ᠴᠠᠬᠢᠯᠭᠠᠨ ᠰᠲ᠋ᠠᠲ᠋ᠢᠭ ᠢᠨ᠍ᠳᠦ᠋ᠭ᠌ᠼ

17:21, 16 Есдүгээр сар 2020-ий байдлаарх Khuree Khairaa (яриа | оруулсан хувь нэмэр) хэрэглэгчийн хийсэн залруулга

ᠴᠠᠬᠢᠯᠭᠠᠨ ᠰᠲ᠋ᠠᠲ᠋ᠢᠭ ᠢᠨ᠍ᠳᠦ᠋ᠭ᠌ᠼ


ᠴᠠᠬᠢᠯᠭᠠᠨ ᠰᠲ᠋ᠠᠲ᠋ᠢᠭ ᠢᠨ᠍ᠳᠦ᠋ᠭ᠌ᠼ ᠭᠡᠳᠡᠭ ᠨᠢ ᠪᠡᠶᠡᠲᠦ ᠶ᠋ᠢ ᠭᠠᠳᠠᠭᠠᠳᠤ ᠴᠠᠬᠢᠯᠭᠠᠨ ᠣᠷᠤᠨ ᠳ᠋ᠤ ᠪᠠᠢᠢᠷᠢᠯᠠᠭᠤᠯᠪᠠᠯ ᠲᠤᠬᠠᠢ ᠶ᠋ᠢᠨ ᠪᠡᠶᠡᠲᠦ ᠳ᠋ᠦ ᠥᠪᠡᠷ ᠦ᠋ᠨ ᠴᠠᠬᠢᠯᠭᠠᠨ ᠣᠷᠤᠨ ᠡᠭᠦᠰᠬᠦ ᠦᠵᠡᠭᠳᠡᠯ ᠶᠤᠮ᠃
ᠡᠨᠡᠬᠦᠦ ᠦᠵᠡᠭᠳᠡᠯ ᠳᠠᠮᠵᠢᠭᠤᠯᠤᠭᠴᠢ ᠨᠣᠭᠤᠳ ᠳᠣᠲᠤᠷ ‍ᠠ᠋ ᠴᠡᠨᠡᠭ ᠦ᠋ᠳ ᠳᠠᠬᠢᠨ ᠬᠤᠪᠢᠶᠠᠷᠢᠯᠠᠭᠳᠠᠬᠤ᠂ ᠦᠯᠦ ᠳᠠᠮᠵᠢᠭᠤᠯᠤᠭᠴᠢ ᠨᠤᠭᠤᠳ ᠳ᠋ᠤ ᠲᠤᠢᠢᠯᠰᠢᠷᠠᠯ ᠶᠠᠪᠤᠭᠳᠠᠬᠤ ᠡᠴᠡ ᠡᠭᠦᠳᠡᠳᠡᠭ᠃
ᠡᠨᠡ ᠶᠠᠪᠤᠴᠠ ᠳ᠋ᠤ ᠭᠠᠳᠠᠭᠠᠳᠤ ᠴᠠᠬᠢᠯᠭᠠᠨ ᠣᠷᠤᠨ ᠳ᠋ᠤ ᠳᠣᠲᠤᠭᠠᠳᠤ ᠴᠠᠬᠢᠯᠭᠠ ᠣᠷᠤᠨ ‍ᠤ ᠨᠥᠯᠦᠭᠡ ᠪᠡᠷ ᠭᠠᠵᠢᠯᠲᠠ ᠡᠭᠦᠰᠴᠦ ᠪᠣᠯᠤᠨ᠎ ‍ᠠ᠋᠃ [1]

