Хутагтын найман мөр

22:22, 13 Аравдугаар сар 2020-ий байдлаарх Wikibilig (яриа | оруулсан хувь нэмэр) хэрэглэгчийн хийсэн залруулга
ᠮᠣᠩᠭᠣᠯ
ᠭᠡᠷ ᠊ᠦᠨ
ᠬᠣᠷᠯᠤ
ᠲᠣᠭᠤᠨᠤ ᠊ᠢ
ᠥᠨᠳᠦᠷ
ᠭᠡᠭᠡᠭᠡᠨ
ᠵᠠᠨᠠᠪᠠᠵᠠᠷ
ᠵᠣᠬᠢᠶᠠᠭᠰᠠᠨ
ᠭᠡᠳᠡᠭ[1]

ᠬᠤᠲᠤᠬᠲᠤ ᠊ᠢᠢᠨ ᠳᠥᠷᠪᠡᠨ ᠦᠨᠡᠨ ᠊ᠦ ᠳᠥᠷᠪᠡ ᠳᠡᠬᠢ ᠦᠨᠡᠨ ᠨᠢ ᠬᠤᠲᠦᠬᠲᠦ ᠊ᠢᠢᠨ ᠨᠠᠢᠮᠠᠨ ᠮᠥᠷ (ᠰᠠᠮᠭᠠᠷᠳᠢ᠄ आर्याष्टाङगमार्ग︔ ᠲᠥᠪᠡᠳ᠄ འཕགས་པའི་ལམ་ཡན་ལག་བརྒྱད་པ) ᠊ᠳᠦ ᠵᠠᠳᠠᠷᠳᠠᠭ᠃ ᠲᠡᠳᠡᠭᠡᠷ ᠨᠢ ᠳᠠᠷᠠᠭᠠᠬᠢ ᠨᠠᠢᠮ ᠪᠥᠯᠦᠨ᠎ᠠ᠄
i) ᠵᠥᠪ ᠦᠵᠡᠯ (ᠰᠠᠮᠭᠠᠷᠳᠢ᠄ सम्यग्दृष्टि︔ ᠲᠥᠪᠡᠳ᠄ ཡང་དག་པའི་ལྟ་བ)
ii) ᠵᠥᠪ ᠡᠷᠡᠮᠡᠯᠵᠡᠯ (ᠰᠠᠮᠭᠠᠷᠳᠢ᠄ सम्यक्‌ संकल्प︔ ᠲᠥᠪᠡᠳ᠄ ཡང་དག་པའི་རྟོག་པ)
iii) ᠵᠥᠪ ᠦᠭᠡ (ᠰᠠᠮᠭᠠᠷᠳᠢ᠄ सम्यग्वाच्︔ ᠲᠥᠪᠡᠳ᠄ ཡང་དག་པའི་ངག)
iv) ᠵᠥᠪ ᠦᠢᠯᠡ (ᠰᠠᠮᠭᠠᠷᠳᠢ᠄ सम्यक्‌कर्मन्त︔ ᠲᠥᠪᠡᠳ᠄ ཡང་དག་པའི་ལས་ཀྱི་མཐའ)
v) ᠵᠥᠪ ᠠᠬᠣᠢ (ᠰᠠᠮᠭᠠᠷᠳᠢ᠄ सम्यग्आजीव︔ ᠲᠥᠪᠡᠳ᠄ ཡང་དག་པའི་འཚོ་བ)
vi) ᠵᠥᠪ ᠴᠢᠷᠮᠠᠢᠢᠯᠲᠠ (ᠰᠠᠮᠭᠠᠷᠳᠢ᠄ सम्यग्व्यायाम︔ ᠲᠥᠪᠡᠳ᠄ ཡང་དག་པའི་རྩོལ་བ)
vii) ᠵᠥᠪ ᠳᠣᠷᠠᠳᠣᠯ (ᠰᠠᠮᠭᠠᠷᠳᠢ᠄ सम्यक्‌स्मृति︔ ᠲᠥᠪᠡᠳ᠄ ཡང་དག་པའི་དྲན་པ)
viii) ᠵᠥᠪ ᠲᠥᠪᠯᠡᠷᠡᠯ (ᠰᠠᠮᠭᠠᠷᠳᠢ᠄ सम्यक्‌समाधि︔ ᠲᠥᠪᠡᠳ᠄ ཡང་དག་པའི་ཏིང་ངེ་འཛིན)

