠠ ᠠᠰᠢᠭᠯᠠᠳᠠᠭ᠃[4]

ᠰᠲ᠋ᠠᠷᠯᠢᠨ᠍ᠻ ‍ᠦᠨ ᠬᠢᠮᠡᠯ ᠳᠠᠭᠠᠭᠤᠯᠢ ᠨᠤᠭᠤᠳ ᠨᠢ ᠵᠢᠵᠢᠭ ᠣᠪᠤᠷ ‍ᠤᠨ᠂ ᠨᠢᠭᠡ ᠨᠢ 260 kg ᠮᠠᠰᠰ ᠲᠡᠢ᠃ ᠬᠢᠮᠡᠯ ᠳᠠᠭᠠᠭᠤᠯᠢ ᠲᠤᠰ ᠪᠦᠷᠢ ‍ᠢᠢ ᠨᠠᠷᠠᠨ ‍ᠤ ᠡᠷᠴᠢᠮ ‍ᠢᠢᠡᠷ ᠠᠵᠢᠯᠯᠠᠳᠠᠭ ᠤᠲᠠᠰᠤᠨ ᠬᠣᠯᠪᠤᠯᠲᠠ ᠦᠭᠡᠢ ᠷᠦᠦᠲ᠋ᠧᠷrouter ᠭᠡᠵᠦ ᠦᠵᠡᠵᠦ ᠪᠣᠯᠤᠨ᠎ᠠ᠃ ᠬᠡᠷᠡᠭᠯᠡᠭᠴᠢᠳ ‍ᠦᠨ ᠲᠥᠬᠦᠭᠡᠷᠡᠮᠵᠢ ᠪᠤᠶᠤ ᠭᠠᠵᠠᠷ ‍ᠤᠨ ᠰᠲ᠋ᠠᠨ᠍ᠼ ᠲᠠᠢ ᠬᠣᠯᠪᠤᠭᠳᠠᠬᠤ ‍ᠢᠢᠨ ᠲᠤᠯᠠᠳᠠ ᠳᠡᠯᠡᠬᠡᠢ ᠳ᠋ᠦ ᠬᠠᠨᠳᠤᠭᠰᠠᠨ ᠠᠨ᠍ᠲ᠋ᠧᠨ᠍ᠨ᠍ᠠ ᠲᠠᠢ᠃


ᠨᠠᠮ ᠲᠣᠭᠤᠷᠢᠭ ᠵᠠᠮ ᠳ᠋ᠤ ᠪᠠᠢᠢᠷᠢᠯᠠᠬᠤ ᠲᠤᠯᠠ ᠬᠢᠮᠡᠯ ᠳᠠᠭᠠᠭᠤᠯᠢ ᠨᠣᠭᠤᠳ ᠴᠤᠪᠠᠭ᠎ᠠ ᠪᠠᠷ ᠶᠠᠪᠤᠳᠠᠭ᠂ ᠨᠢᠭᠡ ᠬᠢᠮᠡᠯ ᠳᠠᠭᠠᠭᠤᠯᠢ ᠬᠡᠷᠡᠭᠯᠡᠭᠴᠢ ᠦᠵᠡᠭᠳᠡᠬᠦ ᠲᠠᠯᠠᠪᠪᠠᠢ ᠡᠴᠡ ᠭᠠᠷᠬᠤ ᠳ᠋ᠤ ᠳᠠᠷᠠᠭᠠᠬᠢ ᠬᠢᠮᠡᠯ ᠳᠠᠭᠠᠭᠤᠯᠢ ᠬᠡᠷᠡᠭᠯᠡᠭᠴᠢ ‍ᠢᠢᠨ ᠦᠵᠡᠭᠳᠡᠬᠦ ᠲᠠᠯᠠᠪᠠᠢ ᠳ᠋ᠤ ᠣᠷᠵᠤ ᠢᠷᠡᠵᠦ ᠪᠠᠢᠢᠬᠤ ᠵᠠᠮ ‍ᠢᠢᠠᠷ ᠲᠠᠰᠤᠷᠠᠯᠲᠠ ᠦᠭᠡᠢ ᠬᠣᠯᠪᠤᠭᠳᠠᠬᠤ ᠨᠥᠬᠦᠴᠡᠯ ‍ᠢ ᠬᠠᠩᠭᠤᠵᠤ ᠠᠵᠢᠯᠯᠠᠨ᠎ᠠ᠃

