ᠳᠠᠮᠪᠠᠢᠢᠨᠣᠸᠠ᠂ ᠰᠸᠧᠲ᠋ᠯᠠᠨᠠ ᠠᠯᠧᠻᠰᠠᠨ᠍ᠲᠷᠣᠸᠨᠠ

01:00, 28 Арваннэгдүгээр сар 2020-ий байдлаарх Amin Sudulal (яриа | оруулсан хувь нэмэр) хэрэглэгчийн хийсэн залруулга

ᠰᠸᠧᠲ᠋ᠯᠠᠨᠠ ᠠᠯᠧᠻᠰᠠᠨ᠍ᠲᠷᠣᠸᠨᠠ ᠳᠠᠮᠪᠠᠢᠢᠨᠣᠸᠠ


ᠰᠸᠧᠲ᠋ᠯᠠᠨᠠ ᠠᠯᠧᠻᠰᠠᠨ᠍ᠲᠷᠣᠸᠨᠠ ᠳᠠᠮᠪᠠᠢᠢᠨᠣᠸᠠ
ᠣᠷᠤᠰ ᠶ᠋ᠢᠠᠷ᠄ Светлана Александровна Дамбинова
ᠰᠸᠧᠲ᠋ᠯᠠᠨᠠ
ᠠᠯᠧᠻᠰᠠᠨ᠍ᠲᠷᠣᠸᠨᠠ
ᠳᠠᠮᠪᠠᠢᠢᠨᠣᠸᠠ
ᠲᠣᠪᠴᠢ ᠲᠠᠨᠢᠯᠴᠠᠭᠣᠯᠭ᠍ᠠ᠋
ᠲᠥᠷᠦᠭᠰᠡᠨ ᠣᠩᠨᠠᠭ᠍ᠠ᠋ 1949 ᠣᠨ ‍ᠤ 03 ᠰᠠᠷ ‍ᠠ᠋ ᠶ᠋ᠢᠨ 15
ᠲᠥᠷᠦᠭᠰᠡᠨ ᠭᠠᠴᠠᠷ ᠡᠷᠡᠬᠦᠦ ᠮᠤᠵᠢ
ᠬᠠᠷᠢᠶᠠᠯᠠᠯ ᠵᠥᠪᠯᠡᠯᠲᠦ ᠬᠣᠯᠪᠤᠭᠠᠲᠤ ᠤᠯᠤᠰ ᠦ᠋ᠨ ᠵᠥᠪᠯᠡᠯᠲᠦ ᠰᠣᠼᠢᠶᠠᠯᠢᠰᠲ ᠪᠦᠭᠦᠳᠡ ᠨᠠᠢᠢᠷᠠᠮᠳᠠᠬᠤ ᠠᠦ᠋ᠲ᠋ᠣᠨᠣᠮᠢᠲᠤ ᠪᠤᠷᠢᠶᠠᠳ ᠤᠯᠤᠰ
ᠣᠷᠤᠰ ᠦ᠋ᠨ ᠬᠣᠯᠪᠤᠭᠠᠨ ‍ᠤ ᠤᠯᠤᠰ ᠦ᠋ᠨ ᠪᠤᠷᠢᠶᠠᠳ ᠦ᠋ᠨ ᠪᠦᠭᠦᠳᠡ ᠨᠠᠢᠢᠷᠠᠮᠳᠠᠬᠤ ᠤᠯᠤᠰ
ᠢᠳᠡᠪᠬᠢ ᠲᠡᠢ ᠣᠨ ᠵᠢᠯ ‍ᠥᠳ 1971 ᠣᠨ ᠡᠴᠡ
ᠰᠠᠯᠪᠣᠷᠢ ᠨᠧᠦᠷᠣ ᠪᠢᠣᠯᠣᠭᠢneurobiology
ᠨᠧᠦᠷᠣ ᠬᠢᠮᠢneurochemistry
ᠪᠣᠯᠪᠠᠰᠣᠷᠠᠯ ᠤᠯᠠᠭᠠᠨ ᠦᠳᠡ ᠬᠣᠲᠠ ᠳ᠋ᠤ ᠶᠡᠷᠦᠩᠬᠡᠢ ᠪᠣᠯᠪᠠᠰᠤᠷᠠᠯ ᠦ᠋ᠨ 35 ᠳ᠋ᠤᠭᠠᠷ ᠰᠤᠷᠭᠠᠭᠤᠯᠢ᠂ 1966
ᠡᠷᠡᠬᠦᠦ ᠶ᠋ᠢᠨ ᠣᠯᠣᠰ ‍ᠣᠨ ᠶᠡᠬᠡ ᠰᠤᠷᠭᠠᠭᠤᠯᠢ ᠶ᠋ᠢ “ᠪᠠᠢᠢᠭᠠᠯᠢ ᠶ᠋ᠢᠨ ᠬᠢᠮᠢ ᠶ᠋ᠢᠨ ᠨᠢᠭᠡᠳᠦᠯ ᠦ᠋ᠳ” ᠮᠡᠷᠭᠡᠰᠢᠯ ‍ᠢᠢᠡᠷ᠂ 1971
ᠲᠤᠷᠰᠢᠯᠲᠠ ᠶ᠋ᠢᠨ ᠠᠨᠠᠭᠠᠬᠤ ᠤᠬᠠᠭᠠᠨ ‍ᠤ ᠬᠦᠷᠢᠶᠯᠡᠩ ᠦ᠋ᠨ ᠠᠰᠫᠢᠷᠠᠨ᠍ᠲᠦ᠋ᠷаспирантур᠂ 1976
ᠪᠠᠢᠢᠭᠣᠯᠠᠯᠭ᠍ᠠ᠋ ᠰᠢᠪᠢᠷ ᠦ᠋ᠨ ᠤᠷᠭᠤᠮᠠᠯ ᠦ᠋ᠨ ᠹᠢᠽᠢᠣᠯᠥᠭᠢ᠂ ᠪᠢᠣᠬᠢᠮᠢ ᠶ᠋ᠢᠨ ᠬᠦᠷᠢᠶᠡᠯᠡᠩ (1971-1973)
ᠲᠤᠷᠰᠢᠯᠲᠠ ᠶ᠋ᠢᠨ ᠠᠨᠠᠭᠠᠬᠤ ᠤᠬᠠᠭᠠᠨ ‍ᠤ ᠬᠦᠷᠢᠶᠡᠩ ᠦ᠋ᠨ ᠨᠧᠦᠷᠣ-ᠹᠢᠽᠢᠣᠯᠥᠭᠢ ᠶ᠋ᠢᠨ ᠲᠠᠰᠤᠭ(1976-1990)
ᠬᠦᠮᠦᠨ ‍ᠦ ᠲᠠᠷᠢᠬᠢ ᠰᠤᠳᠤᠯᠤᠯ ‍ᠤᠨ ᠬᠦᠷᠢᠶᠡᠯᠡᠩ ‍ᠦᠨ ᠮᠣᠯᠧᠻᠦ᠋ᠯᠠᠷ ᠨᠧᠦᠷᠣ-ᠪᠢᠥᠯᠥᠭᠢ ᠶ᠋ᠢᠨ ᠯᠠᠪᠣᠷᠠᠲ᠋ᠣᠷᠢ (1990-2000)
ᠧᠦᠷᠣᠫ ᠦ᠋ᠨ ᠨᠧᠦᠷᠣ-ᠬᠢᠮᠢ ᠶ᠋ᠢᠨ ᠨᠡᠶ᠋ᠢᠭᠡᠮᠯᠢᠭ ᠦ᠋ᠨ ᠭᠡᠰᠢᠭᠦᠨ (1994—1998)