ᠬᠤᠲᠤᠬᠲᠤ ᠊ᠢᠢᠨ ᠨᠠᠢᠮᠠᠨ ᠮᠥᠷ ᠊ᠦᠨ ᠡᠬᠢᠨ ᠊ᠦ ᠬᠣᠶᠠᠷ ᠨᠢ ᠪᠢᠯᠢᠭ ᠪᠢᠯᠢᠭᠦᠨ ᠊ᠢᠢᠡᠨ ᠲᠥᠭᠦᠯᠳᠡᠰᠢᠭᠦᠯᠬᠦ᠂ ᠭᠤᠷᠪᠠ᠂ ᠳᠥᠷᠪᠡ᠂ ᠲᠠᠪ ᠳᠠᠬᠢ ᠨᠢ ᠶᠣᠰᠤ ᠰᠤᠷᠲᠠᠬᠤᠨ᠂ ᠰᠠᠬᠢᠯᠭᠠ ᠪᠠᠲᠤ᠂ ᠰᠡᠭᠦᠯᠴᠢ ᠊ᠢᠢᠨ ᠭᠤᠷᠪᠠ ᠨᠢ ᠪᠢᠰᠢᠯᠭᠠᠯ ᠊ᠢᠢᠠᠷ ᠲᠥᠭᠦᠯᠳᠡᠷᠰᠢᠬᠦ ᠵᠠᠮ ᠮᠥᠷ ᠊ᠦᠳ ᠠᠵᠡᠢ᠃

ᠵᠥᠪ
ᠦᠵᠡᠯ

ᠨᠠᠢᠮᠠᠨ ᠬᠡᠭᠡᠰᠦᠲᠦ
ᠨᠣᠮ ᠊ᠤᠨ ᠬᠦᠷᠳᠦᠨ ᠊ᠦ
ᠳᠦᠷᠰᠦ
ᠬᠤᠲᠤᠬᠲᠤ ᠊ᠢᠢᠨ
ᠨᠠᠢᠮᠠᠨ ᠮᠥᠷ ᠊ᠢ
ᠪᠡᠯᠭᠡᠳᠡᠳᠡᠭ᠃
ᠵᠠᠶ ᠊ᠠ᠋ ᠭᠡᠭᠡᠭᠡᠨ ᠊ᠦ
ᠬᠦᠷᠢᠶ ᠊ᠡ᠋᠃
ᠴᠡᠴᠡᠷᠯᠢᠭ
ᠬᠣᠲᠠ