ᠬᠢᠮᠡᠯ ᠳᠠᠭᠠᠭᠤᠯᠢ ‍ᠤᠳ ᠲᠣᠭᠤᠷᠢᠭ ᠵᠠᠮ ‍ᠢᠢᠠᠨ ᠵᠠᠰᠠᠬᠤ᠂ ᠠᠰᠢᠭᠯᠠᠯᠲᠠ ‍ᠢᠢᠨ ᠬᠤᠭᠠᠠᠭ᠎ᠠ ᠳᠠᠭᠤᠰᠬᠤ ᠳ᠋ᠤ ᠲᠠᠭᠤᠷᠢᠭ ᠵᠠᠮ ᠡᠴᠡ ᠭᠠᠷᠬᠤ ᠵᠣᠷᠢᠯᠭ᠎ᠠ ᠲᠠᠢ ᠻᠷᠢᠫᠲ᠋ᠣᠨ᠍ ᠬᠡᠢ ᠪᠦᠬᠦᠢ ᠾᠣᠯᠯ ᠧᠹᠹᠧᠻᠲ᠋ ‍ᠦᠨ ᠲᠡᠢᠢᠷᠦᠯᠲᠡᠲᠦ ᠬᠥᠳᠡᠯᠭᠡᠭᠦᠷHall-Effect Thruster ᠲᠡᠢ ᠪᠠᠢᠢᠨ᠎ᠠ᠃[5]


ᠦᠢᠯᠡᠴᠢᠯᠡᠭᠦᠯᠦᠭᠴᠢᠳ ‍ᠦᠨ ᠲᠥᠬᠦᠭᠡᠷᠡᠮᠵᠢ ‍ᠢᠢᠨ ᠪᠠᠭᠴᠠ ᠨᠢ ᠰᠠᠭᠤᠷᠢ᠂ ᠲᠠᠪᠠᠭ ᠠᠨ᠍ᠲ᠋ᠧᠨ᠍ᠨ᠍ᠠ᠂ Wi-Fi ᠷᠦᠦᠲ᠋ᠧᠷ ᠡᠴᠡ ᠪᠦᠷᠢᠳᠦᠨ᠎ᠡ᠃

ᠰᠲ᠋ᠠᠷᠯᠢᠨ᠍ᠻ ᠦᠢᠯᠡᠴᠢᠯᠡᠭᠡᠨ ‍ᠦ ᠥᠭᠭᠦᠭᠳᠡᠯ ᠲᠠᠲᠤᠬᠤ ᠬᠤᠷᠳᠤ 50-150 Mbps᠂ ᠢᠯᠡᠭᠡᠬᠦ ᠬᠤᠷᠳᠤ 50-150 Mbps ᠪᠠᠢᠢᠨ᠎ᠠ᠃


ᠰᠲ᠋ᠠᠷᠯᠢᠨ᠍ᠻ ‍ᠦᠨ ᠦᠢᠯᠡᠴᠢᠯᠡᠭᠦᠯᠦᠭᠴᠢᠳ ᠰᠲ᠋ᠠᠷᠯᠢᠨ᠍ᠻ ‍ᠦᠨ ᠪᠠᠭᠴᠠ ᠲᠣᠨᠤᠭ ᠲᠥᠬᠦᠭᠡᠷᠡᠮᠵᠢ ‍ᠢ ᠪᠡᠨ ᠤᠭᠰᠠᠷᠠᠭᠰᠠᠨ ‍ᠤ ᠳᠠᠷᠠᠭ᠎ᠠ ᠠᠨ᠍ᠲ᠌ᠧᠨ᠍ᠨ᠍ᠠ ᠨᠢ ᠥᠪᠡᠷ ᠢᠢᠡᠨ ᠬᠠᠮᠤᠭ ‍ᠤᠨ ᠣᠢᠢᠷ᠎ᠠ ᠬᠢᠮᠡᠯ ᠳᠠᠭᠠᠭᠤᠯᠢ ‍ᠢᠢ ᠣᠯᠵᠤ᠂ ᠲᠡᠭᠦᠨ ᠳ᠋ᠦ ᠬᠣᠯᠪᠤᠭᠳᠠᠨ᠎ᠠ᠃ ᠬᠢᠮᠡᠯ ᠳᠠᠭᠠᠭᠤᠯᠢ ᠨᠤᠭᠤᠳ ᠭᠢᠩᠵᠢᠨ ᠴᠤᠪᠠᠭ᠎ᠠ ᠪᠣᠯᠤᠨ ᠶᠠᠪᠤᠬᠤ ᠲᠤᠯᠠ ᠬᠢᠮᠡᠯ ᠳᠠᠭᠠᠭᠤᠯᠢ ᠲᠤᠰ ᠪᠦᠷᠢ ᠨᠢ ᠳᠠᠷᠠᠭ᠎ᠠ ‍ᠢᠢᠨ ‍ᠢᠢᠠᠨ ᠬᠢᠮᠡᠯ ᠳᠠᠭᠠᠭᠤᠯᠢ ᠲᠠᠢ ᠬᠣᠯᠪᠤᠭᠳᠠᠵᠤ᠂ ᠲᠡᠷᠡ ᠨᠢ ᠪᠠᠰᠠ ᠳᠠᠷᠠᠭ᠎ᠠ ‍ᠢᠢᠨ ‍ᠬᠢ ᠲᠠᠢ ᠪᠠᠨ ᠬᠣᠯᠪᠤᠭᠳᠠᠬᠤᠴᠢᠯᠠᠨ ᠦᠢᠯᠡᠴᠢᠯᠡᠭᠦᠯᠦᠭᠴᠢ ‍ᠢᠢ ᠲᠠᠰᠤᠷᠠᠯᠲᠠ ᠦᠭᠡᠢ ᠬᠣᠯᠪᠤᠯᠲᠠ ᠪᠠᠷ ᠬᠠᠩᠭᠠᠵᠤ ᠠᠵᠢᠯᠯᠠᠨ᠎ᠠ᠃[5]

SpaceX ‍ᠦᠨ ᠲᠥᠰᠦᠯ ‍ᠢᠢᠡᠷ ᠬᠢᠮᠡᠯ ᠳᠠᠭᠠᠭᠤᠯᠢ ᠲᠤᠰ ᠪᠦᠷᠢ ᠨᠢ ᠣᠢᠢᠷ ᠠ ᠵᠡᠷᠭᠡᠯᠳᠡᠭᠡ ᠬᠢᠮᠡᠯ ᠳᠠᠭᠠᠭᠤᠯᠢ ‍ᠤᠳ ᠲᠠᠢ ᠯᠠᠰᠧᠷ ‍ᠢᠢᠠᠷlaser ᠬᠣᠯᠪᠤᠭᠳᠠᠬᠤ ᠤᠴᠢᠷ ᠲᠠᠢ᠃ ауᠬᠦ ᠳ᠋ᠦ ᠪᠡᠨ ᠡᠬᠢᠨ ‍ᠦ ᠬᠥᠭᠡᠷᠭᠡᠭᠰᠡᠨ ᠪᠠᠭᠴᠠ ᠬᠢᠮᠡᠯ ᠳᠠᠭᠠᠭᠤᠯᠢ ᠨᠤᠭᠤᠳ ᠲᠤ ᠢᠢᠮᠦ ᠪᠣᠯᠤᠮᠵᠢ ᠪᠠᠢᠢᠬᠤ ᠦᠭᠡᠢ᠃ ᠲᠡᠭᠦᠨ ‍ᠦ ᠣᠷᠤᠨ ᠳ᠋ᠤ ᠭᠧᠢᠢᠲ᠋ᠸᠠᠢgateway ᠬᠡᠮᠡᠬᠦ ᠭᠠᠵᠠᠷ ‍ᠤᠨ ᠰᠲᠠᠨ᠍ᠼ ‍ᠤᠳ ‍ᠢ ᠳᠡᠯᠡᠬᠡᠢ ᠳᠠᠶᠠᠭᠠᠷ ᠪᠠᠢᠢᠭᠤᠯᠤᠭᠰᠠᠨ ᠪᠠᠢᠢᠨ᠎ᠠ᠃ ᠲᠡᠳᠡᠭᠡᠷ ᠭᠠᠵᠠᠷ ‍ᠤᠨ ᠰᠲ᠋ᠠᠨ᠍ᠼ ᠨᠢ ᠰᠲ᠋ᠠᠷᠯᠢᠨ᠍ᠻ ‍ᠦᠨ ᠬᠢᠮᠡᠯ ᠳᠠᠭᠠᠭᠤᠯᠢ ᠲᠠᠢ ᠳᠣᠬᠢᠶ ‍ᠠ᠋ ᠰᠣᠯᠨᠯᠴᠠᠭᠠᠳ ᠰᠢᠯᠢᠨ ᠻᠠᠪᠧᠯ ‍ᠦᠨ ᠰᠦᠯᠵᠢᠶᠡᠨ ᠳ᠋ᠦ ᠳᠠᠮᠵᠢᠭᠤᠯᠤᠨ᠎ᠠ᠃ ᠬᠠᠷᠢᠨ ᠬᠡᠷᠡᠭᠯᠡᠭᠴᠢ ᠨᠢ ᠰᠲ᠋ᠠᠷᠯᠢᠨ᠍ᠻ ‍ᠦᠨ ᠬᠢᠮᠡᠯ ᠳᠠᠭᠠᠭᠤᠯᠢ ᠲᠠᠢ ᠬᠣᠯᠪᠤᠭᠳᠠᠬᠤ ᠲᠥᠬᠦᠭᠡᠷᠡᠮᠵᠢ ᠲᠠᠢ ᠪᠠᠢᠢᠬᠤ ‍ᠢᠢᠨ ᠳᠡᠭᠡᠷ ‍ᠡ᠋ ᠪᠠᠰᠠ ᠭᠧᠢᠢᠲ᠋ᠸᠠᠢ ‍ᠢᠢᠨ 800 km ᠬᠦᠷᠢᠶᠡᠨ ᠳ᠋ᠦ ᠪᠠᠭᠲᠠᠵᠤ ᠪᠠᠢᠢᠬᠤ ᠱᠠᠭᠠᠷᠳᠠᠯᠭᠠᠲᠠᠢ᠃

ᠭᠡᠪᠴᠢ ᠡᠨᠡ ᠪᠠᠢᠢᠳᠠᠯ ᠤᠳᠠᠭᠠᠨ ᠦᠷᠭᠡᠯᠵᠢᠯᠡᠬᠦ ᠦᠭᠡᠢ᠃ ᠰᠲ᠋ᠠᠷᠯᠢᠨ᠍ᠻ ‍ᠦᠨ ᠢᠨ᠍ᠵᠧᠨᠧᠷ ‍ᠦᠳ ᠯᠠᠰᠧᠷ ‍ᠤᠨ ᠬᠣᠯᠪᠤᠭ᠎ᠠ ᠪᠦᠬᠦᠢ ᠬᠢᠮᠡᠯ ᠳᠠᠭᠠᠭᠤᠯᠢ ‍ᠤᠳ ᠲᠤᠷᠰᠢᠵᠤ ᠪᠠᠢᠢᠨ᠎ᠠ᠃ ᠡᠭᠦᠨ ‍ᠦ ᠦᠷ ‍ᠡ᠋ ᠳ᠋ᠦᠩ ᠳ᠋ᠦ ᠬᠡᠷᠡᠭᠯᠡᠭᠴᠢᠳ ᠣᠢᠢᠷ ‍ᠠ᠋ ‍ᠪᠤᠢ ᠭᠠᠵᠠᠷ ‍ᠤᠨ ᠰᠲ᠋ᠠᠨ᠍ᠼ ᠲᠠᠢ ᠬᠣᠯᠪᠤᠭᠳᠠᠬᠤ ᠬᠡᠷᠡᠭ ᠦᠭᠡᠢ ᠪᠣᠯᠵᠤ᠂ ᠬᠢᠮᠡᠯ ᠳᠠᠭᠠᠭᠤᠯᠢ ‍ᠤᠳ ᠬᠣᠭᠤᠷᠤᠨᠳᠤ ᠪᠠᠨ ᠰᠢᠭᠤᠳ ᠳᠣᠬᠢᠶᠠᠯᠠᠯ ᠰᠣᠯᠢᠯᠴᠠᠨ ᠠᠵᠢᠯᠯᠠᠬᠤ ᠪᠣᠯᠤᠨ᠎ᠠ᠃[6]