ᠣᠷᠤᠰ ᠦ᠋ᠨ ᠨᠧᠦᠷᠣ-ᠬᠢᠮᠢ ᠶ᠋ᠢᠨ ᠨᠡᠶ᠋ᠢᠭᠡᠮᠯᠢᠭ ᠦ᠋ᠨ ᠶᠡᠷᠦᠩᠬᠡᠢᠢᠯᠦᠭᠴᠢ (1994—2004)
᠌᠌ᠠᠮᠧᠷᠢᠻ ᠦ᠋ᠨ ᠨᠢᠭᠡᠳᠦᠭᠰᠡᠨ ᠤᠯᠤᠰ ᠦ᠋ᠨ ᠠᠲ᠋ᠯᠠᠨ᠍ᠲ᠋ᠠ ᠳᠠᠬᠢ ᠠᠨᠠᠭᠠᠬᠤ ᠤᠬᠠᠭᠠᠨ ‍ᠤ ᠳ᠋ᠧᠻᠠᠯᠪDeKalb ᠲᠥᠪ (2000 ᠣᠨ ᠡᠴᠡ)
ᠬᠣᠪᠢ ᠨᠡᠮᠡᠷᠢ ”ᠮᠡᠳᠡᠷᠡᠯᠭᠦᠢᠢᠵᠢᠭᠰᠡᠨ ᠶᠠᠰᠤᠨ ‍ᠤ ᠪᠤᠯᠴᠢᠨ ᠳ᠋ᠤ ᠾᠢᠰᠲ᠋ᠣᠨ᠍histone ‍ᠤ ᠨᠡᠢᠢᠯᠡᠭᠵᠢᠯᠲᠡ᠂ ᠮᠡᠳᠡᠷᠡᠯ ᠲᠡᠵᠢᠭᠡᠯ ᠦ᠋ᠨ ᠵᠣᠬᠢᠴᠠᠭᠤᠯᠠᠯᠲᠠ” ᠰᠡᠳᠦᠪ ᠶ᠋ᠢᠡᠷ ᠳᠡᠳ᠋ ᠡᠷᠳᠡᠮᠲᠡᠨ ‍ᠦ ᠵᠡᠷᠭᠡ ᠬᠠᠮᠠᠭᠠᠯᠠᠭᠰᠠᠨ
ᠧᠫᠢᠯᠧᠫᠰᠢepilepsy᠂ ᠴᠢᠰᠤ ᠬᠠᠷᠪᠤᠯᠲᠠ᠂ ᠮᠠᠩᠰᠢᠭᠤᠷᠠᠭᠤᠯᠬᠤ ᠪᠣᠳᠠᠰ ᠬᠡᠷᠡᠭᠯᠡᠬᠦ᠂ ᠲᠠᠷᠢᠬᠢᠨ ‍ᠤ ᠭᠡᠮᠲᠦᠯ ᠦ᠋ᠨ ᠦᠢᠯᠡ ᠶᠠᠪᠤᠴᠠ ᠳ᠋ᠠᠬᠢ ᠢᠣᠨᠣᠲᠷᠣᠫᠢᠻ ᠭᠯᠦ᠋ᠲ᠋ᠠᠮᠠᠲ ᠷᠧᠼᠧᠫᠲ᠋ᠣᠷionotropic glutamate receptors (iGluRs) ᠦ᠋ᠨ ᠡᠭᠦᠷᠭᠡ ‍ᠢᠢ ᠰᠤᠳᠤᠯᠤᠭᠰᠠᠨ
ᠮᠡᠳᠡᠷᠡᠯ ᠬᠠᠲᠠᠨᠭᠢᠷᠰᠢᠯᠲᠤ ᠡᠮᠭᠡᠭ᠂ ᠬᠡᠢ ᠡᠪᠦᠳᠦᠯᠲᠡ ᠶ᠋ᠢᠨ ᠦᠶ ‍ᠡ᠋ ᠳ᠋ᠤ ᠭᠠᠪᠠᠯᠠ ᠶ᠋ᠢᠨ ᠭᠦᠨ ᠳ᠋ᠦ ᠴᠠᠬᠢᠯᠭᠠᠨ ᠶ᠋ᠢᠠᠷ ᠰᠡᠷᠭᠦᠭᠡᠬᠦ ᠡᠮᠴᠢᠯᠡᠭᠡᠨ ‍ᠦ ᠨᠧᠦᠷᠣ ᠬᠢᠮᠢ ᠶ᠋ᠢᠨ ᠰᠤᠳᠤᠯᠭ᠎ ‍ᠠ᠋ ᠰᠢᠨᠵᠢᠯᠡᠭᠡ
ᠯᠠᠪᠣᠷᠠᠲ᠋ᠣᠷᠢ ᠶ᠋ᠢᠨ ᠣᠨᠤᠰᠢᠯᠠᠭ᠎ ‍ᠠ᠋᠂ ᠡᠮ ᠵᠦᠢ ᠶ᠋ᠢᠨ ᠴᠢᠭᠯᠡᠯ ᠳ᠋ᠤ 36 ᠰᠢᠨ᠎ ‍ᠡ᠋ ᠪᠦᠲᠦᠭᠡᠯ ᠳ᠋ᠦ ᠫᠠᠲ᠋ᠧᠨ᠍ᠲ ᠠᠪᠤᠭᠰᠠᠨ ᠡᠴᠡ 16 ᠨᠢ ᠦᠢᠯᠡᠳᠪᠦᠷᠢᠯᠡᠯ ᠳ᠋ᠦ ᠨᠡᠪᠲᠡᠷᠡᠭᠰᠡᠨ
ᠵᠡᠷᠭᠡ/ᠴᠣᠯ ᠳᠡᠳ᠋ ᠡᠷᠳᠡᠮᠲᠡᠨ 1976
ᠪᠢᠣᠯᠣᠭᠢ ᠶ᠋ᠢᠨ ᠤᠬᠠᠭᠠᠨ ‍ᠤ ᠳ᠋ᠣᠻᠲᠣᠷ 1985
ᠫᠷᠥᠹᠧᠰᠰᠣᠷ 1987
ᠱᠠᠩᠨᠠᠯ ᠡᠷᠡᠭᠦᠯ ‍ᠢ ᠬᠠᠮᠠᠭᠠᠯᠬᠤ ᠶ᠋ᠢᠨ ᠣᠨᠴᠠ ᠠᠵᠢᠯᠲᠠᠨ᠂ 1988
᠌᠌᠌᠌ᠬᠥᠳᠡᠯᠮᠦᠷᠢ ᠶ᠋ᠢᠨ ᠬᠦᠨᠳᠦᠲᠦ ᠮᠧᠳᠠᠯ᠂ 2009
“ᠲᠡᠷᠢᠭᠦᠨ ‍ᠦ ᠫᠷᠣᠹᠧᠰᠰᠣᠷ” ᠴᠣᠯᠠ᠂ ᠠᠮᠧᠷᠢᠻ ᠦ᠋ᠨ ᠨᠢᠭᠡᠳᠦᠭᠰᠡᠨ ᠤᠯᠤᠰ ᠦ᠋ᠨ ᠻᠧᠨᠨᠧᠰᠠᠦKennesaw ᠶᠡᠬᠡ ᠰᠤᠷᠭᠠᠭᠤᠯᠢ ᠡᠴᠡ ᠣᠯᠭᠠᠭᠰᠠᠨ
ᠬᠠᠷᠪᠤᠯᠲᠠ᠂ ᠮᠡᠳᠡᠷᠡᠯ ᠦ᠋ᠨ ᠭᠡᠮᠲᠡᠯ ᠦ᠋ᠨ ᠣᠨᠤᠰᠢᠯᠭᠠᠨ ᠳ᠋ᠠᠬᠢ ᠪᠢᠣ-ᠮᠠᠷᠻᠧᠷ ᠦ᠋ᠨ ᠰᠤᠳᠤᠯᠭᠠᠨ ᠳ᠋ᠤ ᠭᠠᠷᠭᠠᠭᠰᠠᠨ ᠣᠯᠤᠯᠲᠠ ᠠᠮᠵᠢᠯᠲᠠ ᠶ᠋ᠢᠨ ᠲᠥᠯᠦᠭᠡ᠂ ᠠᠮᠧᠷᠢᠻ ᠦ᠋ᠨ ᠡᠮᠨᠡᠯ ᠵᠦᠢ ᠶ᠋ᠢᠨ ᠬᠢᠮᠢ ᠶ᠋ᠢᠨ ᠨᠡᠢᠢᠭᠡᠮᠯᠢᠭ᠂ 2003-2004