ᠶᠢᠷᠲᠢᠨᠴᠦ᠂ ᠠᠮᠢᠳᠤᠷᠠᠯ ᠊ᠤᠨ ᠵᠦᠢ ᠲᠣᠭᠲᠠᠯ ᠊ᠢ ᠲᠠᠨᠢᠵᠤ᠂ ᠣᠢᠢᠯᠠᠭᠠᠬᠤ᠃ ᠮᠥᠩᠬᠡ ᠪᠤᠰᠤ ᠊ᠢ ᠮᠡᠳᠡᠬᠦ᠂ ᠦᠢᠯᠡ ᠊ᠢᠢᠨ ᠦᠷ ᠊ᠡ᠋ ᠊ᠢᠢ ᠤᠬᠠᠭᠠᠷᠠᠬᠤ᠂ ᠰᠠᠢᠢᠨ ᠦᠢᠯᠡ ᠰᠠᠢᠢᠨ ᠦᠷ ᠊ᠡ᠋ ᠲᠡᠢ᠂ ᠮᠠᠭᠤ ᠦᠢᠯᠡ ᠮᠠᠭᠤ ᠦᠷ ᠊ᠡ᠋ ᠲᠡᠢ ᠲᠤᠯᠠ ᠵᠣᠪᠯᠠᠩ ᠊ᠤᠨ ᠰᠢᠯᠲᠠᠭᠠᠨ ᠪᠣᠯᠳᠠᠭ ᠭᠡᠳᠡᠭ ᠊ᠢ ᠤᠬᠠᠮᠰᠠᠷᠯᠠᠬᠤ᠃ ᠵᠣᠪᠯᠠᠩ᠂ ᠵᠣᠪᠯᠠᠩ ᠊ᠤᠨ ᠰᠢᠯᠲᠠᠭᠠᠨ᠂ ᠵᠣᠪᠯᠠᠩ ᠡᠴᠡ ᠭᠡᠲᠦᠯᠬᠦ᠂ ᠭᠡᠲᠦᠯᠬᠦ ᠊ᠢᠢᠨ ᠮᠥᠷ ᠊ᠢ ᠣᠢᠢᠯᠠᠭᠠᠬᠤ᠃ ᠦᠵᠡᠯ ᠵᠥᠪ ᠪᠣᠯ ᠦᠭᠡ ᠶᠠᠷᠢᠶ ᠊ᠠ᠋᠂ ᠦᠢᠢᠯᠡᠳᠡᠯ ᠵᠥᠪ ᠪᠠᠢᠢᠬᠤ ᠲᠤᠯᠠ ᠵᠥᠪᠯᠠᠩ ᠊ᠤᠨ ᠰᠢᠯᠲᠠᠭᠠᠨ ᠊ᠢ ᠪᠦᠲᠦᠭᠡᠬᠦ ᠦᠭᠡᠢ ᠪᠣᠯᠤᠨ᠎ᠠ᠃

ᠵᠥᠪ
ᠡᠷᠡᠮᠡᠯᠵᠡᠯ

ᠠᠪᠠᠲᠠᠢ ᠬᠠᠨ ᠊ᠤ
ᠪᠠᠢᠢᠭᠠᠭᠤᠯᠤᠭᠰᠠᠨ
ᠡᠷᠳᠡᠨᠢ ᠵᠤᠤ
ᠬᠡᠢᠢᠳ ᠊ᠦᠨ (1586)
ᠶᠡᠬᠡ ᠵᠤᠤ
ᠳᠤᠭᠠᠩ ᠊ᠦᠨ
ᠡᠭᠦᠳᠡᠨ ᠳᠡᠬᠢ
ᠨᠣᠮ ᠊ᠤᠨ ᠬᠦᠷᠳᠦᠨ ᠊ᠦ
ᠪᠡᠯᠭᠡᠳᠡᠯ
ᠳᠦᠷᠰᠦ᠃

