ᠮᠣᠩᠭᠣᠯ ᠤᠯᠤᠰ
ᠮᠣᠩᠭᠣᠯ ᠤᠯᠤᠰ ᠠᠽᠢᠶ᠎ᠠ ᠲᠢᠪ ᠦᠨ ᠲᠥᠪ ᠬᠡᠰᠡᠭ ᠲᠦ ᠣᠷᠣᠰᠢᠳᠠᠭ ᠫᠠᠷᠯᠠᠮᠧᠨᠲ ᠤᠨ ᠠᠷᠠᠳᠴᠢᠯᠠᠭᠰᠠᠨ ᠲᠣᠭᠲᠠᠯᠴᠠᠭ᠎ᠠ ᠲᠠᠢ ᠤᠯᠤᠰ ᠪᠢᠯᠡ᠃ ᠭᠠᠵᠠᠷ ᠨᠤᠲᠤᠭ ᠤᠨ ᠬᠡᠮᠵᠢᠶ᠎ᠡ ᠪᠡᠷ ᠠᠽᠢᠶ᠎ᠠ ᠶᠢᠨ ᠵᠢᠷᠭᠤᠭ᠎ᠠ᠂ ᠳᠡᠯᠡᠬᠡᠢ ᠶᠢᠨ 18 ᠍ ᠳᠦ ᠣᠷᠣᠳᠠᠭ᠂ ᠬᠠᠷᠢᠨ ᠳᠠᠯᠠᠢ ᠳᠤ ᠭᠠᠷᠤᠴᠠ ᠦᠭᠡᠢ ᠬᠣᠶᠠᠷ ᠳᠠᠬᠢ ᠲᠣᠮᠣ ᠤᠯᠤᠰ ᠶᠤᠮ᠃ ᠨᠢᠭᠡ ᠬᠦᠮᠦᠨ ᠳᠦ ᠨᠣᠭᠳᠠᠳᠠᠭ ᠨᠤᠲᠤᠭ ᠳᠡᠪᠢᠰᠬᠡᠷ ᠦᠨ ᠬᠡᠮᠵᠢᠶ᠎ᠡ ᠪᠡᠷ ᠳᠡᠯᠡᠬᠡᠢ ᠳᠦ ᠲᠡᠷᠢᠭᠦᠯᠡᠳᠡᠭ᠃ ᠨᠡᠶᠢᠰᠯᠡᠯ ᠨᠢ ᠤᠯᠠᠭᠠᠨᠪᠠᠭᠠᠲᠤᠷ ᠬᠣᠲᠠ ᠶᠢᠨ 6 ᠳᠡᠭᠦᠷᠭᠡ᠂ ᠮᠥᠨ ᠠᠯᠤᠰᠯᠠᠭᠳᠠᠭᠰᠠᠨ ᠳᠡᠭᠦᠷᠭᠡ ᠪᠣᠯᠬᠤ ᠪᠠᠭᠠᠨᠠᠭᠤᠷ᠂ ᠨᠠᠯᠠᠶᠢᠬᠤ ᠬᠣᠲᠠ᠂ ᠪᠠᠭᠠᠬᠠᠩᠭᠠᠢ ᠳᠡᠭᠦᠷᠭᠡ ᠶᠢ ᠪᠠᠭᠲᠠᠭᠠᠳᠠᠭ ᠲᠤᠯᠠ ᠨᠡᠢᠢᠲᠡ 9 ᠳᠡᠭᠦᠷᠭᠡ ᠲᠡᠢ᠃ ᠤᠯᠠᠭᠠᠨᠪᠠᠭᠠᠲᠤᠷ ᠬᠣᠲᠠ ᠳᠡᠯᠡᠬᠡᠢ ᠶᠢᠨ ᠬᠠᠮᠤᠭ ᠤᠨ ᠬᠦᠢᠲᠡᠨ ᠨᠡᠶᠢᠰᠯᠡᠯ᠃ ᠵᠢᠯ ᠦᠨ ᠳᠤᠮᠳᠠᠴᠢ ᠬᠡᠮ ᠨᠢ ᠼᠧᠯᠰ ᠦᠨ -1.3 ᠬᠡᠮ᠃ ꡏꡡꡃ ꡂꡡꡙ
ᠬᠦᠮᠦᠨ ᠠᠮᠠ