ᠨᠠᠮᠲᠠᠷ

ᠰᠸᠧᠲ᠋ᠯᠠᠨᠠ ᠠᠯᠧᠻᠰᠠᠨ᠍ᠲᠷᠣᠸᠨᠠ ᠳᠠᠮᠪᠠᠢᠢᠨᠣᠸᠠ ᠨᠧᠦᠷᠣ-ᠪᠢᠣᠯᠥᠭᠢᠴᠢ᠂ ᠨᠧᠦᠷᠣ -ᠬᠢᠮᠢᠴᠢ ᠡᠷᠳᠡᠮᠲᠡᠨ᠂ ᠳ᠋ᠣᠻᠲ᠋ᠣᠷ᠂ ᠫᠷᠣᠹᠧᠰᠰᠣᠷ

ᠡᠵᠢ ᠠᠪᠤ ᠬᠣᠶᠠᠷ ᠨᠢ ᠮᠣᠩᠭᠣᠯ ᠡᠴᠡ ᠰᠢᠯᠵᠢᠵᠦ ᠣᠴᠢᠭᠰᠠᠨ ‍ᠤ ᠳᠠᠷᠠᠭᠠᠬᠠᠨ 1949 ᠣᠨ ᠳ᠋ᠤ ᠡᠷᠡᠬᠦᠦ ᠮᠤᠵᠢ ᠳ᠋ᠤ ᠮᠡᠨᠳᠦᠯᠡᠭᠰᠡᠨ᠃[1]

ᠶᠡᠷᠦᠩᠬᠡᠢ ᠪᠣᠯᠪᠠᠰᠤᠷᠠᠯ ᠦ᠋ᠨ ᠰᠤᠷᠭᠠᠭᠤᠯᠢ ‍ᠢ ᠪᠠᠨ ᠮᠥᠩᠭᠦᠨ ᠮᠧᠳᠠᠯ ᠲᠠᠢ ᠲᠡᠭᠦᠰᠴᠡᠢ᠃

ᠡᠵᠢ ᠨᠢ ᠡᠮᠨᠡᠯᠭᠡ ᠶ᠋ᠢᠨ ᠠᠵᠢᠯᠲᠠᠨ ᠪᠠᠢᠢᠭᠰᠠᠨ ᠲᠤᠯᠠ ᠦᠬᠢᠨ ‍ᠢ ᠪᠠᠨ ᠡᠮᠴᠢ ᠪᠣᠯᠭᠠᠬᠤ ᠬᠦᠰᠡᠯ ᠲᠠᠢ ᠪᠠᠢᠢᠵᠡᠢ᠃

ᠡᠷᠡᠬᠦᠦ ‍ᠶ᠋ᠢᠨ ᠶᠡᠬᠡ ᠰᠤᠷᠭᠠᠭᠭᠤᠯᠢ ‍ᠢ 1971 ᠣᠨ ᠳ᠋ᠤ ᠬᠢᠮᠢ ᠶ᠋ᠢᠨ ᠮᠡᠷᠭᠡᠵᠢᠯ ᠶ᠋ᠢᠡᠷ ᠲᠡᠭᠦᠰᠬᠡᠵᠡᠢ᠃

ᠯᠧᠨᠢᠨᠭᠷᠠᠳ᠋ (ᠡᠳᠦᠭᠡ ᠶ᠋ᠢᠨ ᠰᠠᠨ᠍ᠻᠲ ᠫᠧᠲ᠋ᠧᠷᠪᠦ᠋ᠷᠭ᠌) ᠬᠣᠲᠠ ᠳ᠋ᠠᠬᠢ ᠲᠤᠷᠰᠢᠯᠲᠠ ᠶ᠋ᠢᠨ ᠠᠨᠠᠭᠠᠬᠤ ᠤᠬᠠᠭᠠᠨ ‍ᠤ ᠬᠦᠷᠢᠶᠯᠡᠩ ᠳ᠋ᠦ 1976 ᠣᠨ ᠳ᠋ᠤ ᠳᠡᠳ᠋ ᠡᠷᠳᠡᠮᠲᠡᠨ ‍ᠦ ᠵᠡᠷᠭᠡ ᠬᠠᠮᠠᠭᠠᠯᠠᠭᠰᠠᠨ᠃

ᠲᠤᠷᠰᠢᠯᠲᠠ ᠶ᠋ᠢᠨ ᠠᠨᠠᠭᠠᠬᠤ ᠤᠬᠠᠭᠠᠨ ‍ᠤ ᠬᠦᠷᠢᠶᠯᠡᠩ ᠦ᠋ᠨ ᠵᠣᠬᠢᠷᠤᠯ ᠠᠻᠠᠳᠧᠨᠢᠴᠢ ᠨᠠᠲᠠᠯᠶᠠ ᠪᠧᠻᠲ᠋ᠧᠷᠧᠸᠠ ᠶ᠋ᠢᠨ ᠤᠷᠢᠯᠭ᠎ ‍ᠠ᠋ ᠪᠠᠷ 1976 ᠣᠨ ᠡᠴᠡ ᠲᠤᠰ ᠬᠦᠷᠢᠶᠡᠯᠡᠩ ᠳ᠋ᠦ ᠠᠵᠢᠯᠯᠠᠬᠤ ᠪᠣᠯᠵᠡᠢ᠃

ᠠᠻᠠᠳᠧᠮᠢᠴᠢ ᠨᠠᠲ᠋ᠠᠯᠶᠠ ᠪᠧᠻᠧᠲ᠋ᠧᠷᠧᠸᠠНаталья Бехтерева ᠹᠦᠨ᠍ᠻᠼᠢᠶᠣᠨᠠᠯfunctional ᠨᠧᠦᠷᠣ-ᠬᠢᠮᠢ ᠶ᠋ᠢᠨ ᠪᠦᠯᠦᠭ ᠨᠡᠭᠡᠵᠦ ᠰᠸᠧᠲ᠋ᠯᠠᠨᠠ ᠳᠠᠮᠪᠠᠢᠢᠨᠣᠸᠠ ‍ᠢ ᠠᠵᠢᠯᠯᠠᠭᠤᠯᠤᠭᠰᠠᠨ ᠨᠢ ᠬᠣᠵᠢᠮ ᠬᠦᠮᠦᠨ ‍ᠦ ᠲᠠᠷᠢᠬᠢ ᠰᠤᠳᠤᠯᠤᠯ ‍ᠤᠨ ᠬᠦᠷᠢᠶᠡᠯᠡᠩ ‍ᠦᠨ ᠮᠣᠯᠧᠻᠦ᠋ᠯᠠᠷ ᠨᠡᠦᠷᠣ-ᠪᠢᠣᠯᠣᠭᠢ ᠶ᠋ᠢᠨ ᠯᠠᠪᠣᠷᠠᠲ᠋ᠣᠷᠢ ᠪᠣᠯᠵᠤ ᠥᠷᠭᠡᠵᠢᠵᠡᠢ᠃[2]