ᠳᠠᠮᠵᠢᠭᠤᠯᠤᠭᠴᠢ ᠳ᠋ᠠᠬᠢ ᠴᠠᠬᠢᠯᠭᠠᠨ ᠰᠲ᠋ᠠᠲ᠋ᠢᠭ ᠢᠨ᠍ᠳᠦ᠋ᠭ᠌ᠼ

ᠴᠠᠬᠢᠯᠭᠠᠨ ᠰᠠᠢᠢᠲᠤᠷ ᠳᠠᠮᠵᠢᠭᠤᠯᠳᠠᠭ ᠮᠧᠲ᠋ᠠᠯ[2] ᠳ᠋ᠤ ᠭᠠᠳᠠᠭᠠᠳᠤ ᠴᠠᠬᠢᠯᠭᠠ ᠣᠷᠤᠨ ᠦᠢᠯᠡᠴᠢᠯᠡᠬᠦ ᠳ᠋ᠦ ᠴᠡᠨᠡᠭ ᠨᠢ ᠳᠠᠬᠢᠨ ᠬᠤᠪᠢᠶᠠᠷᠢᠯᠠᠭᠳᠠᠬᠤ ᠳ᠋ᠤ ᠪᠠᠨ ᠭᠠᠳᠠᠭᠠᠳᠤ ᠴᠠᠬᠢᠯᠭᠠᠨ ᠣᠷᠤᠨ ᠲᠠᠯ ᠪᠦᠷᠢᠨ ᠲᠡᠩᠴᠠᠪᠦᠷᠶ ᠲᠦ ᠬᠦᠷᠲᠡᠯ ᠶ᠋ᠢᠡᠨ ᠬᠤᠪᠢᠶᠠᠷᠢᠯᠠᠭᠳᠠᠨ᠎ ‍ᠠ᠋᠃
ᠴᠢᠩᠭᠡᠬᠦ ᠳ᠋ᠦ ᠪᠡᠨ ᠳᠠᠮᠵᠢᠭᠤᠯᠤᠭᠴᠢ ᠶ᠋ᠢᠨ ᠬᠣᠶᠠᠷ ᠡᠰᠡᠭᠦ ᠲᠠᠯ ‍ᠠ᠋ ᠳ᠋᠋ᠤ ᠢ᠍ᠨᠳᠦ᠋ᠻᠴᠢᠯᠡᠭᠰᠡᠨ ᠡᠰᠡᠷᠭᠦ ᠴᠡᠨᠡᠭ ᠦ᠋ᠳ ᠪᠦᠷᠢᠳᠡᠮᠦᠢ᠃
᠋ ᠳᠠᠮᠵᠢᠭᠤᠯᠤᠭᠴᠢ ᠶ᠋ᠢ ᠴᠡᠨᠡᠭᠯᠡᠬᠦ ᠳ᠋ᠦ ᠪᠡᠨ ᠴᠠᠬᠢᠯᠭᠠᠨ ᠰᠲ᠋ᠠᠲ᠋ᠢᠬ ᠢᠨ᠍ᠳᠦ᠋ᠭ᠌ᠼ ‍ᠢ ᠠᠰᠢᠭᠯᠠᠵᠤ ᠪᠣᠯᠤᠨ᠎ ‍ᠠ᠋᠃
᠋ ᠳᠠᠮᠵᠢᠭᠤᠯᠤᠭᠴᠢ ᠶ᠋ᠢ ᠭᠠᠵᠠᠷᠳᠠᠭᠤᠯᠤᠭᠠᠳ᠂ ᠡᠰᠡᠷᠭᠦ ᠴᠡᠨᠡᠭᠯᠡᠭᠳᠡᠭᠰᠡᠨ ᠪᠡᠶᠡᠲᠦ ᠶ᠋ᠢ ᠳᠠᠮᠵᠢᠭᠤᠯᠤᠭᠴᠢ ᠳ᠋ᠤ ᠬᠦᠷᠭᠡᠬᠦ ᠦᠭᠡᠢ ᠪᠡᠷ ᠣᠢᠢᠷᠠᠲᠠᠭᠤᠯᠪᠠᠯ ᠲᠣᠳᠤᠷᠬᠠᠢ ᠬᠡᠮᠵᠢᠶᠡᠨ ‍ᠤ ᠰᠥᠷᠦᠭ ᠴᠡᠨᠡᠭ ᠭᠠᠵᠠᠷ ᠤᠷᠤᠭᠤ ᠤᠷᠠᠰᠴᠤ᠂ ᠡᠶᠡᠷᠭᠦ ᠴᠡᠨᠡᠭ ᠶ᠋ᠢᠡᠷ ᠰᠣᠯᠢᠭᠳᠠᠨ ‍ᠠ᠋᠃
᠋ ᠡᠨᠡ ᠦᠶ ‍ᠠ᠋ ᠳ᠋ᠦ ᠨᠢ ᠭᠠᠵᠠᠷᠳᠠᠭᠤᠯᠭ᠎ ‍ᠠ᠋ ᠶ᠋ᠢ ᠰᠠᠯᠭᠠᠭᠠᠳ᠂ ᠪᠠᠰᠠ ᠴᠡᠨᠡᠭ ᠲᠡᠢ ᠪᠡᠶᠡᠲᠦ ᠶ᠋ᠢ ᠬᠣᠯᠠᠳᠠᠭᠤᠯᠪᠠᠯ ᠳᠠᠮᠵᠢᠭᠤᠯᠤᠭᠴᠢ ᠴᠡᠨᠡᠭᠯᠡᠭᠳᠡᠭᠰᠡᠨ ᠬᠡᠪ ᠶ᠋ᠢᠡᠷ ᠦᠯᠡᠳᠦᠨ᠎ ‍ᠠ᠋᠃
᠋ ᠳᠠᠮᠵᠢᠭᠤᠯᠤᠭᠴᠢ ᠶ᠋ᠢ ᠭᠠᠵᠠᠷᠳᠠᠭᠤᠯᠠᠯ ‍ᠠ᠋ ᠦᠭᠡᠢ ᠪᠡᠷ ᠭᠠᠳᠠᠭᠠᠳᠤ ᠴᠠᠬᠢᠯᠭᠠ ᠣᠷᠤᠨ ᠶ᠋ᠢᠠᠷ ᠦᠢᠯᠡᠴᠢᠯᠡᠭᠡᠳ᠂ ᠦᠢᠯᠡᠴᠢᠯᠡᠯ ‍ᠢ ᠠᠷᠢᠯᠭᠠᠪᠠᠯ ᠢᠨ᠍ᠳᠦ᠋ᠻᠴᠢᠯᠡᠭᠳᠡᠭᠰᠡᠨ ᠴᠡᠨᠡᠭ ᠦ᠋ᠳ ᠨᠢ ᠳᠠᠬᠢᠨ ᠬᠤᠪᠢᠶᠠᠷᠢᠯᠠᠭᠳᠠᠭᠠᠳ᠂ ᠡᠷᠭᠢᠭᠡᠳ ᠰᠠᠭᠠᠷᠮᠠᠭ ᠪᠣᠯᠤᠨ᠎ ‍ᠠ᠋᠃[3]

