Заамар сум
ᠵᠠᠭᠠᠮᠠᠷ ᠰᠤᠮᠤ ᠲᠥᠪ ᠠᠢᠮᠠᠭ ᠤᠨ ᠪᠠᠷᠠᠭᠤᠨ ᠤᠮᠠᠷᠳᠤ ᠡᠲᠡᠭᠡᠳ ᠳᠦ ᠣᠷᠣᠰᠢᠨ᠎ᠠ᠃ ᠬᠦᠮᠦᠨ ᠠᠮᠠ 5584 (2016 ᠣᠨ ᠳᠤ) ᠨᠤᠲᠤᠭ ᠳᠡᠪᠢᠰᠬᠡᠷ 2.900 ᠬᠠᠪᠲᠠᠭᠠᠢ ᠳᠥᠷᠪᠡᠯᠵᠢᠨ ᠻᠢᠯᠣᠮᠧᠲ᠋ᠧᠷ᠃ ᠲᠥᠪ᠂ ᠲᠣᠰᠤᠨ᠂ ᠲᠥᠮᠦᠰᠦᠲᠡᠢ᠂ ᠬᠠᠢᠯᠠᠰᠤᠲᠤ ᠭᠡᠰᠡᠨ ᠪᠠᠭ ᠤᠳ ᠲᠠᠢ᠃ ᠳᠡᠭᠡᠷᠡᠬᠢ ᠬᠦᠮᠦᠨ ᠠᠮᠠ ᠵᠥᠪᠬᠡᠨ ᠰᠠᠭᠤᠷᠢᠨ ᠬᠦᠮᠦᠨ ᠠᠮᠠ ᠪᠠᠷ ᠪᠦᠷᠢᠳᠬᠡᠭᠳᠡᠭᠰᠡᠨ ᠪᠠ ᠲᠡᠭᠦᠨ ᠡᠴᠡ ᠭᠠᠳᠠᠨ᠎ᠠ 21 ᠠᠢᠮᠠᠭ ᠤᠨ ᠲᠥᠷᠡᠯ ᠪᠦᠷᠢ ᠢᠢᠨ ᠮᠡᠷᠭᠡᠵᠢᠯ ᠪᠣᠯᠪᠠᠰᠤᠷᠠᠯ ᠲᠠᠢ ᠬᠦᠮᠦᠰ ᠠᠭᠤᠯᠠ ᠠᠭᠤᠷᠬᠠᠢ ᠢᠢᠨ ᠠᠵᠢ ᠠᠬᠤᠢ ᠢᠢᠨ ᠨᠢᠭᠡᠵᠢ ᠳᠦ ᠠᠵᠢᠯᠯᠠᠬᠤ ᠪᠠᠷ ᠣᠢᠷᠠᠯᠴᠠᠭ᠎ᠠ ᠪᠠᠷ1500-3000 ᠬᠦᠮᠦᠨ ᠠᠮᠢᠳᠠᠷᠦᠵᠦ ᠪᠠᠢᠨ᠎ᠠ᠃ ᠬᠦᠮᠦᠨ ᠠᠮᠠ ᠢᠢᠨ ᠰᠢᠯᠵᠢᠯᠲᠡ ᠬᠥᠳᠦᠯᠭᠡᠨ ᠶᠡᠬᠡ ᠲᠡᠢ᠃
ᠵᠠᠰᠠᠭ ᠤᠨ ᠭᠠᠵᠠᠷ ᠤᠨ 《ᠠᠯᠲᠠ᠌》ᠬᠥᠲᠦᠯᠳᠦᠷᠢ ᠢᠢᠨ ᠬᠦᠷᠢᠶᠡᠨ ᠳᠦ 52000 ᠾᠧᠻᠲᠠᠷ ᠭᠠᠵᠠᠷ ᠲᠤ 121 ᠣᠯᠪᠤᠷᠢᠯᠠᠯᠲᠠ ᠶᠢᠨ ᠯᠢᠼᠧᠨ ᠣᠯᠭᠠᠭᠳᠠᠵᠤ᠂ ᠠᠯᠲᠠ ᠣᠯᠪᠦᠷᠢᠯᠠᠬᠤ ᠦᠢᠯᠡ ᠠᠵᠢᠯᠠᠯᠭ᠎ᠠ ᠶᠠᠪᠤᠭᠳᠠᠭᠰᠠᠨ᠃ ᠢᠯᠠᠩᠭᠤᠶ᠎ᠠ ᠬᠠᠢᠯᠠᠰᠤᠲᠤ ᠪᠠᠭ ᠤᠨ ᠨᠤᠲᠤᠭ ᠳᠡᠪᠢᠬᠡᠷ ᠲᠦ ᠲᠤᠤᠯᠠ ᠭᠣᠣᠯ ᠤᠨ ᠳᠠᠭᠠᠭᠤ ᠬᠢᠭᠡᠳ ᠭᠣᠣᠯ ᠳᠣᠲᠤᠷ᠎ᠠ ᠶᠡᠬᠡᠬᠡᠨ ᠲᠦᠷᠢᠮᠬᠡᠢ ᠠᠷᠭ᠎ᠠ ᠪᠠᠷ ᠣᠯᠪᠤᠷᠢᠯᠠᠯᠲᠠ ᠬᠢᠭᠳᠡᠭᠰᠡᠨ ᠡᠴᠡ ᠪᠠᠢᠭᠠᠯᠢ ᠣᠷᠴᠢᠨ ᠶᠡᠬᠡ ᠪᠡᠷ ᠰᠦᠢᠳᠡᠭᠰᠡᠨ ᠪᠠᠢᠳᠠᠭ᠃ ᠰᠤᠮᠤ ᠣᠷᠤᠨ ᠨᠤᠲᠤᠭ ᠤᠨ ᠠᠷᠠᠳ ᠲᠦᠮᠡᠨ ᠳᠦ ᠶᠠᠮᠪᠠᠷ ᠴᠦ ᠦᠷ ᠡ ᠰᠢᠮ ᠡ ᠬᠦᠷᠲᠡᠭᠳᠡᠭᠡᠳᠦᠢ᠃ ᠠᠯᠲᠠ ᠣᠯᠪᠦᠷᠢᠯᠠᠭᠰᠠᠨ ᠻᠣᠮᠫᠠᠨᠢ ᠨᠤᠭᠤᠳ ᠤᠨ ᠨᠢᠭᠡ ᠨᠢ ᠯᠡ ᠨᠡᠢᠭᠡᠨ ᠦᠨ ᠬᠠᠷᠢᠭᠤᠴᠠᠯᠭ᠎ᠠ ᠢᠢᠨ ᠬᠦᠷᠢᠶᠡᠨ ᠳᠦ ᠨᠢᠭᠡ ᠲᠡᠷᠪᠤᠮ ᠲᠥᠭᠦᠷᠢᠭ ᠢᠶᠡᠷ 《ᠦᠢᠯᠡᠴᠢᠯᠡᠭᠡᠨ ᠦ ᠲᠥᠪ》 ᠬᠡᠮᠡᠭᠰᠡᠨ ᠨᠢᠭᠡᠨ ᠳᠠᠩ ᠪᠠᠢᠰᠢᠨ ᠪᠠᠷᠢᠭᠰᠠᠨ ᠳᠣᠲᠤᠷ᠎ᠠ ᠨᠢ ᠭᠠᠭᠴᠠ ᠦᠰᠦᠴᠢᠨ ᠠᠵᠢᠯᠯᠠᠵᠤ ᠪᠠᠢᠨ᠎ᠠ᠃ ᠠᠯᠲᠠ ᠬᠥᠲᠦᠯᠪᠦᠷᠢ ᠪᠠᠢᠭᠠᠯᠢ ᠣᠷᠴᠢᠨ ᠳᠤ ᠶᠡᠬᠡᠬᠡᠨ ᠬᠥᠨᠦᠭᠡᠯ ᠲᠡᠢ ᠢᠢᠨ ᠳᠡᠭᠡᠷ ᠡ ᠨᠤᠲᠤᠭ ᠤᠨ ᠮᠠᠯᠴᠢᠳ ᠢ ᠦᠶ ᠡ ᠤᠳᠤᠮ ᠢᠶᠠᠷ ᠢᠶᠠᠨ ᠤᠯᠠᠮᠵᠢᠯᠠᠨ ᠠᠮᠢᠳᠤᠷᠠᠵᠤ ᠢᠷᠡᠭᠰᠡᠨ ᠭᠠᠵᠠᠷ ᠪᠡᠯᠴᠢᠭᠡᠷ ᠡᠴᠡ ᠨᠢ ᠬᠥᠭᠡᠬᠦᠴᠢᠯᠡᠨ ᠣᠵᠣᠨ ᠨᠤᠲᠤᠭ ᠲᠤ ᠬᠣᠬᠢᠷᠠᠯ ᠶᠡᠬᠡ ᠲᠡᠢ ᠪᠠᠭᠰᠠᠨ᠃ ᠭᠡᠲᠡᠯ ᠡᠨᠡ ᠪᠠᠢᠳᠠᠯ ᠢ ᠦᠯᠦ ᠬᠠᠢᠬᠠᠷᠠᠨ ᠠᠯᠲᠠ-2 ᠬᠥᠲᠦᠯᠪᠦᠷᠢ ᠢ ᠵᠠᠰᠠᠭ ᠤᠨ ᠭᠠᠵᠠᠷ 2017 ᠣᠨ ᠤ 1 ᠰᠠᠷ ᠠ ᠢᠢᠨ 18 ᠳᠤ ᠪᠠᠲᠤᠯᠠᠭᠰᠠᠨ᠃ ᠠᠯᠲᠠ 2 ᠬᠥᠲᠦᠯᠪᠦᠷᠢ ᠢᠢᠨ ᠬᠦᠷᠢᠶᠡᠨ ᠳᠦ 18000 ᠾᠧᠻᠲ᠋ᠠᠷ ᠭᠠᠵᠠᠷ ᠲᠤ ᠬᠠᠶᠢᠭᠤᠯ ᠤᠨ ᠯᠢᠼᠧᠨᠽ ᠣᠯᠭᠠᠵᠡᠢ᠃
ᠠᠭᠤᠯᠠ ᠠᠭᠤᠷᠬᠠᠢ ᠢᠢᠨ ᠻᠣᠮᠫᠠᠨᠢ ᠨᠤᠭᠤᠳ ᠪᠠ ᠨᠤᠲᠤᠭ ᠤᠨ ᠮᠠᠯᠴᠢᠨ ᠠᠷᠠᠳ ᠤᠨ ᠬᠣᠭᠣᠷᠤᠨᠳᠤ ᠭᠤᠷᠪᠠᠨ ᠤᠳᠠᠭ᠎ᠠ ᠮᠥᠷᠭᠦᠯᠳᠦᠭᠡᠨ ᠭᠠᠷᠤᠭᠰᠠᠨ ᠪᠠ 2017 ᠣᠨ ᠤ 7 ᠰᠷ᠎ᠠ ᠠ ᠢᠢᠨ 9 ᠳᠦ 800 ᠬᠦᠮᠦᠨ ᠲᠠᠢᠪᠤᠩ ᠵᠢᠭᠰᠠᠭᠠᠯ ᠬᠢᠵᠡᠢ᠃ ᠬᠠᠢᠯᠠᠰᠲᠤ ᠰᠤᠮᠤ ᠢᠢᠨ 512 ᠢᠷᠭᠡᠨ ᠢ ᠡᠷᠡᠭᠦᠯ ᠮᠡᠨᠳᠦ ᠢᠢᠨ ᠲᠠᠩᠳᠠᠯᠲᠠ ᠳᠤ ᠬᠠᠮᠤᠷᠭᠤᠯᠬᠤ ᠳᠤ 400 ᠬᠦᠮᠦᠨ ᠳᠦ ᠮᠥᠭᠡᠷᠰᠦᠨ ᠬᠣᠭᠣᠯᠠᠢ ᠢᠢᠨ ᠦᠷᠪᠢᠰᠦᠯ ᠢᠯᠡᠷᠡᠵᠡᠢ᠃ ᠬᠠᠢᠯᠠᠰᠲᠤ ᠪᠠᠭ ᠳᠠᠬᠢ ᠠᠭᠤᠯᠠ ᠠᠭᠤᠷᠬᠠᠢ ᠢᠢᠨ ᠦᠢᠯᠡ ᠠᠵᠢᠯᠠᠯᠭ᠎ᠠ ᠠᠴᠠ ᠡᠭᠦᠳᠡᠨ ᠠᠰᠤᠷᠤ ᠶᠡᠬᠡ ᠲᠣᠭᠤᠰᠤ ᠳᠡᠭᠳᠡᠳᠡᠭ ᠪᠠᠢᠨ᠎ᠠ᠃
ᠰᠡᠳᠬᠢᠭᠳᠡᠯ
<Comments/>
ᠲᠦᠯᠬᠢᠭᠦᠷ
ᠦᠭᠡᠰ
Заамар
Уул уурхай
Байгаль орчин