ᠡᠵᠢ ᠨᠢ 3 ᠤᠳᠠᠭ᠎ ‍ᠠ᠋ ᠲᠠᠷᠢᠬᠢᠨ ᠳ᠋ᠤ ᠨᠢ ᠴᠢᠰᠤ ᠬᠠᠷᠪᠠᠵᠤ᠂ 12 ᠵᠢᠯ ᠬᠡᠪᠲᠡᠷ ᠲᠦ ᠪᠠᠢᠢᠭᠰᠠᠨ ᠨᠢ ᠴᠢᠰᠤ ᠬᠠᠷᠪᠠᠯᠲᠠ ᠶ᠋ᠢᠨ ᠲᠠᠯ ‍ᠠ᠋ ᠪᠠᠷ ᠬᠢ ᠰᠤᠳᠤᠯᠭᠠᠨ ᠳ᠋ᠤ ᠠᠩᠬᠠᠷᠠᠯ ᠬᠠᠨᠳᠤᠭᠤᠯᠵᠤ ᠠᠵᠢᠯᠯᠠᠬᠤ ᠳ᠋ᠤ ᠨᠢ ᠲᠣᠳᠤᠷᠬᠠᠢ ᠬᠡᠮᠢᠶ ‍ᠡ᠋ ᠪᠡᠷ ᠨᠥᠯᠦᠭᠡᠯᠡᠭᠰᠡᠨ ᠪᠠᠢᠢᠨ᠎ ‍ᠠ᠋᠃[3]

ᠠᠰᠫᠢᠷᠠᠨ᠍ᠲ᠋ᠦ᠋ᠷ ᠲᠤ ᠰᠤᠷᠤᠯᠴᠠᠵᠤ ᠠᠬᠤᠢ ᠦᠶᠡᠰ ᠲᠦ ᠪᠡᠨ᠂ ᠲᠤᠰ ᠬᠦᠷᠢᠶᠡᠯᠡᠩ ᠳ᠋ᠦ ᠮᠡᠷᠭᠡᠵᠢᠯ ᠳᠡᠭᠡᠰᠢᠯᠡᠭᠦᠯᠬᠦ ᠪᠡᠷ ᠢᠷᠡᠭᠰᠡᠨ ᠻᠦᠪᠠ ᠤᠯᠤᠰ ‍ᠤᠨ ᠢᠷᠭᠡᠨ ᠮᠠᠷᠢᠶᠣ ᠡᠰᠲ᠋ᠧᠸᠧᠽ ᠪᠠᠧᠽMario Estévez-Báez ᠲᠠᠢ ᠲᠠᠨᠢᠯᠴᠠᠵᠤ ᠬᠠᠢᠯᠠᠭᠰᠨᠨ ᠪᠠᠢᠢᠨ᠎ ‍ᠠ᠋᠃

ᠭᠡᠪᠴᠢ 1992 ᠣᠨ ᠳ᠋ᠤ ᠮᠠᠷᠢᠶᠣ ᠴᠡᠷᠡᠭ ‍ᠦᠨ ᠡᠮᠴᠢ ᠶ᠋ᠢᠨ ᠬᠤᠪᠢ ᠳ᠋ᠤ ᠣᠷᠣᠰ ᠣᠷᠤᠨ ᠳ᠋ᠤ ᠦᠯᠡᠳᠡᠬᠦ ᠪᠣᠯᠤᠮᠵᠢ ᠦᠭᠡᠢ᠂ ᠬᠠᠷᠢᠨ ᠰᠸᠧᠲ᠋ᠯᠠᠨᠠ ᠬᠡᠪᠲᠡᠷᠢ ᠶ᠋ᠢᠨ ᠡᠬᠢ ᠶ᠋ᠢ ᠪᠡᠨ ᠣᠷᠬᠢᠭᠠᠳ ᠶᠠᠪᠤᠬᠤ ᠪᠣᠯᠤᠮᠵᠢ ᠦᠭᠡᠢ ᠪᠠᠢᠢᠳᠠᠯ ᠦ᠋ᠨ ᠤᠯᠠᠮ ᠡᠴᠡ ᠬᠠᠭᠠᠴᠠᠭᠰᠠᠨ ᠠᠵᠡᠢ᠃

ᠠᠮᠧᠷᠢᠻ ᠦ᠋ᠨ ᠨᠢᠭᠡᠳᠦᠭᠰᠡᠨ ᠤᠯᠤᠰ ᠦ᠋ᠨ ᠡᠷᠡᠭᠦᠯ ᠮᠡᠨᠳᠦ ᠶ᠋ᠢᠨ ᠦᠨᠳᠦᠰᠦᠨ ‍ᠦ ᠬᠦᠷᠢᠶᠡᠯᠡᠩ ᠳ᠋ᠦNational Institutes of Health ᠮᠡᠷᠭᠡᠵᠢᠯ ᠳᠡᠭᠡᠰᠢᠯᠡᠭᠦᠯᠵᠦ᠂ ᠮᠥᠨ ᠤᠯᠤᠰ ᠦ᠋ᠨ ᠮᠡᠳᠡᠷᠡᠯ ᠵᠦᠢ ᠶ᠋ᠢᠨ ᠡᠮᠭᠡᠭ᠂ ᠴᠢᠰᠤ ᠬᠠᠷᠪᠠᠯᠲᠠ ᠶ᠋ᠢᠨNational Institute of Neurological Disorders and Stroke ᠰᠤᠳᠤᠯᠭᠠᠨ ‍ᠤ ᠦᠨᠳᠦᠰᠨ ‍ᠦ ᠬᠦᠷᠢᠶᠡᠯᠡᠩ ᠳ᠋ᠦ ᠭᠯᠦ᠋ᠲ᠋ᠠᠮᠠᠲ ᠷᠧᠼᠧᠫᠲ᠋ᠣᠷ ᠦ᠋ᠨglutamate (neurotransmitter) ᠤᠳᠠᠮ ᠵᠦᠢ ᠶ᠋ᠢᠨ ᠰᠤᠳᠤᠯᠭᠠᠨ ‍ᠤ ᠬᠥᠲᠦᠯᠪᠦᠷᠢ ᠳ᠋ᠦ ᠣᠷᠤᠯᠴᠠᠭᠰᠠᠨ᠃ [4]

ᠠᠮᠧᠷᠢᠻ ᠦ᠋ᠨ ᠨᠢᠭᠡᠳᠦᠭᠰᠡᠨ ᠤᠯᠤᠰ ᠦ᠋ᠨ ᠠᠲ᠋ᠯᠠᠨ᠍ᠲ᠋ᠠ ᠳᠠᠬᠢ ᠠᠨᠠᠭᠠᠬᠤ ᠤᠬᠠᠭᠠᠨ ‍ᠤ ᠳ᠋ᠧᠻᠠᠯᠪ ᠲᠥᠪ ᠳ᠋ᠦ 2000 ᠣᠨ ᠡᠴᠡ ᠡᠬᠢᠯᠡᠨ ᠯᠠᠪᠣᠷᠠᠲ᠋ᠣᠷᠢ ᠪᠠᠢᠢᠭᠤᠯᠤᠨ ᠠᠵᠢᠯᠯᠠᠭᠰᠠᠨ ᠪᠠᠢᠢᠨ᠎ ‍ᠠ᠋᠃

ᠠᠻᠠᠳᠧᠮᠢᠴᠢ ᠫᠠᠸᠯᠣᠹ ᠦ᠋ᠨПавлов ᠨᠡᠷᠡᠮᠵᠢᠲᠦ ᠰᠠᠨ᠍ᠻᠲ ᠫᠧᠲ᠋ᠧᠷᠪᠦ᠋ᠷᠭ᠌ ᠦ᠋ᠨ ᠠᠨᠠᠭᠠᠬᠤ ᠤᠬᠠᠭᠠᠨ ‍ᠤ ᠶᠡᠬᠡ ᠰᠤᠷᠭᠠᠭᠤᠯᠢ ᠶ᠋ᠢᠨ ᠮᠡᠳᠡᠷᠡᠯ ᠰᠤᠳᠤᠯᠤᠯ ᠦ᠋ᠨ ᠲᠢᠩᠬᠢᠮ ᠦ᠋ᠨ ᠣᠯᠠᠨ ᠤᠯᠤᠰ ‍ᠤᠨ ᠲᠥᠰᠦᠯ ᠦ᠋ᠨ ᠵᠠᠬᠢᠷᠤᠯ᠃[5]

ᠦᠢᠯᠡ ᠬᠡᠷᠡᠭ

ᠣᠷᠤᠰ ᠦ᠋ᠨ ᠬᠣᠯᠪᠤᠭᠠᠨ ‍ᠤ ᠤᠯᠤᠰ ᠬᠢᠭᠡᠳ ᠳᠡᠯᠡᠬᠡᠢ ᠶ᠋ᠢᠨ ᠠᠯᠳᠠᠷ ᠨᠡᠷ ‍ᠡ᠋ ᠲᠡᠢ ᠡᠷᠳᠡᠮᠲᠡᠨ᠂ ᠫᠷᠣᠹᠧᠰᠰᠣᠷ᠂ ᠪᠢᠣᠯᠥᠭᠢ ᠶ᠋ᠢᠨ ᠤᠬᠠᠭᠠᠨ ‍ᠤ ᠳ᠋ᠣᠻᠲ᠋ᠣᠷ᠂ ᠨᠧᠦᠷᠣᠬᠢᠮᠢᠴᠢ ᠰᠸᠧᠲ᠋ᠯᠠᠨᠠ ᠠᠯᠧᠻᠰᠠᠨ᠍ᠲᠷᠣᠸᠨᠠ ᠳᠠᠮᠪᠠᠢᠢᠨᠣᠸᠠ ᠭᠯᠦ᠋ᠲ᠋ᠠᠮᠠᠲ ᠷᠧᠼᠧᠫᠲ᠋ᠣᠷ ‍ᠤᠨ ᠰᠤᠳᠤᠯᠭ᠎ ‍ᠠ᠋ ᠰᠢᠨᠵᠢᠯᠭᠡ ᠬᠢᠳᠡᠭ᠃[6]

ᠯᠧᠨᠢᠨ᠍ᠭᠷᠠᠳ᠋ ᠳ᠋ᠠᠬᠢ ᠲᠤᠷᠰᠢᠯᠲᠠ ᠶ᠋ᠢᠨ ᠠᠨᠠᠭᠠᠬᠤ ᠤᠬᠠᠭᠠᠨ ‍ᠤ ᠬᠦᠷᠢᠶᠡᠯᠡᠩ ᠳ᠋ᠤ 1980 ᠣᠨ ᠳ᠋ᠤ ᠹᠦᠨ᠍ᠻᠼᠢᠶᠣᠨᠠᠯfunctional ᠨᠧᠦᠷᠣ᠋-ᠬᠢᠮᠢ ᠶ᠋ᠢᠨ ᠯᠠᠪᠣᠷᠠᠲ᠋ᠣᠷᠢ ᠪᠠᠢᠢᠭᠤᠯᠤᠨ᠂ ᠠᠬᠠᠯᠠᠵᠤ ᠠᠵᠢᠯᠯᠠᠭᠰᠠᠨ᠃

ᠣᠷᠤᠰ ᠦ᠋ᠨ ᠰᠢᠨᠵᠢᠯᠡᠬᠦ ᠤᠬᠠᠭᠠᠨ ‍ᠤ ᠠᠻᠠᠳᠧᠮᠢ ᠶ᠋ᠢᠨ ᠬᠦᠮᠦᠨ ‍ᠦ ᠲᠠᠷᠢᠬᠢ ᠰᠤᠳᠤᠯᠭᠠᠨ ‍ᠤ ᠬᠦᠷᠢᠶᠡᠯᠡᠩ ᠳ᠋ᠦ 1990 ᠣᠨ ᠡᠴᠡ ᠮᠣᠯᠧᠻᠦ᠋ᠯᠠᠷ ᠨᠧᠦᠷᠣ᠋-ᠪᠢᠣᠯᠣᠭᠢ ᠶ᠋ᠢᠨ ᠯᠠᠪᠣᠷᠠᠲ᠋ᠣᠷᠢ ᠶ᠋ᠢ ᠠᠬᠠᠯᠠᠵᠤ᠂ ᠳ᠋ᠣᠻᠲ᠋ᠣᠷ ᠪᠧᠻᠲ᠋ᠧᠷᠧᠸᠠ ᠶ᠋ᠢᠨ ᠬᠠᠮᠲᠤ ᠭᠠᠪᠠᠯ ‍ᠤᠨ ᠭᠦᠨ ‍ᠦ ᠴᠠᠬᠢᠯᠭᠠᠨ ᠡᠳᠦᠭᠡᠯᠲᠡ ᠶ᠋ᠢᠨᠲᠠᠷᠢᠬᠢᠨ ᠳ᠋ᠠᠬᠢ ᠬᠡᠪ ᠦ᠋ᠨ ᠪᠣᠯᠤᠨ ᠡᠮᠭᠡᠭ ᠦᠢᠯᠡ ᠶᠠᠪᠤᠴᠠ ᠨᠤᠭᠤᠳ ᠲᠤ ᠨᠥᠯᠦᠭᠡᠯᠡᠬᠦ ᠪᠠᠢᠢᠳᠠᠯ ᠳ᠋ᠤ ᠰᠤᠳᠤᠯᠭ᠎ ‍ᠠ᠋ ᠬᠢᠭᠰᠡᠨ᠃

ᠳ᠋ᠣᠻᠲ᠋ᠣᠷ ᠳᠠᠮᠪᠠᠢᠢᠨᠣᠸᠭ 1989-1990 ᠣᠨ ᠳ᠋ᠤ ᠠᠮᠧᠷᠢᠻ ᠦ᠋ᠨ ᠨᠢᠭᠡᠳᠦᠭᠰᠡᠨ ᠤᠯᠤᠰ ‍ᠤᠨ ᠡᠷᠡᠭᠦᠯ ᠮᠡᠨᠳᠦ ᠶ᠋ᠢᠨ ᠦᠨᠳᠦᠰᠦᠨ ‍ᠦ ᠲᠥᠪ ᠦ᠋ᠨ ᠮᠡᠳᠡᠷᠡᠯ ᠦ᠋ᠨ ᠰᠢᠨᠵᠢᠯᠡᠬᠦ ᠤᠬᠠᠭᠠᠨ ‍ᠤ ᠬᠥᠲᠦᠯᠪᠦᠷᠢ ᠶ᠋ᠢᠨ ᠵᠠᠬᠢᠷᠤᠯ ᠳᠣᠻᠲ᠋ᠣᠷ ᠧ᠊᠂ ᠹᠷᠢᠢᠽ ᠦ᠋ᠨE.Freeze ᠤᠷᠢᠯᠭ᠎ ‍ᠠ᠋ ᠪᠠᠷ ᠭᠯᠦ᠋ᠲ᠋ᠠᠮᠠᠲ ᠷᠧᠼᠧᠫᠲ᠋ᠣᠷ ᠦ᠋ᠨ ᠤᠳᠠᠮ ᠵᠦᠢ ᠶ᠋ᠢᠨ ᠰᠤᠳᠤᠯᠭᠠᠨ ‍ᠤ ᠲᠥᠰᠦᠯ ᠳ᠋ᠦ ᠠᠵᠢᠯᠯᠠᠭᠰᠠᠨ᠃

ᠰᠸᠧᠲ᠋ᠯᠠᠨᠠ ᠶ᠋ᠢᠨ ᠰᠤᠳᠤᠯᠭ᠎ ‍ᠠ᠋ ᠧᠫᠢᠯᠧᠫᠰᠶ[7]᠂ ᠴᠢᠰᠤ ᠬᠠᠷᠪᠠᠯᠲᠠ᠂ ᠲᠠᠷᠢᠬᠢᠨ ‍ᠤ ᠭᠡᠮᠲᠡᠯ᠂ ᠮᠠᠩᠰᠢᠭᠤᠷᠠᠭᠤᠯᠬᠤ ᠪᠣᠳᠠᠰ ᠬᠡᠷᠡᠭᠡᠯᠡᠭᠦ ᠦᠶ ᠎ᠡ᠋ ᠶ᠋ᠢᠨ ᠢᠣᠨᠣᠲ᠋ᠷᠣᠫᠢᠻ ᠭ᠋ᠯᠦ᠋ᠲ᠋ᠠᠮᠠᠲ ᠦ᠋ᠨ ᠡᠭᠦᠷᠭᠡ ᠶ᠋ᠢ ᠰᠤᠳᠤᠯᠤᠭᠳᠠᠭᠰᠠᠨ᠃[8]

ᠫᠷᠥᠹᠧᠰᠰᠣᠷ ᠰᠸᠧᠲ᠋ᠯᠠᠨᠠ ᠳᠠᠮᠪᠠᠢᠢᠨᠣᠸᠠ 1992-2000 ᠣᠨ ‍ᠤ ᠰᠤᠳᠤᠯᠭᠠᠨ ‍ᠤ ᠪᠠᠨ ᠬᠦᠷᠢᠶᠡᠨ ᠳ᠋ᠦ ᠫᠠᠷᠻᠢᠨ᠍ᠰᠣᠨ ‍ᠤ ᠡᠪᠡᠳᠴᠢᠨ[9]᠂ ᠲᠠᠷᠢᠬᠢᠨ ‍ᠤ ᠢᠱᠧᠮᠢ[10]᠂ ᠳᠣᠲᠤᠭᠠᠳᠤ ᠭᠠᠷᠠᠯ ᠲᠠᠢ ᠵᠢᠵᠢᠭ ᠫᠧᠫᠲ᠋ᠢᠳ᠋ ‍ᠢ ᠡᠪᠦᠳᠦᠯᠲᠡ ᠨᠠᠮᠳᠠᠭᠠᠬᠤ ᠳ᠋ᠤ ᠬᠡᠷᠡᠭᠯᠡᠬᠦ ᠠᠰᠠᠭᠤᠳᠠᠯ ‍ᠤᠳ ‍ᠤᠨ ᠰᠤᠳᠤᠯᠭ᠎ ‍ᠠ᠋ ᠰᠢᠨᠵᠢᠯᠭᠡᠨ ᠳ᠋ᠦ ᠬᠤᠪᠢ ᠨᠡᠮᠡᠷᠢ ᠣᠷᠤᠭᠤᠯᠵᠤ᠂ ᠬᠠᠷ ‍ᠠ᠋ ᠲᠠᠮᠠᠬᠢᠨ ‍ᠤ ᠷᠧᠼᠧᠫᠲ᠋ᠣᠷ ᠦ᠋ᠨ ᠫᠧᠫᠲᠢᠳ᠋ ᠬᠡᠯᠲᠡᠷᠬᠡᠢ ᠳ᠋ᠦ ᠦᠢᠯᠡᠴᠢᠯᠡᠬᠦ ᠠᠦ᠋ᠲ᠋ᠣ-ᠡᠰᠡᠷᠭᠦ ᠪᠡᠶ ‍ᠡ᠋ ‍ᠢᠢ ᠢᠯᠡᠷᠡᠭᠦᠯᠬᠦ ᠵᠠᠮ ᠶ᠋ᠢᠠᠷ ᠠᠷᠬᠠᠭ ᠡᠪᠦᠳᠦᠯᠲᠡ᠂ ᠳᠣᠩᠲᠤᠯᠲᠠ ‍ᠶ ᠡᠷᠲᠡ ᠣᠨᠤᠰᠢᠯᠠᠬᠤ ᠰᠢᠨ᠎ ‍ᠡ᠋ ᠠᠷᠭᠠᠴᠢᠯᠠᠯ ᠪᠣᠯᠪᠠᠰᠤᠷᠠᠭᠤᠯᠰᠠᠨ ᠪᠠᠢᠢᠨ᠎ ‍ᠠ᠋᠃

ᠰᠸᠧᠲ᠋ᠯᠠᠨᠠ ᠠᠯᠧᠻᠰᠠᠨ᠍ᠲᠷᠣᠸᠨᠠ ᠶ᠋ᠢᠨ ᠤᠳᠤᠷᠢᠳᠠᠵᠤ ᠴᠤᠭᠯᠠᠭᠤᠯᠤᠭᠰᠠᠨ ᠥᠭᠦᠭᠳᠡᠯ ᠨᠢ ᠬᠠᠷ ‍ᠠ᠋ ᠲᠠᠮᠠᠬᠢᠨ ‍ᠤ ᠷᠧᠼᠧᠫᠲ᠋ᠣᠷ ‍ᠤᠨ ᠮᠣᠯᠧᠻᠦ᠋ᠯ ᠪᠦᠲᠡᠴᠡ᠂ ᠳᠣᠩᠲᠤᠯᠲᠠ ᠳ᠋ᠤ ᠨᠥᠯᠦᠭᠡᠯᠬᠦ ᠪᠠᠢᠢᠳᠠᠯ ‍ᠤᠨ ᠰᠤᠳᠤᠯᠭᠠᠨ ᠳ᠋ᠤ ᠴᠢᠭᠯᠡᠭᠳᠡᠭᠰᠡᠨ ᠪᠠᠢᠢᠨ᠎ ‍ᠠ᠋᠃ [11]

ᠳ᠋ᠣᠻᠲ᠋ᠣᠷ ᠳᠠᠮᠪᠠᠢᠢᠨᠣᠸᠠ ᠶ᠋ᠢ 1995-2000 ᠣᠨ ᠳ᠋ᠤ ᠢᠲ᠋ᠠᠯᠢ᠂ ᠭᠧᠷᠮᠠᠨ᠂ ᠫᠣᠯᠱᠠ᠂ ᠠᠮᠧᠷᠢᠻ ᠦ᠋ᠨ ᠨᠢᠳᠡᠳᠦᠭᠰᠡᠨ ᠤᠯᠤᠰ᠂ ᠰᠸᠧᠳ᠂ ᠢᠷᠧᠯᠠᠨᠳ᠋ ᠳ᠋ᠠᠬᠢ ᠠᠢᠰᠭ ᠦ᠋ᠨ ᠪᠤᠰᠤ᠂ ᠬᠤᠪᠢ ᠶ᠋ᠢᠨ ᠪᠣᠯᠤᠨ ᠤᠯᠤᠰ ᠦ᠋ᠨ ᠡᠷᠳᠡᠮ ᠰᠢᠨᠵᠢᠯᠡᠭᠡᠨ ‍ᠦ ᠪᠠᠢᠢᠭᠤᠯᠤᠯᠭ᠎ ‍ᠠ᠋ ᠨᠤᠭᠤᠳ ᠵᠣᠴᠢᠨ ᠫᠷᠣᠹᠧᠰᠰᠣᠷ ᠶ᠋ᠢᠡᠷ ᠤᠷᠢᠵᠤ ᠵᠠᠯᠠᠵᠤ ᠪᠠᠠᠢᠢᠪᠠ᠃

ᠳᠠᠮᠪᠠᠢᠢᠨᠣᠸᠠ ᠰᠢᠼᠢᠯᠢ ᠶ᠋ᠢᠨ ᠲᠷᠣᠢᠢᠨᠠ ᠳ᠋ᠡᠬᠢ ᠣᠶᠤᠨ ‍ᠤ ᠬᠥᠭᠵᠢᠯ ᠦ᠋ᠨ ᠬᠣᠴᠤᠷᠤᠭᠳᠠᠯ  ᠪᠠ ᠨᠠᠰᠤᠵᠢᠯᠲᠠ ᠶ᠋ᠢᠨ ᠰᠤᠳᠤᠯᠭᠠᠨ ‍ᠤ ᠣᠠᠰᠢ ᠮᠠᠷᠢᠢ ‍ᠠ᠋Oasi Maria ᠬᠦᠷᠢᠶᠡᠯᠡᠩ ᠬᠡᠮᠡᠬᠦ ᠠᠰᠢᠭ ‍ᠤᠨ ᠪᠤᠰᠤ ᠪᠥᠭᠡᠳ ᠬᠤᠪᠢ ᠶ᠋ᠢᠨ ᠡᠷᠡᠭᠦᠯ ᠮᠡᠨᠳᠦ ᠶ᠋ᠢᠨ ᠲᠥᠪ ᠳ᠋ᠦ ᠨᠧᠦᠷᠣ-ᠬᠢᠮᠢ ᠶ᠋ᠢᠨ ᠯᠠᠪᠣᠷᠠᠲ᠋ᠣᠷᠢ ᠪᠠᠢᠢᠭᠤᠯᠤᠭᠰᠠᠨ᠃ [12]

ᠲᠡᠷᠡ ᠪᠡᠷ ᠬᠡᠦᠬᠡᠳ ᠦ᠋ᠨ ᠣᠶᠤᠨ ‍ᠤ ᠬᠣᠴᠤᠷᠤᠭᠳᠠᠯ ᠡᠭᠦᠰᠬᠡᠭᠴᠢ ᠧᠫᠢᠯᠧᠫᠰᠢ ᠳ᠋ᠦ ᠭᠯᠦ᠋ᠲ᠋ᠠᠮᠠᠲ ᠷᠧᠼᠧᠲ᠋ᠣᠷ ᠦ᠋ᠨ ᠨᠥᠯᠦᠭᠡᠯᠡᠯ ‍ᠦᠨ ᠲᠠᠯ ‍ᠠ᠋ ᠪᠠᠷ ᠬᠢ ᠰᠤᠳᠤᠯᠭ᠎ ‍ᠠ᠋ ‍ᠢᠢ ᠤᠳᠤᠷᠢᠳᠤᠭᠰᠠᠨ᠃[13]ᠳᠠᠮᠪᠠᠢᠢᠨᠣᠸᠠ ᠶ᠋ᠢᠨ ᠰᠤᠳᠤᠯᠭ᠎ ‍ᠠ᠋ 2002 ᠣᠨ ᠡᠴᠡ ᠰᠠᠨ᠍ᠻᠲ ᠫᠧᠲ᠋ᠧᠷᠪᠦ᠋ᠷᠭ ᠬᠣᠲᠠ ᠳ᠋ᠠᠬᠢ ᠫᠠᠸᠯᠣᠸ ᠦ᠋ᠨ ᠨᠡᠷᠡᠵᠢᠲᠦ ᠠᠨᠠᠭᠠᠬᠤ ᠤᠬᠠᠭᠠᠨ ‍ᠤ ᠶᠡᠬᠡ ᠰᠤᠷᠭᠠᠭᠤᠯᠢ ᠳ᠋ᠤ ᠲᠥᠪᠯᠡᠷᠡᠵᠦ᠂ ᠮᠡᠳᠡᠷᠡᠯ ᠰᠤᠳᠤᠯᠤᠯ ᠦ᠋ᠨ ᠡᠮᠭᠡᠭ ᠦ᠋ᠨ ᠯᠠᠪᠣᠷᠠᠲ᠋ᠣᠷᠢ ᠶ᠋ᠢᠨ ᠰᠢᠨᠵᠢᠯᠡᠭᠡ ᠣᠨᠤᠰᠢᠯᠠᠭᠠᠨ ᠳ᠋ᠤ ᠴᠢᠭᠯᠡᠭᠰᠡᠨ ᠪᠢᠯᠡ᠃

ᠳ᠋ᠣᠻᠲ᠋ᠣᠷ ᠳᠠᠮᠪᠠᠢᠢᠨᠣᠸᠠ ᠨᠧᠦᠷᠣ-ᠷᠧᠼᠧ᠋ᠣᠷ ᠦ᠋ᠨ ᠲᠤᠷᠰᠢᠯᠲᠠ ᠶ᠋ᠢᠨ ᠮᠣᠯᠧᠻᠦ᠋ᠯᠠᠷ ᠰᠤᠳᠤᠯᠭ᠎ ᠌‍ᠠ᠋ ᠰᠢᠨᠵᠢᠯᠡᠭᠡ ᠤᠳᠤᠷᠢᠳᠳᠠᠭ᠃

ᠡᠮᠨᠡᠯ ᠵᠦᠢᠴᠢᠳ ᠬᠢᠭᠡᠳ ᠪᠣᠯᠪᠠᠰᠤᠷᠠᠯ ᠦ᠋ᠨ ᠮᠡᠷᠭᠡᠵᠢᠯᠲᠡᠨ ᠨᠤᠭᠦᠳ ᠲᠡᠢ ᠣᠨ ᠤᠳᠠᠭᠠᠨ ᠢᠯᠬᠠᠮᠲᠤᠷᠠᠨ ᠠᠵᠢᠯᠯᠠᠭᠰᠠᠨ ᠨᠢ ᠮᠡᠳᠡᠷᠡᠯ ᠦ᠋ᠨ ᠰᠢᠰᠲ᠋ᠧᠮ ᠦ᠋ᠨ ᠫᠠᠲ᠋ᠣᠯᠣᠭᠢ ᠳ᠋ᠠᠬᠢ ᠲᠠᠷᠢᠬᠢᠨ ‍ᠤ ᠮᠠᠷᠻᠧᠷ ‍ᠦ᠋ᠨ ᠬᠡᠷᠡᠭᠯᠡᠭᠡᠨ ‍ᠦ ᠠᠰᠠᠭᠤᠳᠠᠯ ᠳ᠋ᠠᠬᠢ ᠮᠡᠳᠡᠷᠡᠯ ᠦ᠋ᠨ ᠰᠠᠭᠤᠷᠢ ᠰᠢᠨᠵᠢᠯᠡᠬᠦ ᠤᠬᠠᠭᠠᠨ ᠪᠠ ᠮᠡᠳᠡᠷᠡᠯ ᠰᠤᠳᠤᠯᠤᠯ ‍ᠤᠨ ᠵᠥᠷᠦᠭᠡ ᠰᠤᠳᠤᠯᠭ᠎ ‍ᠠ᠋ ᠪᠠᠨ ᠴᠢᠭᠯᠡᠭᠦᠯᠬᠦ ᠳ᠋ᠦ ᠨᠥᠯᠦᠭᠡᠯᠡᠭᠰᠡᠨ᠃[14]