ᠵᠣᠪᠠᠯᠠᠩ ᠊ᠦᠨ ᠦᠨᠳᠦᠰᠦ ᠪᠢᠳᠡᠨ ᠊ᠦ ᠥᠪᠡᠷᠰᠡᠳ ᠊ᠦᠨ ᠰᠡᠳᠬᠢᠯ ᠳ᠋ᠦ ᠪᠠᠢᠢᠳᠠᠭ ᠊ᠢ ᠣᠬᠠᠮᠰᠠᠷᠯᠠᠬᠣ ᠊ᠢᠢᠨ ᠵᠡᠷᠡᠭᠴᠡᠭᠡ ᠵᠣᠷᠢᠭᠳᠠᠯ ᠊ᠢᠢᠠᠨ ᠵᠠᠰᠠᠬᠣ ᠬᠡᠷᠡᠭᠲᠡᠢ: ᠑) ᠬᠦᠰᠡᠯ ᠰᠢᠨᠣᠯ ᠡᠴᠡ ᠪᠣᠴᠠᠵᠣ᠂ ᠣᠷᠴᠢᠯᠠᠩ ᠊ᠦᠨ ᠲᠠᠭᠠᠰᠢᠶᠠᠯ ᠡᠴᠡ ᠣᠢᠢᠰᠠᠬᠣ᠂ ᠒) ᠠᠭᠣᠷ᠂ ᠬᠣᠷᠣᠰᠣᠯ ᠡᠴᠡ ᠪᠣᠴᠠᠵᠣ᠂ ᠪᠣᠰᠣᠳ ᠊ᠦᠨ ᠲᠣᠰᠠ ᠊ᠢᠢᠨ ᠲᠥᠯᠦᠭᠡᠬᠢ ᠰᠡᠳᠬᠢᠯ ᠊ᠢ ᠳᠠᠳᠣᠭᠣᠯᠬᠣ᠂ ᠓) ᠬᠣᠣᠷᠯᠠᠬᠣ ᠰᠠᠨᠠᠭᠠᠷᠠᠬᠠᠯ ‍ᠢ ᠪᠣᠴᠠᠭᠠᠵᠣ ᠪᠣᠰᠣᠳ ᠊ᠢ ᠨᠢᠭᠦᠯᠡᠰᠬᠦ᠃

ᠵᠥᠪ
ᠦᠭᠡ

ᠬᠡᠯᠡ ᠪᠡᠷ ᠦᠢᠢᠯᠡᠳᠬᠦ ᠳᠥᠷᠪᠡᠨ ᠨᠢᠭᠦᠯ ᠊ᠢ ᠲᠡᠪᠴᠢᠬᠦ᠃ ᠡᠳᠡᠭᠡᠷ ᠨᠢ ᠰᠢᠷᠦᠭᠦᠨ ᠦᠭᠡ᠂ ᠬᠤᠳᠠᠯ ᠦᠭᠡ᠂ ᠬᠣᠪ ᠦᠭᠡ᠂ ᠴᠠᠯᠴᠢᠶ ᠊ᠠ᠋ ᠦᠭᠡ᠃ ᠵᠥᠪᠬᠡᠨ ᠠᠮᠠ ᠪᠠᠷ ᠊ᠢᠢᠠᠨ ᠬᠡᠯᠡᠬᠦ ᠲᠡᠳᠦᠢ ᠦᠭᠡᠢ ᠪᠢᠴᠢᠬᠦ ᠨᠢ ᠴᠦ ᠪᠠᠰᠠ ᠬᠠᠮᠢᠶᠠᠷᠠᠨ᠎ᠠ᠃ ᠢᠨᠲ᠋ᠧᠷᠨᠧᠲ ᠲᠦ ᠬᠠᠷᠢᠶᠠᠯ᠂ ᠳᠣᠷᠤᠮᠵᠢᠯᠠᠯ᠂ ᠬᠦᠳᠬᠡᠯᠭᠡ ᠳᠦᠭᠦᠷᠡᠩ ᠪᠦᠳᠦᠭᠦᠯᠢᠭ ᠵᠦᠢᠯᠡ ᠪᠢᠴᠢᠵᠦ ᠰᠠᠴᠠᠬᠤ ᠨᠢ ᠴᠠᠭᠯᠠᠰᠢ ᠦᠭᠡᠢ ᠶᠡᠬᠡ ᠨᠢᠭᠦᠯ ᠪᠣᠯᠳᠠᠭ᠃