ᠬᠦᠮᠦᠨ ᠠᠮᠠ 2016 ᠣᠨ ᠳᠤ 3 ᠰᠠᠶ᠎ᠠ ᠬᠦᠷᠦᠭᠰᠡᠨ᠃ ᠬᠦᠮᠦᠨ ᠠᠮᠠ ᠶᠢᠨ ᠥᠰᠦᠯᠲᠡ ᠶᠢᠨ ᠲᠦᠪᠰᠢᠨ ᠵᠢᠯ ᠦᠨ 2.8% - ᠲᠠᠢ ᠪᠠᠶᠢᠨ᠎ᠠ᠃ ᠮᠣᠩᠭᠣᠯ ᠤᠨ ᠬᠦᠮᠦᠨ ᠠᠮᠠ ᠶᠢᠨ ᠭᠤᠷᠪᠠᠨ ᠤ ᠬᠣᠶᠠᠷ ᠨᠢ 30 – ᠠ ᠠᠴᠠ ᠳᠣᠭᠣᠭᠰᠢ ᠨᠠᠰᠤᠲᠠᠢ ᠪᠠᠶᠢᠳᠠᠭ᠃ ᠬᠦᠮᠦᠨ ᠠᠮᠠ ᠶᠢᠨ ᠲᠣᠭ᠎ᠠ ᠪᠠᠷ ᠳᠡᠯᠡᠬᠡᠢ ᠳᠦ 138 ᠍ ᠳᠦ ᠣᠷᠣᠳᠠᠭ᠃ ᠬᠦᠮᠦᠨ ᠠᠮᠠ ᠶᠢᠨ ᠳᠡᠶᠢᠯᠦᠩᠬᠢ ᠬᠡᠰᠡᠭ ᠨᠢ ᠲᠥᠪ ᠰᠠᠭᠤᠷᠢᠨ ᠭᠠᠵᠠᠷ ᠲᠤ ᠲᠥᠪᠯᠡᠷᠡᠵᠦ ᠪᠠᠶᠢᠨ᠎ᠠ᠃ ᠬᠣᠲᠠ ᠶᠢᠨ ᠬᠦᠮᠦᠨ ᠠᠮᠠ ᠨᠢᠭᠡ ᠰᠠᠶ᠎ᠠ ᠳᠠᠪᠠᠭᠰᠠᠨ ᠪᠥᠭᠡᠳ ᠤᠯᠠᠭᠠᠨᠪᠠᠭᠠᠲᠤᠷ ᠬᠣᠲᠠᠳ ᠨᠡᠶᠢᠲᠡ ᠬᠦᠮᠦᠨ ᠠᠮᠠ ᠶᠢᠨ ᠭᠤᠷᠪᠠᠨ ᠤ ᠨᠢᠭᠡ ᠪᠤᠶᠤ 1 ᠰᠠᠶ᠎ᠠ ᠭᠠᠷᠤᠢ ᠣᠷᠣᠰᠢᠨ ᠰᠠᠭᠤᠭᠴᠢᠳ ᠲᠠᠢ ᠪᠣᠯᠵᠤ ᠥᠷᠭᠡᠵᠢᠨ ᠲᠡᠯᠡᠭᠰᠡᠭᠡᠷ ᠪᠠᠶᠢᠨ᠎ᠠ᠃ ᠬᠡᠳᠦᠢ ᠲᠡᠶᠢᠮᠦ ᠪᠣᠯᠪᠠᠴᠤ᠂ ᠬᠣᠲᠠ ᠶᠢᠨ ᠬᠦᠮᠦᠨ ᠠᠮᠠ ᠶᠢᠨ ᠨᠡᠯᠢᠶᠡᠳ ᠶᠡᠬᠡ ᠬᠡᠰᠡᠭ ᠨᠢ ᠬᠣᠲᠠ ᠶᠢᠨ ᠵᠠᠬ᠎ᠠ ᠳᠤ ᠭᠡᠷ ᠬᠣᠷᠢᠶᠠᠯᠠᠯ ᠳᠤ ᠥᠮᠳᠢᠷᠴᠢ ᠪᠠᠶᠢᠨ᠎ᠠ᠃ ᠮᠣᠩᠭᠣᠯ ᠤᠨ ᠬᠦᠮᠦᠨ ᠠᠮᠠ ᠶᠢᠨ ᠳᠤᠮᠳᠠᠴᠢ ᠨᠢᠭᠲᠠᠷᠠᠯ ᠨᠢᠭᠡ ᠺᠦᠸᠠᠳ᠋ ᠺᠮ ᠲᠠᠯᠠᠪᠠᠢ ᠳᠤ 1.6 ᠬᠦᠮᠦᠨ᠂ ᠭᠣᠪᠢ ᠶᠢᠨ ᠬᠦᠮᠦᠨ ᠠᠮᠠ ᠶᠢᠨ ᠨᠢᠭᠲᠠᠷᠠᠯ ᠶᠡᠷᠦ ᠳᠡᠭᠡᠨ 0.3 ᠬᠦᠮᠦᠨ / ᠺᠮ 2 ᠪᠠᠶᠢᠳᠠᠭ᠃ ᠮᠣᠩᠭᠣᠯ ᠤᠨ ᠬᠦᠮᠦᠨ ᠠᠮᠠ ᠶᠢᠨ 75% ᠨᠢ ᠬᠠᠯᠬ᠎ᠠ ᠮᠣᠩᠭᠣᠯ ᠬᠡᠯᠡ ᠪᠡᠷ ᠶᠠᠷᠢᠳᠠᠭ᠂ 15% ᠨᠢ ᠪᠤᠰᠤᠳ ᠮᠣᠩᠭᠣᠯ ᠬᠡᠯᠡ ᠪᠡᠷ ᠶᠠᠷᠢᠳᠠᠭ ᠪᠠ ᠡᠨᠳᠡ ᠲᠦᠷᠦᠭ ᠭᠠᠷᠤᠯ ᠤᠨ ᠬᠠᠰᠠᠭ᠂ ᠲᠤᠸᠠ᠂ ᠤᠷᠢᠶᠠᠩᠬᠠᠢ᠂ ᠬᠣᠲᠠᠨ ᠬᠡᠯᠡ ᠣᠷᠣᠳᠠᠭ ᠪᠥᠭᠡᠳ ᠠᠯᠪᠠᠨ ᠶᠣᠰᠣᠨ ᠤ ᠬᠡᠯᠡ ᠨᠢ ᠬᠠᠯᠬ᠎ᠠ ᠮᠣᠩᠭᠣᠯ ᠬᠡᠯᠡ ᠶᠤᠮ᠃
ᠤᠭᠰᠠᠭᠠᠲᠠᠨ ᠊ᠤ ᠪᠦᠲᠦᠴᠡ
ᠬᠦᠮᠦᠨ ᠠᠮᠠ ᠶᠢᠨ 85% ᠨᠢ ᠮᠣᠩᠭᠣᠯ᠂ ᠲᠡᠳᠡᠭᠡᠷ ᠦᠨ ᠳᠡᠶᠢᠯᠦᠩᠬᠢ ᠨᠢ ᠬᠠᠯᠬ᠎ᠠ ᠮᠣᠩᠭᠣᠯ᠂ 7% ᠨᠢ ᠲᠦᠷᠦᠭ ᠤᠭᠰᠠᠭᠠᠨ ᠤ (ᠭᠣᠣᠯᠳᠠᠭᠤ ᠬᠠᠰᠠᠭ)᠂ 4.6% ᠲᠦᠩᠭᠦᠰ ᠬᠠᠮᠨᠢᠭᠠᠨ ᠤᠭᠰᠠᠭᠠᠨ᠂ 3.4% ᠨᠢ ᠪᠤᠰᠤᠳ ᠦᠨᠳᠦᠰᠦᠲᠡᠨ ᠡᠵᠡᠯᠡᠳᠡᠭ ᠪᠠᠶᠢᠨ᠎ᠠ᠃ ᠮᠣᠩᠭᠣᠯ ᠠᠴᠠ ᠪᠤᠰᠤᠳ ᠣᠷᠣᠨ ᠳᠤ 6.0 ᠰᠠᠶ᠎ᠠ ᠭᠠᠷᠤᠢ ᠮᠣᠩᠭᠣᠯᠴᠤᠳ ᠠᠮᠢᠳᠤᠷᠠᠵᠤ ᠪᠠᠶᠢᠨ᠎ᠠ᠃
ᠭᠠᠵᠠᠷ ᠵᠦᠢ
ᠮᠣᠩᠭᠣᠯ ᠤᠨ ᠭᠠᠵᠠᠷ ᠵᠦᠢ ᠶᠢᠨ ᠪᠠᠶᠢᠷᠢᠯᠠᠯ ᠨᠢ 1564100 ᠻᠢᠯᠣᠮᠧᠲ᠋ᠷ ᠬᠠᠪᠲᠠᠭᠠᠢ ᠳᠥᠷᠪᠡᠯᠵᠢᠨ ᠭᠠᠵᠠᠷ ᠲᠠᠢ᠂ ᠠᠽᠢᠶ᠎ᠠ ᠲᠢᠪ ᠦᠨ ᠵᠢᠷᠦᠬᠡᠨ ᠳᠦ ᠪᠠᠶᠢᠷᠢᠯᠠᠵᠤ ᠪᠠᠶᠢᠨ᠎ᠠ᠃ ᠪᠠᠷᠠᠭᠤᠨ ᠠᠴᠠ ᠵᠡᠭᠦᠨ ᠲᠡᠰᠢ 2.400 ᠭᠠᠷᠤᠢ ᠻᠮ᠂ ᠬᠣᠶᠢᠨᠠ ᠠᠴᠠ ᠤᠷᠤᠭᠰᠢ 1.260 ᠭᠠᠷᠤᠢ ᠻᠮ ᠤᠷᠲᠤ ᠲᠠᠢ ᠪᠠ ᠬᠣᠶᠢᠭᠤᠷ ᠢᠶᠠᠨ ᠣᠷᠣᠰ ᠤᠨ ᠬᠣᠯᠪᠣᠭᠠᠨ ᠤ ᠤᠯᠤᠰ᠂ ᠵᠡᠭᠦᠨ ᠤᠷᠳᠤ ᠪᠣᠯᠤᠨ ᠪᠠᠷᠠᠭᠤᠨ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠠᠢ ᠬᠢᠯᠢᠯᠬᠡ ᠪᠠᠶᠢᠨ᠎ᠠ᠃ ᠮᠣᠩᠭᠣᠯ ᠤᠯᠤᠰ ᠤᠨ ᠨᠡᠶᠢᠲᠡ ᠬᠢᠯᠢ ᠶᠢᠨ ᠤᠷᠲᠤ ᠨᠢ 8.158 ᠻᠢᠯᠣᠮᠧᠲ᠋ᠷ ᠶᠤᠮ᠃ ᠮᠣᠩᠭᠣᠯ ᠤᠯᠤᠰ ᠨᠢ ᠳᠠᠯᠠᠢ ᠶᠢᠨ ᠲᠦᠪᠰᠢᠨ ᠡᠴᠡ ᠳᠡᠭᠡᠭᠰᠢ 1.580 ᠮᠧᠲ᠋ᠷ ᠦᠨ ᠳᠤᠮᠳᠠᠴᠢ ᠥᠨᠳᠥᠷᠯᠢᠭ ᠲᠦ ᠠᠭᠤᠯᠠᠷᠬᠠᠭ ᠤᠯᠤᠰ ᠪᠥᠭᠡᠳ ᠬᠠᠮᠤᠭ ᠤᠨ ᠨᠠᠮ ᠳᠣᠣᠷ᠎ᠠ ᠭᠠᠵᠠᠷ ᠨᠢ ᠵᠡᠭᠦᠨ ᠮᠣᠩᠭᠣᠯ ᠤᠨ ᠬᠥᠬᠡ ᠨᠠᠭᠤᠷ ᠨᠢ ᠳᠠᠯᠠᠢ ᠶᠢᠨ ᠲᠦᠪᠰᠢᠨ ᠡᠴᠡ ᠳᠡᠭᠡᠭᠰᠢ 556 ᠮᠧᠲ᠋ᠷ ᠥᠨᠳᠥᠷ ᠲᠦ᠂ ᠮᠣᠩᠭᠣᠯ ᠤᠨ ᠬᠠᠮᠤᠭ ᠤᠨ ᠥᠨᠳᠥᠷ ᠴᠡᠭ ᠨᠢ ᠪᠠᠷᠠᠭᠤᠨ ᠮᠣᠩᠭᠣᠯ ᠤᠨ ᠨᠤᠲᠤᠭ ᠲᠤ ᠮᠣᠩᠭᠣᠯ ᠠᠯᠲᠠᠢ ᠶᠢᠨ ᠨᠢᠷᠤᠭᠤᠨ ᠤ ᠬᠦᠢᠲᠡᠨ ᠤᠤᠯ ᠤᠨ ᠨᠠᠶᠢᠷᠠᠮᠳᠠᠯ ᠣᠷᠭᠢᠯ 4.374 ᠮ ᠥᠨᠳᠥᠷ ᠶᠤᠮ᠃ ᠮᠣᠩᠭᠣᠯ ᠤᠨ ᠭᠠᠵᠠᠷ ᠨᠤᠲᠤᠭ ᠢ ᠭᠧᠣᠯᠣᠭᠢ ᠶᠢᠨ ᠪᠦᠲᠦᠴᠡ ᠪᠡᠷ ᠨᠢ 4 ᠦᠨᠳᠦᠰᠦᠨ ᠬᠡᠰᠡᠭ ᠲᠦ ᠬᠤᠪᠢᠶᠠᠳᠠᠭ᠃ ᠡᠭᠦᠨ ᠳᠦ᠂ ᠠᠭᠤᠯᠠᠷᠬᠠᠭ ᠣᠶᠢᠲᠤ ᠬᠡᠭᠡᠷ᠎ᠡ ᠶᠢᠨ ᠪᠥᠰᠡ᠂ ᠠᠭᠤᠯᠠᠷᠬᠠᠭ ᠲᠠᠯ᠎ᠠ ᠶᠢᠨ ᠪᠥᠰᠡ᠂ ᠬᠠᠭᠠᠰ ᠴᠥᠯ ᠦᠨ ᠪᠥᠰᠡ᠂ ᠴᠥᠯ ᠦᠨ ᠪᠥᠰᠡ ᠭᠡᠵᠦ ᠬᠤᠪᠢᠶᠠᠨ᠎ᠠ᠃ ᠮᠣᠩᠭᠣᠯ ᠣᠷᠣᠨ ᠳᠤ ᠬᠠᠨ ᠬᠡᠨᠲᠡᠢ ᠶᠢᠨ ᠨᠢᠷᠤᠭᠤ᠂ ᠬᠠᠩᠭᠠᠢ ᠨᠢᠷᠤᠭᠤ᠂ ᠮᠣᠩᠭᠣᠯ ᠠᠯᠲᠠᠢ ᠨᠢᠷᠤᠭᠤ ᠭᠡᠰᠡᠨ ᠦᠨᠳᠦᠰᠦᠨ ᠭᠤᠷᠪᠠᠨ ᠠᠤᠯᠠᠯᠠᠰ ᠤᠨ ᠪᠥᠰᠡ ᠨᠤᠲᠤᠭ᠂ ᠡᠮᠦᠨ᠎ᠡ ᠲᠠᠯ᠎ᠠ ᠪᠠᠷ ᠢᠶᠠᠨ ᠭᠣᠪᠢ ᠶᠢᠨ ᠪᠥᠰᠡ᠂ ᠵᠡᠭᠦᠨ ᠲᠠᠯ᠎ᠠ ᠪᠠᠷ ᠢᠶᠠᠨ ᠲᠠᠯ᠎ᠠ ᠬᠡᠭᠡᠷ᠎ᠡ ᠶᠢᠨ ᠪᠥᠰᠡ ᠨᠤᠲᠤᠭ ᠲᠠᠢ᠃ ᠲᠤᠰ ᠤᠯᠤᠰ ᠤᠨ ᠬᠠᠮᠤᠭ ᠤᠨ ᠲᠣᠮᠣ ᠨᠠᠭᠤᠷ ᠤᠪᠰ ᠨᠠᠭᠤᠷ 3.350 ᠻᠢᠯᠣᠮᠧᠲ᠋ᠷ 2 ᠲᠠᠯᠠᠪᠠᠢ ᠲᠠᠢ᠂ ᠬᠥᠪᠰᠥᠭᠥᠯ ᠨᠠᠭᠤᠷ 2.760 ᠻᠢᠯᠣᠮᠧᠲ᠋ᠷ 2 ᠲᠠᠯᠠᠪᠠᠢ ᠲᠠᠢ ᠪᠠ ᠡᠨᠡ ᠨᠠᠭᠤᠷ ᠨᠢ ᠲᠥᠪ ᠠᠽᠢᠶ᠎ᠠ ᠶᠢᠨ ᠴᠡᠪᠡᠷ ᠤᠰᠤ ᠲᠠᠢ ᠬᠠᠮᠤᠭ ᠤᠨ ᠲᠣᠮᠣ ᠨᠠᠭᠤᠷ ᠶᠤᠮ᠃ ᠮᠣᠩᠭᠣᠯ ᠤᠨ ᠲᠩᠷᠢ ᠵᠢᠯ ᠦᠨ ᠳᠤᠮᠳᠠᠴᠢ ᠪᠠᠷ 257 ᠬᠣᠨᠣᠭ ᠨᠢ ᠴᠡᠯᠮᠡᠭ ᠪᠠᠶᠢᠳᠠᠭ᠃ ᠮᠣᠩᠭᠣᠯ ᠤᠨ ᠭᠣᠪᠢ ᠳᠡᠯᠡᠬᠡᠢ ᠶᠢᠨ ᠲᠠᠪᠤ ᠳᠠᠬᠢ᠂ ᠠᠽᠢᠶ᠎ᠠ ᠶᠢᠨ ᠬᠠᠮᠤᠭ ᠤᠨ ᠲᠣᠮᠣ ᠴᠥᠯ ᠭᠡᠵᠦ ᠦᠵᠡᠳᠡᠭ᠃ ᠭᠠᠵᠠᠷ ᠨᠤᠲᠤᠭ ᠨᠢ ᠳᠠᠯᠠᠢ ᠶᠢᠨ ᠲᠥᠪᠰᠢᠨ ᠡᠴᠡ ᠳᠤᠮᠳᠠᠴᠢ ᠪᠠᠷ 1580 ᠮᠧᠲ᠋ᠷ ᠥᠨᠳᠥᠷ ᠡᠷᠭᠦᠭᠳᠡᠭᠰᠡᠨ᠂ ᠳᠡᠯᠡᠬᠡᠢ ᠶᠢᠨ ᠬᠠᠮᠤᠭ ᠤᠨ ᠥᠨᠳᠥᠷᠯᠢᠭ ᠣᠷᠣᠨ ᠤ ᠨᠢᠭᠡ ᠶᠤᠮ᠃ ᠮᠣᠩᠭᠣᠯ ᠤᠨ ᠴᠡᠩᠭᠡᠭ ᠤᠰᠤᠨ ᠤ 70 ᠬᠤᠪ ᠢ ᠡᠵᠡᠯᠡᠳᠡᠭ ᠬᠥᠪᠰᠥᠭᠥᠯ ᠨᠠᠭᠤᠷ ᠳᠡᠯᠡᠬᠡᠢ ᠶᠢᠨ ᠴᠡᠩᠭᠡᠭ ᠤᠰᠤᠨ ᠤ 0.4 ᠬᠤᠪ ᠢ ᠪᠦᠷᠢᠳᠦᠭᠦᠯᠳᠡᠭ᠂ ᠠᠽᠢᠶ᠎ᠠ ᠶᠢᠨ ᠬᠣᠶᠠᠷ ᠳᠠᠬᠢ ᠴᠡᠩᠭᠡᠭ ᠤᠰᠤᠲᠤ ᠲᠣᠮᠣ ᠨᠠᠭᠤᠷ᠃ ᠦᠯᠦᠭ ᠭᠦᠷᠪᠡᠯ ᠦᠨ ᠴᠢᠯᠠᠭᠤᠵᠢᠭᠰᠠᠨ ᠥᠨᠳᠡᠭᠡ ᠠᠩᠬ᠎ᠠ 1920 ᠍ - ᠊ᠭᠠᠳ ᠣᠨ ᠳᠤ ᠮᠣᠩᠭᠣᠯ ᠤᠨ ᠭᠣᠪᠢ ᠠᠴᠠ ᠣᠯᠳᠠᠭᠰᠠᠨ᠃ ᠮᠣᠩᠭᠣᠯ ᠣᠷᠤᠨ ᠦ ᠭᠠᠵᠠᠷ ᠤᠨ ᠬᠡᠪᠡᠯᠢ ᠦᠶᠡᠯᠡᠬᠦ ᠰᠢᠰᠲᠧᠮ ᠦᠨ ᠪᠦᠬᠦ ᠧᠯᠧᠮᠧᠨᠲ ᠢ ᠠᠭᠤᠯᠳᠠᠭ ᠭᠡᠵᠦ ᠦᠵᠡᠳᠡᠭ᠃
ᠪᠣᠯᠪᠠᠰᠤᠷᠠᠯ
ᠮᠣᠩᠭᠣᠯ ᠤᠯᠤᠰ ᠢᠷᠭᠡᠳ ᠦᠨ ᠢᠶᠡᠨ IQ ᠍ ᠦ ᠳᠤᠮᠳᠠᠴᠢ ᠲᠥᠪᠰᠢᠨ ᠢᠶᠡᠷ 81 ᠲᠤᠰᠠᠭᠠᠷ ᠣᠷᠣᠨ ᠠᠴᠠ 17 ᠍ ᠳᠦ ᠵᠢᠭᠰᠠᠳᠠᠭ᠃ ᠮᠣᠩᠭᠣᠯᠴᠤᠳ ᠤᠨ ᠣᠶᠤᠨ ᠤ ᠴᠢᠳᠠᠮᠵᠢ ᠶᠢᠨ ᠳᠤᠮᠳᠠᠴᠢ ᠦᠵᠡᠭᠦᠯᠦᠯᠲᠡ IQ ᠨᠢᠭᠡᠴᠡ ᠪᠡᠷ 98 ᠪᠥᠭᠡᠳ ᠡᠨᠡ ᠨᠢ ᠠᠦᠢᠰᠲᠷᠠᠯᠢᠶ᠎ᠠ᠂ ᠳᠠᠨᠢ᠂ ᠹᠷᠠᠨᠼᠢ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠬᠢ ᠲᠠᠢ ᠢᠵᠢᠯ᠂ ᠹᠢᠨᠯᠶᠠᠨᠳ᠋᠂ ᠣᠷᠣᠰ᠂ ᠢᠽᠠᠷᠣᠯ᠂ ᠭᠷᠧᠺ ᠵᠡᠷᠭᠡ ᠣᠷᠣᠨ ᠤ ᠬᠢ ᠠᠴᠠ ᠢᠯᠡᠭᠦᠦ ᠶᠠᠭᠤᠮ᠎ᠠ᠃
ᠭᠠᠳᠠᠭᠠᠳᠤ ᠬᠠᠷᠢᠯᠴᠠᠭ᠎ᠠ
ᠭᠠᠳᠠᠭᠠᠳᠤ ᠬᠠᠷᠢᠯᠴᠠᠭ᠎ᠠ ᠨᠢ ᠥᠷᠭᠡᠵᠢᠵᠦ ᠪᠠᠢᠢᠨ᠎ᠠ᠃
ᠤᠯᠤᠰ ᠭᠦᠷᠦᠨ ᠨᠣᠭᠦᠳ ᠲᠡᠢ ᠡᠷᠡᠬᠡ ᠲᠡᠭᠰᠢ᠂ ᠬᠠᠷᠢᠯᠴᠠᠨ ᠬᠦᠨᠳᠦᠳᠬᠡᠬᠦ ᠵᠠᠷᠴᠢᠮ ᠶ᠋ᠢᠠᠷ ᠬᠠᠷᠢᠯᠴᠠᠳᠠᠭ᠃
ᠬᠣᠶᠠᠷ ᠬᠥᠷᠰᠢ ᠭᠦᠷᠦᠨ ᠲᠡᠢ ᠪᠡᠨ ᠬᠢᠯᠢ ᠶ᠋ᠢᠨ ᠮᠠᠷᠭᠤᠭᠠᠨ ᠪᠠᠢᠢᠬᠤ ᠦᠭᠡᠢ᠂ ᠡᠩᠬᠡ ᠲᠠᠢᠢᠪᠤᠩ ᠶ᠋ᠢᠠᠷ ᠵᠡᠷᠭᠡᠴᠡᠨ ᠣᠷᠣᠰᠢᠳᠠᠭ᠃
ᠠᠮᠧᠷᠢᠻ ᠦ᠋ᠨ ᠨᠢᠭᠡᠳᠦᠭᠰᠡᠨ ᠤᠯᠤᠰ᠂ ᠶᠠᠫᠣᠨ᠂ ᠣᠷᠣᠰ ᠦ᠋ᠨ ᠬᠣᠯᠪᠤᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠠᠢ ᠰᠲ᠋ᠷᠠᠲ᠋ᠧᠭᠢ ᠶ᠋ᠢᠨ ᠲᠦᠩᠰᠢᠯᠡᠯ ᠦ᠋ᠨ ᠭᠡᠷ ᠡ᠋ ᠲᠡᠢ᠃
ᠰᠫᠣᠷᠲ
2008 ᠣᠨ ᠤ ᠣᠯᠢᠮᠫ ᠤᠨ ᠨᠠᠭᠠᠳᠤᠮ ᠤᠨ ᠦᠶ᠎ᠡ ᠪᠡᠷ ᠵᠤᠨ ᠤ ᠣᠯᠢᠮᠫ ᠤᠨ ᠠᠩᠬᠠᠨ ᠤ ᠠᠯᠲᠠᠨ ᠮᠧᠳᠠᠯ ᠢᠶᠠᠨ ᠬᠦᠷᠲᠡᠬᠦ ᠬᠦᠷᠲᠡᠯ᠎ᠡ ᠬᠠᠮᠤᠭ ᠤᠨ ᠣᠯᠠᠨ ᠬᠦᠷᠡᠯ᠂ ᠮᠥᠩᠭᠥᠨ ᠮᠧᠳᠠᠯ ᠲᠠᠢ ᠤᠯᠤᠰ ᠪᠠᠶᠢᠪᠠ᠃ ᠣᠯᠢᠮᠫ ᠠᠴᠠ ᠬᠦᠷᠲᠡᠭᠰᠡᠨ ᠮᠧᠳᠠᠯ ᠤᠨ ᠴᠢᠨᠠᠷ ᠢᠶᠠᠷ ᠢᠶᠠᠨ ᠳᠡᠯᠡᠬᠡᠢ ᠳᠦ ᠲᠡᠷᠢᠭᠦᠯᠡᠳᠡᠭ᠃
ᠲᠡᠦᠬᠡ
ᠮᠣᠩᠭᠣᠯ ᠤᠨ ᠡᠵᠡᠨᠲᠦ ᠭᠦᠷᠦᠨ ᠬᠦᠮᠦᠨ ᠲᠥᠷᠥᠯᠬᠢᠲᠡᠨ ᠦ ᠲᠡᠦᠬᠡᠨ ᠳ᠋ᠡᠬᠢ ᠬᠠᠮᠤᠭ ᠤᠨ ᠲᠣᠮᠣ ᠡᠵᠡᠨᠲᠦ ᠭᠦᠷᠦᠨ᠃ ᠮᠣᠩᠭᠣᠯᠴᠣᠳ ᠊ᠤᠨ ᠡᠪᠥᠭᠡ ᠳᠡᠭᠡᠳᠥᠰ ᠊ᠤᠨ ᠪᠠᠢᠢᠭᠣᠯᠣᠭᠰᠠᠨ ᠠᠩᠬᠠᠨ ᠊ᠤ ᠣᠯᠣᠰ ᠨᠢ ᠬᠥᠮᠣᠨ ᠬᠥᠷᠥᠨ᠃ ᠬᠥᠮᠣᠨ ᠬᠥᠷᠥᠨ ᠊ᠢ ᠮᠣᠣᠳᠣᠨ ᠰᠠᠢᠢᠨ ᠬᠠᠭᠠᠨ ᠥᠪᠡᠷ ᠊ᠤᠨ ᠡᠴᠢᠭᠡ ᠲᠥᠮᠡᠨ ᠰᠠᠢᠢᠨ ᠬᠠᠭᠠᠨ ᠊ᠢ ᠠᠯᠠᠵᠤ ᠲᠥᠷᠤ ᠵᠢᠨ ᠡᠷᠬᠡ ᠵᠢ ᠠᠪᠣᠭᠰᠠᠨ ᠮᠠᠨ ᠊ᠤ ᠡᠷᠢᠨ ᠊ᠤ ᠡᠮᠥᠨᠡᠬᠢ 209 ᠣᠨ ᠭᠡᠵᠤ ᠥᠵᠡᠳᠡᠭ᠃