ᠦᠯᠦ ᠳᠠᠮᠵᠢᠭᠤᠯᠤᠭᠴᠢ ᠳ᠋ᠠᠬᠢ ᠴᠠᠬᠢᠯᠭᠠᠨ ᠰᠲ᠋ᠠᠲ᠋ᠢᠭ ᠢᠨ᠍ᠳᠦ᠋ᠭ᠌ᠼ

ᠴᠡᠨᠡᠭ ᠦ᠋ᠳ ᠦ᠋ᠨ ᠨᠢ ᠬᠥᠳᠡᠯᠭᠡᠨ ᠬᠦᠵᠠᠭᠠᠷᠯᠠᠭᠳᠠᠮᠠᠯ ᠪᠠᠢᠢᠳᠠᠭ ᠪᠣᠳᠠᠰ ᠳᠠᠬᠢ ᠴᠡᠨᠡᠭ ᠦ᠋ᠳ ᠦ᠋ᠨ ᠬᠥᠳᠡᠯᠭᠡᠭᠡᠨ ‍ᠢ ᠳ᠋ᠢᠧᠯᠧᠻᠲ᠋ᠷᠢᠭ[4] ᠲᠤᠢᠯᠰᠢᠷᠠᠯ ᠭᠡᠨ᠎ ‍ᠡ᠋᠃
᠋ ᠭᠠᠳᠠᠭᠠᠳᠤ ᠴᠠᠬᠢᠯᠭᠠᠨ ᠣᠷᠤᠨ ᠳ᠋ᠤ ᠲᠤᠢᠢᠯᠰᠢᠷᠳᠠᠭ ᠪᠣᠳᠠᠰ ᠦ᠋ᠳ ‍ᠢ ᠳ᠋ᠢᠧᠯᠧᠻᠲ᠋ᠷᠢᠭ ᠭᠡᠳᠡᠭ᠃[5]

ᠤᠶᠠᠯᠳᠤᠭ᠎ ‍ᠠ᠋ ᠲᠠᠢ ᠰᠡᠳᠦᠪ

ᠲᠦᠯᠬᠢᠭᠦᠷ ᠦᠭᠡᠰ






ᠵᠡᠭᠦᠯᠲᠦ᠂ ᠡᠬᠢ ᠰᠤᠷᠪᠤᠯᠵᠢ

  1. SolverBook. Электростатическая индукция. ᠬᠠᠨᠳᠤᠭᠰᠠᠨ 2020/09/16
  2. metal
  3. Г.С. Ландсберг. Элементарный учебник физики. Т. 2. Электричество и магнетизм. § 8. Электризация через влияние. М.: ФИЗМАТЛИТ, 2003
  4. dielectric
  5. SolverBook. Электростатическая индукция. ᠬᠠᠨᠳᠤᠭᠰᠠᠨ 2020/09/16