ᠵᠥᠪ
ᠦᠢᠯᠡ

1)ᠰᠡᠳᠬᠢᠯᠲᠦ ᠠᠮᠢᠲᠠᠨ ᠳ᠋ᠣ ᠬᠣᠣᠷᠯᠠᠬᠣ᠂ ᠠᠮᠢ ‍ᠢᠢ ᠨᠢ ᠲᠠᠰᠣᠯᠬᠣ ᠦᠭᠡᠢ ᠪᠠᠢᠢᠬᠣ᠃ ᠰᠡᠳᠬᠢᠯᠲᠦ ᠠᠮᠢᠲᠠᠨ ᠨᠢ ᠠᠮᠢᠨ ᠳ᠋ᠠᠭᠠᠨ ᠬᠠᠢᠢᠷᠠᠲᠠᠢ᠂ ᠡᠪᠡᠳᠬᠦ᠂ ᠦᠬᠦᠬᠦ ᠡᠴᠡ ᠠᠶᠣᠳᠠᠭ ᠠᠯᠢᠪᠠ ᠠᠮᠢᠲᠠᠨ᠂ ᠬᠦᠮᠦᠨ ᠡᠴᠡ ᠡᠬᠢᠯᠡᠭᠡᠳ ᠰᠢᠪᠠᠵᠢ ᠰᠢᠮᠠᠭᠣᠯ ᠬᠦᠷᠲᠡᠯ ᠡ᠋  ᠠᠮᠢᠨ ᠳ᠋ᠠᠭᠠᠨ ᠬᠠᠢᠢᠷᠠᠲᠠᠢ᠂ ᠦᠬᠦᠬᠦ ᠡᠴᠡ ᠠᠶᠣᠳᠠᠭ᠂ ᠡᠪᠡᠳᠬᠦ ᠡᠴᠡ ᠠᠶᠣᠳᠠᠭ᠃ ᠲᠡᠳᠡᠨ ᠊ᠢ ᠬᠣᠣᠷᠯᠠᠵᠣ ᠡᠪᠡᠳᠭᠡᠬᠦ᠂ ᠠᠮᠢ ᠊ᠢᠢ ᠨᠢ ᠲᠠᠰᠣᠯᠬᠣ ᠨᠢᠭᠦᠯ ᠶᠣᠮ᠃
2)ᠡᠰᠡ ᠦᠭ᠍ᠭᠦᠭ᠍ᠰᠡᠨ ᠊ᠢ ᠠᠪᠬᠣ ᠦᠭᠡᠢ ᠪᠠᠢᠢᠬᠣ᠂ ᠬᠣᠯᠠᠭᠠᠢ᠂ ᠳᠡᠭᠡᠷᠡᠮ᠂ ᠵᠠᠯᠢ ᠮᠡᠬᠡ᠂ ᠠᠪᠯᠢᠭᠠ᠂ ᠰᠢᠳᠣᠷᠭᠣ ᠪᠣᠰᠣ ᠦᠢᠯᠡᠳᠣᠯ ᠡᠴᠡ ᠲᠠᠲᠠᠭᠠᠯᠵᠠᠬᠣ᠃
3)ᠪᠣᠷᠣᠭᠣ ᠬᠣᠷᠢᠴᠠᠯ ᠳ᠋ᠣ ᠣᠷᠣᠯᠴᠠᠬᠣ ᠦᠭᠡᠢ ᠪᠠᠢᠢᠬᠣ᠃ ᠪᠣᠰᠣᠳ ᠊ᠣᠨ ᠬᠠᠨᠢ ᠲᠠᠢ ᠡᠭᠦᠨ ᠊ᠢ ᠦᠢᠯᠡᠳᠬᠦ᠂ ᠬᠦᠰᠡᠭᠡ ᠦᠭᠡᠢ ᠪᠠᠢᠢᠬᠣ ᠳ᠋ᠣ ᠨᠢ ᠬᠦᠴᠦ ᠪᠡᠷ ᠦᠢᠯᠡᠳᠬᠦ ᠨᠢ ᠪᠣᠷᠣᠭᠣ ᠬᠣᠷᠢᠴᠠᠯ ᠮᠦᠨ᠃
ᠡᠳᠡᠭᠡᠷ ᠊ᠢ ᠨᠢᠭᠡᠳᠬᠡᠪᠡᠰᠦ ᠵᠥᠪ ᠦᠢᠯᠡ ᠨᠢ ᠨᠢᠭᠦᠯᠡᠰᠦᠨᠭᠦᠢ᠂ ᠰᠢᠳᠣᠷᠭᠣ ᠵᠣᠷᠢᠭᠳᠠᠯ ᠊ᠢᠢᠠᠷ ᠠᠯᠢᠪᠠ ᠊ᠢᠢ ᠬᠢᠬᠦ᠂ ᠪᠣᠰᠣᠳ ᠊ᠣᠨ ᠥᠮᠴᠢ ᠂ ᠪᠣᠰᠣᠳ ᠊ᠦᠨ ᠡᠷᠬᠡ ᠊ᠢᠢ ᠬᠦᠨᠳᠦᠳᠬᠡᠬᠦ ᠳ᠋ᠦ ᠣᠷᠣᠰᠢᠨ᠎ᠠ᠃

