Нүүрс хийжүүлэх технологи

22:01, 3 Гуравдугаар сар 2019-ий байдлаарх Wikibilig (яриа | оруулсан хувь нэмэр) хэрэглэгчийн хийсэн залруулга

Монгол бичгийн том харагдацтай тигийг (фонт) энэ холбоосоос татаж авна уу

ᠨᠡᠭᠦᠷᠡᠰᠦ ᠬᠡᠶᠢᠵᠢᠭᠦᠯᠬᠦ ᠲᠧᠭᠨᠣᠯᠣᠭᠢ ᠭᠡᠵᠦ ᠨᠡᠭᠦᠷᠡᠰᠦ ᠶᠢ ᠠᠭᠠᠷ ᠤᠨ ᠪᠣᠬᠢᠷᠳᠠᠯ ᠪᠠᠭᠠᠲᠠᠢ ᠬᠡᠢ ᠶᠢᠨ ᠲᠦᠯᠡᠰᠢ ᠪᠣᠯᠭᠠᠵᠤ ᠦᠷ᠎ᠡ ᠳ᠋ᠦᠩ ᠰᠠᠶᠢᠲᠠᠢ ᠠᠰᠢᠭᠯᠠᠬᠤ ᠠᠷᠭ᠎ᠠ ᠪᠠᠷᠢᠯ ᠶᠤᠮ᠃ ᠬᠦᠴᠢᠯᠲᠦᠶᠢᠷᠦᠭᠴᠢ (ᠠᠭᠠᠷ)᠂ ᠤᠰᠤᠨ ᠤ ᠤᠤᠷ᠂ ᠤᠰᠤᠲᠥᠶᠢᠷᠦᠭᠴᠢ᠂ ᠬᠣᠣᠰ ᠢᠰᠦᠯ ᠳᠦ ᠨᠡᠭᠦᠷᠡᠰᠦᠲᠥ᠋ᠷᠥᠭᠴᠢ ᠵᠡᠷᠭᠡ ᠶᠢ ᠬᠠᠯᠠᠭᠤᠨ ᠨᠥᠬᠥᠴᠡᠯ ᠢᠶᠡᠷ ᠨᠡᠭᠦᠷᠡᠰᠦ ᠲᠡᠢ ᠬᠣᠯᠢᠵᠤ ᠤᠷᠪᠠᠯ ᠶᠠᠪᠤᠭᠤᠯᠬᠤ ᠳᠤ ᠨᠡᠭᠦᠷᠡᠰᠦ ᠬᠡᠶᠢᠵᠢᠭᠦᠯᠵᠦ ᠴᠢᠳᠠᠨ᠎ᠠ᠃ ᠬᠠᠷᠢᠨ ᠲᠤᠰ ᠲᠧᠭᠨᠣᠯᠣᠭᠢ ᠶᠢ ᠠᠰᠢᠭᠯᠠᠬᠤ ᠶᠢᠨ ᠲᠤᠯᠠᠳᠠ ᠬᠡᠶᠢᠵᠢᠭᠦᠯᠬᠦ ᠫᠷᠣᠼᠧᠰᠰ ᠪᠣᠯᠤᠨ ᠬᠡᠢ ᠪᠣᠯᠪᠠᠰᠤᠷᠠᠭᠤᠯᠬᠤ ᠫᠷᠣᠼᠧᠰᠰ ᠬᠣᠶᠠᠷ ᠢ ᠬᠣᠣᠰᠯᠠᠭᠤᠯᠵᠤ ᠪᠠᠶᠢᠬᠤ ᠵᠠᠶᠢᠯᠠᠰᠢ ᠦᠭᠡᠢ ᠬᠡᠷᠡᠭᠲᠡᠢ᠃ ᠨᠡᠭᠦᠷᠡᠰᠦ ᠬᠡᠶᠢᠵᠢᠭᠦᠯᠬᠦ ᠫᠷᠣᠰᠰᠡᠼ ᠶᠢᠨ ᠬᠤᠪᠢ ᠳᠤ ᠤᠷᠢᠲᠤᠵᠤ ᠨᠡᠭᠦᠷᠡᠰᠦ ᠪᠡᠨ ᠬᠡᠰᠡᠭᠴᠢᠯᠡᠨ ᠰᠢᠲᠠᠭᠠᠵᠤ ᠬᠠᠯᠠᠭᠤᠨ ᠬᠢ ᠶᠢ ᠡᠭᠦᠰᠬᠡᠨ᠎ᠡ᠃ ᠦᠯᠡᠳᠡᠭᠰᠡᠨ ᠨᠡᠭᠦᠷᠡᠰᠦ ᠨᠢ ᠪᠤᠢ ᠪᠣᠯᠤᠨ ᠬᠦᠢᠨᠡᠢ ᠤᠯᠠᠮ ᠠᠴᠠ ᠤᠷᠪᠠᠯ ᠶᠠᠪᠤᠭᠳᠠᠵᠤ ᠭᠣᠣᠯᠴᠢᠯᠠᠨ ᠳᠠᠩ ᠢᠰᠦᠯ ᠳᠦ ᠨᠡᠭᠦᠷᠡᠰᠦᠲᠥ᠋ᠷᠥᠭᠴᠢ᠂ ᠤᠰᠤᠲᠥᠶᠢᠷᠦᠭᠴᠢ ᠡᠴᠡ ᠪᠦᠲᠦᠭᠰᠡᠨ ᠬᠡᠢ ᠪᠣᠯᠤᠨ᠎ᠠ᠃ ᠨᠡᠭᠦᠷᠡᠰᠦᠨ ᠳᠦ ᠠᠭᠤᠯᠤᠭᠳᠠᠭᠰᠠᠨ ᠦᠨᠡᠰᠦᠯᠢᠭ (ᠡᠷᠦᠳᠡᠰᠦ) ᠪᠣᠯ ᠬᠠᠶᠢᠯᠠᠵᠤ ᠵᠤᠤᠬ᠎ᠠ ᠠᠴᠠ ᠢᠯᠭᠠᠭᠳᠠᠨ᠎ᠠ᠃



ᠬᠡᠶᠢᠵᠢᠭᠦᠯᠦᠭᠰᠡᠨ ᠨᠡᠭᠦᠷᠡᠰᠦᠨ ᠳᠦ ᠭᠦᠢᠴᠡᠳ ᠰᠢᠲᠠᠭ᠎ᠠ ᠦᠭᠡᠢ ᠻᠠᠷᠪᠣᠨ᠂ ᠦᠨᠡᠰᠦᠯᠢᠭ ᠦᠨ ᠲᠣᠭᠤᠰᠤᠨᠴᠢᠷ᠂ ᠬᠦᠬᠦᠷᠲᠦ ᠤᠰᠤᠲᠥᠶᠢᠷᠦᠭᠴᠢ (H₂S)᠂ ᠾᠯᠣᠷᠲᠤ ᠤᠰᠤᠲᠥᠶᠢᠷᠦᠭᠴᠢ (HCI)᠂ ᠮᠮᠢᠶᠠᠻ (NH₃) ᠵᠡᠷᠭᠡ ᠢᠯᠡᠭᠦᠳᠡᠯ ᠪᠣᠳᠠᠰ ᠦᠯᠡᠳᠡᠭᠰᠡᠨ ᠪᠠᠢᠪᠠᠯ ᠲᠤᠬᠠᠢ ᠶᠢᠨ ᠬᠢ ᠶᠢ ᠠᠰᠢᠭᠯᠠᠬᠤ ᠲᠣᠨᠣᠭ ᠲᠥᠬᠥᠭᠡᠷᠦᠮᠵᠢ ᠦᠷᠦᠬᠦ᠂ ᠵᠢᠪᠡᠷᠡᠬᠦ᠂ ᠴᠢᠳᠠᠮᠵᠢ ᠪᠠᠭᠤᠷᠠᠬᠤ᠂ ᠤᠷᠴᠢᠨ ᠳᠤ ᠰᠥᠷᠭᠦ ᠨᠥᠯᠥᠭᠡ ᠦᠵᠡᠭᠦᠯᠬᠦ ᠭᠡᠬᠢ ᠮᠡᠲᠦ ᠶᠢ ᠠᠰᠠᠭᠤᠳᠠᠯ ᠡᠭᠦᠰᠦᠨ᠎ᠡ᠃ ᠲᠡᠶᠢᠮᠦ ᠤᠴᠢᠷ ᠠᠴᠠ ᠡᠳᠡᠭᠡᠷ ᠪᠣᠳᠠᠰ ᠢ ᠠᠷᠢᠯᠭᠠᠵᠤ ᠴᠡᠪᠡᠷᠰᠢᠭᠦᠯᠬᠦ ᠬᠡᠷᠡᠭᠲᠡᠢ᠃ ᠬᠡᠶᠢᠵᠢᠭᠦᠯᠦᠭᠰᠡᠨ ᠨᠡᠭᠦᠷᠡᠰᠦ ᠶᠢ ᠴᠡᠪᠡᠷᠰᠢᠭᠦᠯᠬᠦ ᠠᠷᠭ᠎ᠠ ᠶᠢ ᠰᠢᠩᠭᠡᠨ ᠳᠦ ᠰᠢᠩᠭᠡᠭᠡᠬᠦ ᠨᠣᠶᠢᠲᠠᠨ ᠠᠷᠭ᠎ᠠ ᠪᠣᠯᠤᠨ ᠬᠠᠲᠠᠭᠤ ᠲᠥᠯᠥᠪᠲᠡᠢ ᠻᠠᠲ᠋ᠠᠯᠢᠽᠠᠲᠣᠷ᠂ ᠰᠢᠩᠭᠡᠭᠡᠭᠴᠢ ᠪᠣᠳᠠᠰ ᠢ ᠠᠰᠢᠭᠯᠠᠬᠤ ᠬᠠᠤᠷᠠᠢ ᠠᠷᠭ᠎ᠠ ᠭᠡᠵᠦ ᠬᠣᠶᠠᠷ ᠬᠤᠪᠢᠶᠠᠳᠠᠭ᠃ ᠨᠣᠶᠢᠲᠠᠨ ᠠᠷᠭ᠎ᠠ ᠪᠣᠯ ᠳᠡᠭᠡᠷ᠎ᠡ ᠦᠶᠡᠰ ᠪᠠᠢᠳᠠᠭ ᠭᠡᠳᠡᠭ ᠤᠳᠬ᠎ᠠ ᠪᠠᠷ ᠪᠠᠲᠤᠯᠠᠭ᠎ᠠ ᠲᠠᠢ ᠪᠥᠭᠡᠳ ᠠᠷᠢᠯᠭᠠᠬᠤ ᠴᠢᠳᠠᠪᠤᠷᠢ ᠬᠠᠩᠭᠠᠯᠲᠠᠲᠠᠢ ᠬᠡᠳᠦᠢ ᠴᠤ ᠬᠡᠢ ᠶᠢᠨ ᠲᠡᠮᠫᠡᠷᠠᠲᠦᠷ ᠶᠢ ᠨᠠᠮ ᠪᠣᠯᠭᠠᠭᠰᠠᠨ ᠦᠨᠳᠦᠰᠦᠨ ᠳᠡᠭᠡᠷ᠎ᠡ ᠠᠵᠢᠯᠯᠠᠭᠤᠯᠳᠠᠭ ᠲᠤᠯᠠ ᠰᠢᠰᠲ᠋ᠧᠮ ᠦᠨ ᠬᠢᠴᠡ ᠠᠷᠠᠢ ᠲᠥᠪᠡᠭᠲᠡᠢ ᠪᠣᠯᠳᠠᠭ᠃ ᠴᠠᠬᠢᠯᠭᠠᠨ ᠰᠲ᠋ᠠᠨᠼ ᠲᠤ ᠠᠰᠢᠭᠯᠠᠬᠤ ᠳᠤ ᠡᠷᠴᠢᠮ ᠬᠦᠴᠦ ᠦᠢᠯᠡᠳᠪᠦᠷᠢᠯᠡᠯ ᠦᠨ ᠦᠷ᠎ᠡ ᠳ᠋ᠦᠩ ᠮᠠᠭᠤ ᠲᠠᠢ ᠭᠡᠳᠡᠭ ᠳᠤᠲᠠᠭᠳᠠᠯ ᠲᠠᠢ᠃ ᠨᠥᠭᠦᠭᠡᠳᠡᠬᠢ ᠬᠠᠤᠷᠠᠢ ᠠᠷᠭ᠎ᠠ ᠪᠣᠯ ᠦᠷ᠎ᠡ ᠳᠦᠩᠭᠡ ᠶᠢᠨ ᠠᠰᠠᠭᠤᠳᠠᠯ ᠡᠭᠦᠰᠬᠦ ᠦᠭᠡᠢ ᠴᠤ ᠰᠢᠩᠭᠡᠭᠡᠬᠦ ᠭᠡᠵᠦ ᠪᠤᠢ ᠪᠣᠳᠠᠰ ᠲᠤᠰ ᠪᠦᠷᠢ ᠳᠦ ᠲᠠᠭᠠᠷᠠᠭᠤᠯᠤᠭᠰᠠᠨ ᠠᠳᠠᠯᠢ ᠦᠭᠡᠢ ᠻᠠᠲ᠋ᠠᠯᠢᠽᠠᠲᠣᠷ ᠱᠠᠭᠠᠷᠳᠠᠳᠠᠭ᠃ ᠠᠯᠢ ᠴᠤ ᠲᠥᠷᠥᠯ ᠦᠨ ᠰᠢᠩᠭᠡᠭᠡᠭᠴᠢ ᠪᠣᠳᠠᠰ᠂ ᠻᠠᠲ᠋ᠠᠯᠢᠽᠠᠲᠣᠷ ᠣᠳᠣᠬᠤᠨᠳᠤ᠎ᠠ ᠰᠤᠳᠤᠯᠭᠠᠨ ᠤ ᠲᠥᠪᠰᠢᠨ ᠳᠦ ᠶᠠᠪᠤᠵᠤ ᠪᠠᠶᠢᠨ᠎ᠠ᠃ ᠴᠢᠨᠠᠷ ᠤᠨ ᠬᠤᠪᠢ ᠳᠤ ᠭᠠᠶᠢᠭᠤᠢ ᠭᠡᠳᠡᠭ ᠨᠢ ᠰᠤᠳᠤᠯᠤᠭᠳᠠᠭᠰᠠᠨ ᠬᠡᠳᠦᠢ ᠴᠤ ᠦᠢᠯᠡᠳᠪᠦᠷᠢ ᠶᠢᠨ ᠬᠡᠮᠵᠢᠶ᠎ᠡ ᠶᠢ ᠲᠡᠯᠡᠬᠦ᠂ ᠤᠷᠲᠤ ᠤᠳᠠᠭᠠᠨ ᠬᠤᠭᠤᠴᠠᠭ᠎ᠠ ᠪᠠᠷ ᠠᠰᠢᠭᠯᠠᠬᠤ ᠳᠤ ᠲᠡᠰᠪᠦᠷᠢᠲᠡᠢ ᠡᠰᠡᠬᠦ ᠲᠠᠯ᠎ᠠ ᠪᠠᠷ ᠪᠠᠲᠤᠯᠠᠭ᠎ᠠ ᠦᠭᠡᠢ ᠶᠤᠮ᠃ ᠭᠡᠰᠡᠨ ᠬᠡᠳᠦᠢ ᠴᠤ ᠬᠡᠶᠢᠵᠢᠭᠦᠯᠬᠦ ᠠᠵᠢᠯ ᠢ ᠤᠯᠠᠮ ᠦᠷ᠎ᠡ ᠠᠰᠢᠭᠲᠠᠢ ᠪᠣᠯᠭᠠᠬᠤ ᠶᠢᠨ ᠲᠤᠯᠠᠳᠠ ᠴᠢᠨᠠᠭᠰᠢᠳᠠ ᠪᠠᠨ ᠬᠡᠢ ᠴᠡᠪᠡᠷᠰᠢᠭᠦᠯᠬᠦ ᠬᠠᠤᠷᠠᠢ ᠠᠷᠭ᠎ᠠ ᠶᠢ ᠪᠣᠯᠪᠠᠰᠤᠷᠠᠩᠭᠤᠢ ᠪᠣᠯᠭᠠᠬᠤ ᠨᠢ ᠵᠦᠢᠲᠡᠢ᠃



ᠨᠡᠭᠦᠷᠡᠰᠦ ᠪᠡᠷ ᠭᠠᠯᠯᠠᠳᠠᠭ ДЦС ᠍ ᠤᠨ ᠬᠤᠪᠢ ᠳᠤ ᠥᠨᠥᠳᠥᠷ ᠬᠠᠮᠤᠭ ᠤᠨ ᠣᠷᠴᠢᠨ ᠦᠶ᠎ᠡ ᠶᠢᠨ ᠲᠧᠭᠨᠣᠯᠣᠭᠢ ᠪᠣᠯᠬᠤ IGCC ᠪᠤᠶᠤ ᠬᠡᠶᠢᠵᠢᠭᠦᠯᠦᠭᠰᠡᠨ ᠨᠡᠭᠦᠷᠢ ᠠᠰᠢᠭᠯᠠᠬᠤ ᠬᠣᠯᠢᠮᠠᠭ ᠲᠦᠷᠪᠢᠨ ᠳᠦ ᠭᠣᠷᠢᠮ ᠤᠨ ᠲᠤᠬᠠᠢ ᠳᠤᠷᠠᠳᠤᠶ᠎ᠠ᠃ ᠲᠤᠰ IGCC ᠍ ᠢ ᠠᠰᠢᠭᠯᠠᠭᠰᠠᠨ ᠢᠶᠠᠷ ᠨᠡᠭᠦᠷᠡᠰᠦ ᠪᠡᠷ ᠭᠠᠯᠯᠠᠳᠠᠭ ᠡᠩ ᠦᠨ ДЦС ᠍ ᠠᠴᠠ ᠦᠷ᠎ᠡ ᠳ᠋ᠦᠩ ᠰᠠᠶᠢᠵᠢᠷᠠᠬᠤ ᠪᠠᠷ ᠲᠣᠭᠲᠠᠬᠤ ᠦᠭᠡᠢ᠂ SC᠂ USC ᠵᠡᠷᠭᠡ ᠳᠡᠪᠰᠢᠯᠲᠡᠲᠦ ᠲᠧᠭᠨᠣᠯᠣᠭᠢ ᠣᠷᠣᠭᠤᠯᠤᠭᠰᠠᠨ ᠵᠦᠢᠯ ᠡᠴᠡ ᠴᠤ ᠢᠯᠡᠭᠦᠦ ᠦᠷ᠎ᠡ ᠳ᠋ᠦᠩ ᠰᠠᠶᠢᠲᠠᠢ᠂ ᠲᠤᠬᠠᠶᠢᠯᠠᠪᠠᠯ 48-50% ᠍ ᠦᠨ ᠪᠦᠲᠦᠭᠡᠮᠵᠢ ᠪᠡᠷ ᠡᠷᠴᠢᠮ ᠬᠦᠴᠦ ᠦᠢᠯᠡᠳᠪᠦᠷᠢᠯᠡᠵᠦ ᠴᠢᠳᠠᠳᠠᠭ᠃ ᠨᠡᠭᠦᠷᠡᠰᠦ ᠪᠣᠯ ᠨᠧᠹᠲ ᠲᠡᠢ ᠬᠠᠷᠢᠴᠠᠭᠤᠯᠬᠤ ᠳᠤ ᠮᠠᠰᠢ ᠬᠢᠮᠳᠠ ᠮᠥᠷᠲᠡᠯ᠎ᠡ ᠠᠭᠠᠷ ᠢ ᠶᠡᠬᠡ ᠪᠣᠬᠢᠷᠳᠠᠭᠤᠯᠤᠨ᠎ᠠ ᠭᠡᠳᠡᠭ ᠳᠤᠲᠠᠭᠳᠠᠯ ᠲᠠᠢ ᠬᠡᠮᠡᠨ ᠦᠵᠡᠭᠳᠡᠵᠦ ᠢᠷᠡᠪᠡ᠃ ᠬᠠᠷᠢᠨ ᠬᠡᠳᠦᠢ ᠪᠡᠷ ᠨᠡᠭᠦᠷᠡᠰᠦ ᠪᠡᠷ ᠭᠠᠯᠯᠠᠳᠠᠭ ᠴᠤ ᠭᠡᠰᠡᠨ IGCC ᠲᠧᠭᠨᠣᠯᠣᠭᠢ ᠨᠡᠭᠦᠷᠡᠰᠦ ᠬᠦᠴᠢᠯ ᠦᠨ ᠬᠡᠢ ᠶᠢᠨ ᠬᠡᠮᠵᠢᠶ᠎ᠡ ᠶᠢ 20% ᠍ ᠢᠶᠠᠷ ᠪᠠᠭᠤᠷᠠᠭᠤᠯᠵᠤ᠂ ᠨᠧᠹᠲ ᠲᠡᠢ ᠪᠠᠷᠤᠭ ᠢᠵᠢᠯ ᠲᠥᠪᠰᠢᠨ ᠳᠦ ᠬᠦᠷᠭᠡᠵᠦ ᠴᠢᠳᠠᠨ᠎ᠠ. SOx᠂ NOx ᠵᠡᠷᠭᠡ ᠪᠣᠳᠠᠰ ᠢᠯᠭᠠᠷᠠᠭᠤᠯᠬᠤ ᠬᠡᠮᠵᠢᠶ᠎ᠡ ᠶᠢ ᠪᠠᠰᠠ ᠶᠡᠬᠡ ᠪᠠᠭᠠᠰᠬᠠᠨ᠎ᠠ᠃ ᠲᠡᠭᠦᠪᠡᠷ ᠦᠯᠦ ᠪᠠᠷᠠᠮ ᠪᠤᠰᠤᠳ ᠲᠥᠷᠥᠯ ᠦᠨ ᠰᠲ᠋ᠠᠨᠼ ᠤᠳ ᠲᠤ ᠠᠰᠢᠭᠯᠠᠬᠤ ᠪᠣᠯᠤᠮᠵᠢ ᠦᠭᠡᠢ ᠪᠠᠢᠭᠰᠠᠨ ᠵᠡᠷᠭᠡᠯᠡᠯ ᠪᠠᠭᠠᠲᠠᠢ ᠨᠡᠭᠦᠷᠡᠰᠦ ᠶᠢ ᠬᠦᠷᠲᠡᠯ᠎ᠡ ᠲᠦᠯᠡᠰᠢᠨ ᠳᠦ ᠠᠰᠢᠭᠯᠠᠵᠤ ᠪᠣᠯᠳᠠᠭ ᠲᠤᠯᠠ ᠡᠳ᠋ ᠍ ᠦᠨ ᠵᠠᠰᠠᠭ ᠤᠨ ᠬᠤᠪᠢ ᠳᠤ ᠴᠤ ᠠᠰᠢᠭᠲᠠᠢ᠃ ᠶᠠᠫᠣᠨ ᠤᠯᠤᠰ ᠲᠤ ᠡᠳ᠋ ᠍ ᠦᠨ ᠵᠠᠰᠠᠭ ᠠᠵᠤ ᠦᠢᠯᠡᠳᠪᠦᠷᠢ ᠶᠢᠨ ᠶᠠᠮᠤᠨ ᠤ ᠳᠡᠮᠵᠢᠯᠭᠡ ᠶᠢᠨ ᠳᠠᠭᠠᠤ ᠡᠷᠴᠢᠮ ᠬᠦᠴᠦᠨ ᠦ ᠰᠠᠯᠪᠤᠷᠢ ᠶᠢᠨ ᠨᠡᠶᠢᠲᠡ 11 ᠠᠵᠤ ᠠᠬᠤᠶᠢ ᠶᠢᠨ ᠨᠢᠭᠡᠴᠡ ᠨᠦᠭᠦᠳ ᠬᠠᠮᠲᠤᠷᠠᠨ ᠡᠨᠡ ᠲᠤᠬᠠᠢ ᠰᠤᠳᠤᠯᠭ᠎ᠠ ᠶᠠᠪᠤᠭᠤᠯᠤᠭᠰᠠᠭᠠᠷ ᠢᠷᠡᠵᠡᠢ᠃ 1986-1996 ᠣᠨ ᠳᠤ ᠲᠤᠷᠰᠢᠯᠲᠠ ᠶᠢᠨ ᠪᠠᠶᠢᠭᠤᠯᠤᠮᠵᠢ ᠠᠵᠢᠯᠯᠠᠭᠤᠯᠵᠤ᠂ 1997-2001 ᠣᠨ ᠳᠤ ᠬᠢᠴᠡ ᠵᠠᠭᠪᠤᠷ ᠤᠨ ᠨᠠᠷᠢᠪᠴᠢᠯᠠᠭᠰᠠᠨ ᠰᠤᠳᠤᠯᠭ᠎ᠠ ᠬᠢᠵᠦ᠂ 2001 - 2012 ᠣᠨ ᠳᠤ ᠨᠻᠣᠰᠣᠭ ᠤᠨ ᠴᠠᠬᠢᠯᠭᠠᠨ ᠰᠲ᠋ᠠᠨᠼ ᠤᠨ ᠲᠠᠯᠠᠪᠠᠢ ᠳᠡᠭᠡᠷ᠎ᠡ ᠪᠣᠳᠠᠲᠤ ᠬᠡᠮᠵᠢᠶᠡᠨᠡᠢ ᠬᠣᠶᠠᠷ ᠤᠨ ᠨᠢᠭᠡ ᠪᠡᠷ ᠬᠢᠭᠳᠡᠭᠰᠡᠨ ᠵᠠᠭᠪᠤᠷ ᠪᠠᠶᠢᠭᠤᠯᠤᠮᠵᠢ ᠶᠢ ᠪᠠᠷᠢᠵᠤ ᠪᠠᠲᠤᠯᠠᠭᠠᠵᠢᠭᠤᠯᠬᠤ ᠠᠵᠢᠯ ᠢᠶᠠᠨ ᠬᠢᠵᠦ ᠭᠦᠢᠴᠡᠳᠭᠡᠵᠡᠢ᠃ ᠪᠤᠰᠤᠳ ᠣᠷᠣᠨ ᠨᠤᠭᠤᠳ ᠴᠤ IGCC ᠲ᠋ᠡᠻᠨᠣᠯᠣᠭ ᠤᠨ ᠲᠤᠬᠠᠢ ᠰᠤᠳᠤᠯᠭ᠎ᠠ ᠶᠢ ᠪᠠᠨ ᠨᠡᠯᠢᠶᠡᠳ ᠳᠡᠭᠡᠷ᠎ᠡ ᠦᠶᠡᠰ ᠡᠬᠢᠯᠡᠭᠰᠡᠨ ᠪᠣᠯᠪᠠᠴᠤ ᠶᠡᠬᠡᠩᠬᠢ ᠣᠷᠣᠨ ᠨᠤᠭᠤᠳ ᠬᠦᠴᠢᠯᠲᠦᠶᠢᠷᠦᠭᠴᠢ ᠶᠢ ᠠᠰᠢᠭᠯᠠᠵᠤ ᠨᠡᠭᠦᠷᠡᠰᠦ ᠶᠢ ᠬᠡᠶᠢᠵᠢᠭᠦᠯᠬᠦ ᠠᠷᠭ᠎ᠠ ᠶᠢ ᠰᠤᠳᠤᠯᠵᠤ ᠪᠠᠢᠭᠰᠠᠨ ᠪᠥᠭᠡᠳ ᠣᠨᠣᠯ ᠤᠨ ᠬᠤᠪᠢ ᠳᠤ ᠠᠭᠠᠷ ᠢ ᠱᠤ ᠳᠤ ᠠᠰᠢᠭᠯᠠᠬᠤ ᠪᠣᠯᠤᠮᠵᠢ ᠦᠭᠡᠢ ᠬᠡᠮᠡᠨ ᠦᠵᠡᠵᠦ ᠪᠠᠶᠢᠪᠠ᠃ ᠬᠠᠷᠢᠨ ᠶᠠᠫᠣᠨ ᠤ 《ᠮᠢᠼᠴᠪᠢᠰᠢᠷᠡᠵ ᠵᠶᠦᠻᠠᠣ᠋》 ХК ᠳᠡᠯᠡᠬᠡᠢ ᠳᠦ ᠠᠩᠬ᠎ᠠ ᠠᠭᠠᠷ ᠢ ᠠᠰᠢᠭᠯᠠᠨ ᠨᠡᠭᠦᠷᠡᠰᠦ ᠶᠢᠨ ᠬᠡᠶᠢᠵᠢᠭᠦᠯᠬᠦ IGCC ᠲᠧᠭᠨᠣᠯᠣᠭᠢ ᠶᠢ ᠪᠣᠯᠪᠠᠰᠤᠷᠠᠭᠤᠯᠤᠨ ᠭᠠᠷᠭᠠᠵᠤ ᠠᠮᠵᠢᠵᠠᠢ᠃ ᠨᠻᠣᠰᠣᠭ ᠤᠨ ᠴᠠᠬᠢᠯᠭᠠᠨ ᠰᠲ᠋ᠠᠨᠼ ᠲᠤ ᠪᠠᠲᠤᠯᠠᠭᠠᠵᠢᠭᠤᠯᠤᠯᠲᠠ ᠶᠢᠨ ᠠᠵᠢᠯ ᠳᠤ ᠠᠰᠢᠭᠯᠠᠵᠤ ᠪᠠᠢᠭᠰᠠᠨ ᠵᠠᠭᠪᠤᠷ ᠪᠠᠶᠢᠭᠤᠯᠤᠮᠵᠢ ᠶᠢ 2013 ᠣᠨ ᠤ 4 ᠰᠠᠷ᠎ᠠ ᠠᠴᠠ ᠬᠣᠶᠢᠰᠢ ᠪᠣᠳᠠᠲᠤ ᠠᠰᠢᠭᠯᠠᠯᠲᠠ ᠳᠤ ᠣᠷᠣᠭᠤᠯᠵᠤ ᠡᠷᠴᠢᠮ ᠬᠦᠴᠦ ᠦᠢᠯᠡᠳᠪᠦᠷᠢᠯᠡᠯ ᠶᠠᠪᠤᠭᠤᠯᠵᠤ ᠪᠠᠶᠢᠨ᠎ᠠ᠃

ᠡᠬᠢ
ᠰᠤᠷᠪᠤᠯᠵᠢ

藤田和男 監修, トコトンやさしい石炭の本, 日刊工業, 2009.
http://www.nedo.go.jp/hyoukabu/articles/201306igcc/index.html

ᠰᠡᠳᠬᠢᠭᠳᠡᠯ

<Comments/>

ᠲᠦᠯᠬᠢᠭᠦᠷ
ᠦᠭᠡᠰ

нүүрс хийжүүлэх технологи