ᠬᠠᠮᠤᠷᠤᠯᠲᠠ ‍ᠢᠢᠨ ᠪᠠᠢᠢᠳᠠᠯ

ᠰᠲ᠋ᠠᠷᠯᠢᠨ᠍ᠻ

ᠰᠥᠷᠭᠦ ᠨᠥᠯᠦᠭᠡ

ᠰᠲ᠋ᠠᠷᠯᠢᠨ᠍ᠻ

ᠵᠠᠬ᠎ᠠ ᠵᠡᠭᠡᠯᠢ

SpaceX ᠢᠨ᠍ᠲ᠋ᠧᠷᠨᠧᠲ ‍ᠦᠨ ᠬᠤᠷᠳᠤ ᠤᠳᠠᠭᠠᠨ ᠲᠠᠢ ᠪᠠᠢᠢᠷᠢᠰᠢᠯ ‍ᠤᠳ᠂ ᠢᠯᠠᠩᠭᠤᠶ ‍ᠠ᠋ ᠬᠥᠳᠦᠭᠡ ᠣᠷᠤᠨ ᠨᠤᠲᠤᠭ᠂ ᠠᠯᠤᠰᠯᠠᠭᠳᠠᠭᠰᠠᠨ ᠭᠠᠵᠠᠷ ‍ᠤᠳ ᠲᠤ ᠰᠲ᠋ᠠᠷᠯᠢᠩᠻ ᠦᠢᠯᠡᠴᠢᠯᠡᠭᠡ ‍ᠢᠢ ᠪᠡᠨ ᠬᠦᠷᠭᠡᠬᠦ ᠳ᠋ᠦ ᠲᠡᠷᠢᠭᠦᠯᠦᠨ ᠠᠩᠬᠠᠷᠠᠵᠤ ᠪᠠᠢᠢᠨ᠎ᠠ᠃ ᠰᠲ᠋ᠠᠷᠯᠢᠩᠻ ‍‍ᠦᠨ ᠬᠤᠪᠢ ᠳ᠋ᠤ ᠬᠣᠲᠠ ᠰᠠᠭᠤᠷᠢᠨ ᠭᠠᠵᠠᠷ ᠲᠤ ᠥᠨᠳᠦᠷ ᠬᠤᠷᠳᠤ ᠲᠠᠢ ᠢᠨ᠍ᠲ᠋ᠧᠷᠨᠧᠲ ᠬᠣᠯᠪᠤᠯᠲᠠ ‍ᠢᠢ ᠰᠠᠷ ‍ᠠ᠋ ᠳ᠋ᠤ 50 ᠠᠮᠧᠷᠢᠻ ‍ᠳᠣᠯᠯᠠᠷ ᠡᠴᠡ ᠪᠠᠭ᠎ᠠ ᠦᠨᠡ ᠪᠡᠷ ᠣᠯᠭᠤᠳᠠᠭ ᠭᠠᠵᠠᠷ ‍ᠤᠨ ISP ᠦᠢᠯᠡᠴᠢᠯᠡᠭᠡ ᠲᠡᠢ ᠥᠷᠢᠰᠦᠯᠳᠦᠬᠦ ᠨᠢ ᠠᠰᠢᠭ ᠦᠭᠡᠢ ᠪᠠᠢᠢᠬᠤ ᠪᠣᠯᠤᠯᠲᠠᠢ᠃[2]

ᠨᠡᠷ᠎ᠡ ᠲᠣᠮᠢᠶᠠᠯᠠᠯ

ᠬᠢᠮᠡᠯ ᠳᠠᠭᠠᠭᠤᠯᠢ - искусственный спутник - satellite

ᠡᠬᠢ ᠰᠤᠷᠪᠤᠯᠵᠢ

  1. Starlink. ᠬᠠᠨᠳᠤᠭᠰᠠᠨ 2022/03/05. Starlink. https://www.starlink.com/
  2. 2.0 2.1 Michael Kan. What Is Starlink? SpaceX's Much-Hyped Satellite Internet Service Explained. 2022/02/10. PCMag. https://www.pcmag.com/how-to/what-is-starlink-spacex-satellite-internet-service-explained
  3. Eric Betz. How do spaceX's Starlink satellites actually work? 2021/06/24. Astronomy. https://astronomy.com/news/2021/06/how-do-starlink-satellites-actually-work
  4. International Bureau. FCC Selected Application Listing. 2022. Federal Communications Commission. https://licensing.fcc.gov/cgi-bin/ws.exe/prod/ib/forms/reports/swr031b.hts?q_set=V_SITE_ANTENNA_FREQ.file_numberC/File%20Number/=/SATLOA2016111500118&prepare=&column=V_SITE_ANTENNA_FREQ.file_numberC/
  5. 5.0 5.1 Guest Contributor. What is Starlink and how does it work? 2022/02/02. DigitalTrends. https://www.digitaltrends.com/computing/what-is-starlink/
  6. How Do SpaceX's Starlink Satellites Actually Work? 2021/06/28. Discover magazine. https://www.discovermagazine.com/technology/how-do-spacexs-starlink-satellites-actually-work