ᠵᠥᠪ
ᠠᠬᠤᠢ

ᠪᠣᠰᠣᠳ ᠳ᠋ᠣ ᠬᠣᠣᠷ ᠬᠣᠬᠢᠷᠠᠯ ᠦᠭᠡᠢ᠂ ᠦᠨᠡᠨᠴᠢ ᠰᠢᠳᠣᠷᠭᠣ ᠠᠷᠭ᠎ᠠ ᠪᠠᠷ ᠠᠮᠢᠵᠢᠷᠠᠭ᠎ᠠ ᠪᠠᠨ ᠵᠠᠯᠭᠠᠵᠣ᠂ ᠠᠮᠢᠳᠣᠷᠠᠯ ᠊ᠢᠢᠠᠨ ᠴᠡᠴᠡᠭᠯᠡᠭᠦᠯᠵᠦ ᠪᠣᠯᠣᠨ᠎ᠠ᠂ ᠳᠠᠷᠠᠭᠠᠬᠢ ᠦᠢᠯᠡ ᠊ᠢᠢ ᠡᠷᠬᠡᠯᠡᠬᠦ ᠡᠴᠡ ᠲᠠᠲᠠᠭᠠᠯᠵᠠᠬᠣ᠄
᠊᠊ ᠵᠡᠷ ᠵᠡᠪᠰᠡᠭ᠂ ᠠᠯᠠᠬᠣ ᠬᠦᠨᠦᠭᠡᠬᠦ ᠬᠡᠷᠡᠭᠰᠡᠯ ᠊ᠦᠨ ᠦᠢᠯᠡᠳᠪᠦᠷᠢ᠂ ᠬᠣᠳᠠᠯᠳᠣᠭ᠎ᠠ᠂
᠊᠊ ᠬᠦᠮᠦᠨ᠂ ᠬᠡᠦᠬᠡᠳ᠂ ᠬᠣᠳᠠᠯᠳᠣᠬᠣ᠂ ᠬᠣᠳᠠᠯᠳᠣᠨ ᠠᠪᠬᠣ᠂ ᠪᠡᠢ ᠊ᠢ ᠦᠨᠡᠯᠡᠭᠦᠯᠡᠨ ᠶᠠᠪᠣᠯᠳᠣᠭᠣᠯᠬᠣ
᠊᠊ ᠮᠢᠬᠠᠨ ᠊ᠦ ᠵᠣᠷᠢᠯᠭ᠎ᠠ ᠳ᠋ᠣ ᠮᠠᠯ ᠠᠮᠢᠲᠠᠨ ᠥᠰᠭᠡᠬᠦ᠂ ᠮᠢᠬᠠᠨ ᠊ᠦ ᠬᠣᠳᠠᠯᠳᠣᠭ᠎ᠠ
᠊᠊ ᠠᠷᠢᠬᠢ᠂ ᠲᠠᠮᠠᠬᠢ᠂ ᠮᠠᠩᠰᠢᠭᠣᠷᠠᠭᠣᠯᠬᠣ ᠪᠣᠳᠠᠰ ᠊ᠦᠨ ᠦᠢᠯᠡᠳᠪᠦᠷᠢ᠂ ᠬᠣᠳᠠᠯᠳᠣᠭ᠎ᠠ
᠊᠊ ᠬᠣᠣᠷ ᠠ ᠦᠢᠯᠡᠳᠪᠦᠷᠢᠯᠡᠬᠦ᠂ ᠬᠣᠳᠠᠯᠳᠣᠭᠠᠯᠠᠬᠣ

ᠵᠥᠪ
ᠴᠢᠷᠮᠠᠢᠢᠯᠲᠠ

1) ᠪᠣᠶᠠᠨ ᠪᠣᠰᠣ ᠪᠣᠳᠣᠯ᠂ ᠦᠭᠡ᠂ ᠦᠢᠯᠡᠳᠦᠯ ᠲᠥᠷᠦᠭᠦᠯᠬᠦ ᠦᠭᠡᠢ ᠪᠠᠢᠢᠬᠣ
2) ᠪᠣᠶᠠᠨ ᠪᠣᠰᠣ ᠪᠣᠳᠣᠯ᠂ ᠦᠭᠡ᠂ ᠦᠢᠯᠡᠳᠦᠯ ᠲᠥᠷᠦᠭᠰᠡᠨ ᠡᠴᠡ ᠠᠩᠭᠢᠵᠢᠷᠠᠬᠣ
3) ᠪᠣᠶᠠᠨ ᠵᠦᠭ ᠊ᠦᠨ ᠪᠣᠳᠣᠯ᠂ ᠦᠭᠡ᠂ ᠦᠢᠯᠡᠳᠦᠯ ᠲᠦᠷᠤᠭᠡ ᠤᠭᠡᠢ ᠊ᠢᠢ ᠲᠦᠷᠦᠭᠦᠯᠬᠦ
4) ᠪᠣᠶᠠᠨ ᠵᠦᠭ ᠊ᠦᠨ ᠪᠣᠳᠣᠯ᠂ ᠦᠭᠡ᠂ ᠦᠢᠯᠡᠳᠦᠯ ᠲᠦᠷᠦᠭᠰᠡᠨ ᠊ᠢᠢ ᠪᠲᠣᠵᠢᠭᠣᠯᠬᠣ᠂ ᠳᠡᠯᠭᠡᠷᠡᠭᠦᠯᠬᠦ

ᠵᠥᠪ
ᠳᠤᠷᠠᠳᠤᠯ

ᠢᠮᠠᠭᠲᠠ ᠪᠣᠶᠠᠨ ᠵᠦᠭ ᠊ᠦᠨ ᠪᠣᠳᠣᠯ᠂ ᠦᠭᠡ᠂ ᠦᠢᠯᠡᠳᠦᠯ ᠲᠡᠢ ᠪᠠᠢᠢᠬᠣ ᠡᠭᠦᠳᠡᠨ ᠡᠴᠡ ᠪᠠᠢᠢᠩᠭ᠋ᠣ ᠳᠣᠷᠳᠠᠵᠣ᠂ ᠲᠠᠰᠣᠷᠠᠯᠲᠠ ᠦᠭᠡᠢ ᠰᠠᠨᠠᠵᠣ᠂ ᠪᠡᠢ ᠡ᠂ ᠮᠡᠳᠡᠷᠡᠬᠦᠢ᠂ ᠰᠡᠳᠬᠢᠯ᠂ ᠣᠶᠣᠨ ᠊ᠢᠢᠠᠨ ᠬᠢᠨᠠᠬᠣ᠃ ᠠᠮᠣᠷᠢᠯᠠᠨ ᠠᠬᠣᠢ ᠊ᠢᠢᠨ ᠪᠠ ᠦᠯᠡᠮᠵᠢ ᠦᠵᠡᠬᠦᠢ ᠊ᠢᠢᠨ ᠪᠢᠰᠢᠯᠭᠠᠯ᠃

ᠵᠥᠪ
ᠲᠥᠪᠯᠡᠷᠡᠯ

ᠪᠢᠰᠢᠯᠭᠠᠯ ᠳ᠋ᠣ ᠲᠥᠪᠯᠡᠷᠡᠭᠰᠡᠨ ᠰᠡᠳᠬᠢᠯ ᠊ᠢᠢᠡᠷ ᠶᠠᠭᠣᠮᠠᠰ᠂ ᠦᠵᠡᠭᠳᠡᠯ ᠊ᠦᠨ ᠦᠨᠡᠨ ᠮᠦᠨ ᠴᠢᠨᠠᠷ ᠊ᠢ ᠰᠢᠨᠵᠢᠵᠦ᠂ ᠲᠠᠨᠢᠨ ᠮᠡᠳᠡᠬᠦ᠃ ᠶᠢᠷᠲᠢᠨᠴᠣ ᠊ᠢᠢᠨ ᠦᠨᠡᠨ ᠵᠦᠢ ᠲᠣᠬᠲᠠᠯ ᠊ᠢ ᠣᠨᠣᠵᠦ ᠮᠡᠳᠡᠭᠰᠡᠨ ᠊ᠢᠢᠡᠷ ᠭᠡᠭᠡᠷᠡᠯ ᠳ᠋ᠦ ᠬᠦᠷᠴᠦ᠂ ᠵᠣᠪᠠᠯᠠᠩ ᠊ᠢ ᠦᠨᠳᠦᠰᠦ ᠪᠡᠷ ᠨᠢ ᠲᠠᠰᠣᠯᠠᠨ᠎ᠠ ᠃ ᠰᠠᠮᠠᠳ᠋ᠾᠢ (ᠰᠡᠳᠬᠢᠯ ᠊ᠢ ᠨᠣᠲᠣᠯᠠᠨ ᠪᠠᠷᠢᠬᠣ) ᠪᠢᠰᠢᠯᠭᠠᠯ

ᠪᠣᠷᠬᠠᠨ ᠪᠠᠭᠰᠢ: "ᠮᠢᠨᠦ ᠨᠣᠮ ᠳ᠋ᠣ ᠮᠣᠬᠣᠷ ᠢᠢᠠᠷ ᠪᠢᠲᠡᠭᠡᠢ ᠢᠲᠡᠭᠡᠭᠡᠷᠡᠢ᠂ ᠰᠢᠯᠭᠠᠵᠣ ᠢᠲᠡᠭᠡᠭᠡᠷᠡᠢ"ᠭᠡᠵᠦ ᠵᠠᠬᠢᠳᠠᠭ ᠪᠠᠢᠢᠵᠡᠢ᠃

ᠡᠬᠢ
ᠰᠤᠷᠪᠤᠯᠵᠢ

[1] ᠮᠣᠩᠭᠣᠯ ᠊ᠤᠨ ᠰᠦᠮᠡ ᠬᠡᠢᠢᠳ ᠊ᠦᠨ ᠲᠡᠦᠬᠡᠨ ᠲᠣᠪᠴᠢᠶᠠᠨ᠂ ᠮᠡᠳᠡᠭᠡᠯᠡᠯ᠂ ᠶᠠᠷᠢᠯᠴᠠᠯᠭ᠎ᠠ http://www.mongoliantemples.org/oralhistorypdfs/L017.pdf

ᠲᠦᠯᠬᠢᠭᠦᠷ
ᠦᠭᠡᠰ

Бурхан
Будда
Буддизм
Бурханы шашин
Buddha
Buddhism

ᠪᠦᠲᠲᠾᠠᠢ
ᠪᠦᠳᠳᠾᠠᠢ
ᠪᠦᠳᠳᠠ
ᠪᠤᠳᠳᠠ