ᠰᠤᠳᠤᠯᠭ᠎‍ ‍ᠠ᠋ ᠰᠢᠨᠵᠢᠯᠡᠭᠡᠨ ‍ᠦ ᠦᠢᠯᠡ ᠠᠵᠢᠯᠠᠯᠭ᠎ ‍ᠠ᠋ ᠨᠢ ᠡᠷᠳᠡᠮ ᠰᠢᠨᠵᠢᠯᠡᠭᠡᠨ ‍ᠦ 350 ᠪᠢᠴᠢᠭ᠂ 25 ᠨᠣᠮ ‍ᠤᠨ ᠭᠠᠷᠴᠢᠭ ᠲᠤ ᠲᠤᠰᠬᠠᠭᠳᠰᠠᠭᠰᠠᠨ ᠪᠠᠢᠢᠳᠠᠭ᠃

ᠪᠦᠲᠦᠭᠡᠯ ᠦ᠋ᠳ

1. ᠬᠤᠷᠴᠠ ᠢᠱᠧᠮᠢᠻ ᠴᠢᠰᠤ ᠬᠠᠷᠪᠠᠯᠲᠠ ᠶ᠋ᠢᠨ ᠡᠮᠴᠢᠯᠡᠭᠡᠨ ᠳ᠋ᠦ ᠭ᠋ᠯᠢᠼᠢᠨ ‍ᠦ ᠮᠡᠳᠡᠷᠡᠯ ᠬᠠᠮᠠᠭᠠᠯᠬᠤ ᠦᠢᠯᠡᠴᠢᠯᠡᠯ᠃ Gusev E.I., Skvortsova V.I., Dambinova S.A., et al. Neuroprotective effects of glycine for therapy of acute ischemic stroke. Cerebrovasc Diseases. 2000; 10:49-60.

2. ᠲᠠᠲᠢᠬᠢᠨ ‍ᠤ ᠴᠢᠰᠤᠨ ‍ᠤ ᠡᠷᠭᠢᠯᠲᠡ ᠶ᠋ᠢᠨ ᠠᠷᠬᠠᠭ ᠡᠮᠭᠡᠭ ‍ᠢ ᠣᠨᠤᠰᠢᠯᠠᠬᠤ ᠳ᠋ᠤ NMDA ᠲᠥᠷᠦᠯ ‍ᠦᠨ ᠭᠯᠦ᠋ᠲ᠋ᠮᠠᠲ ᠷᠧᠼᠧᠫᠲ᠋ᠣᠷ ᠲᠤ ᠬᠠᠷᠢᠴᠠᠬᠤ ᠠᠦ᠋ᠲ᠋ᠣ-ᠡᠰᠡᠷᠭᠦ ᠪᠡᠶ ‍ᠡ᠋ ᠶ᠋ᠢᠨ ᠲᠦᠪᠰᠢᠨ ‍ᠢ ᠲᠣᠳᠤᠷᠬᠠᠢᠢᠯᠠᠬᠤ ᠶ᠋ᠢᠨ ᠫᠷᠠᠻᠲ᠋ᠢᠻ ᠠᠴᠢ ᠬᠣᠯᠪᠤᠭᠳᠠᠯ᠃ Хунтеев Г. А., Заволоков И. Г., Черкас Ю. В., Дамбинова С. А. Практическое значение определения уровня аутоантител к NMDA-типу глутаматных рецепторов в диагностике хронических расстройств мозгового кровообращения. Ж неврологии и психиатрии им. С. С. Корсакова. 2001;11:44-47.

3. ᠪᠢᠣᠮᠠᠷᠻᠧᠷ ᠦ᠋ᠨ ᠣᠯᠠᠨᠯᠢᠭ ᠫᠠᠨᠧᠯ TIA/ᠬᠠᠷᠪᠠᠯᠲᠠ ᠶ᠋ᠢᠨ ᠦᠨᠡᠯᠡᠭᠡᠨ ᠳ᠋ᠦ᠃ Dambinova S.A., Khounteev G.A., Skoromets A.A. Multiple panel of biomarkers for TIA/stroke evaluation. Stroke. 2002; 33(5):1181-1182.

4. ᠠᠦ᠋ᠲ᠋ᠣ ᠡᠰᠡᠷᠭᠦ ᠪᠡᠶ ᠊ᠡ᠋᠂ N-ᠮᠧᠲ᠋ᠾᠢᠯ-D-ᠠᠰᠫᠠᠷᠲ᠋ᠠᠲ᠋ ᠨᠧᠦᠷᠣ-ᠷᠧᠼᠧᠫᠣᠷ ᠢᠯᠡᠷᠡᠭᠦᠯᠬᠦ ᠴᠢᠰᠤᠨ ‍ᠤ ᠰᠢᠨᠵᠢᠯᠡᠭᠡ ᠢᠱᠧᠮᠢ᠂ ᠬᠠᠷᠪᠠᠯᠲᠠ ᠲᠠᠢ ᠡᠪᠡᠳᠴᠢᠲᠡᠨ ‍ᠦ ᠦᠨᠡᠯᠡᠭᠡᠨ ᠳ᠋ᠦ᠃ https://www.ncbi.nlm.nih.gov/pubmed/14500616/ Dambinova S.A., Khounteev G.A., Izykenova G.A., Zavolokov I.G., Ilyukhina A.Y., Skoromets A.A. Blood test detecting autoantibodies to N-methyl-D-aspartate neuroreceptors for evaluation of patients with transient ischemic attack and stroke. Clin Chem. 2003;49:1752-62.]
5. TIA/ᠬᠠᠷᠪᠠᠯᠲᠠ ᠶ᠋ᠢᠨ ᠯᠠᠪᠣᠷᠠᠲ᠋ᠣᠷᠢ ᠶ᠋ᠢᠨ ᠦᠨᠡᠯᠡᠭᠡᠨ ‍ᠦ ᠲᠠᠷᠢᠬᠢᠨ ‍ᠤ ᠰᠢᠨ᠎ ‍ᠡ᠋ ᠮᠠᠷᠻᠧᠷ᠃ Dambinova S A. «A new brain marker for laboratory assessment of TIA/stroke», IVD Technol., 2004; 10:43-51.

6. NMDA ᠷᠧᠼᠧᠫᠲ᠋ᠣᠷ ‍ᠤᠨ ᠡᠰᠡᠷᠭᠦ ᠪᠡᠶ ‍ᠡ᠋ ᠨᠤᠭᠦᠳ ᠥᠨᠳᠦᠷ ᠡᠷᠡᠰᠳᠡᠯ ᠲᠡᠢ ᠡᠪᠡᠳᠴᠢᠲᠡᠨ ᠨᠤᠭᠦᠳ ᠦ᠋ᠨ ᠵᠢᠷᠦᠬᠡᠨ ‍ᠦ ᠬᠠᠭᠠᠯᠠᠭᠠᠨ ‍ᠤ ᠨᠧᠦ᠋ᠷᠣᠯᠣᠭᠢ ‍ᠢᠢᠨ ᠲᠠᠭ᠎ ‍ᠠ᠋ ᠦᠭᠡᠢ ᠦᠷ ᠊ᠡ᠋ ᠳ᠋ᠦ᠋ᠩ ‍ᠢ ᠤᠷᠢᠳᠤᠴᠢᠯᠠᠨ ᠮᠡᠳᠡᠬᠦ ᠳ᠋ᠦ᠃ Bokesch P.M., Izykenova G.A., Justice J.B., Easley K.A., Dambinova S.A.. NMDA receptor antibodies predict adverse neurological outcome after cardiac surgery in high-risk patients. Stroke. 2006;37:1432-1436

7. ᠲᠦᠷ ᠢᠱᠧᠮᠢ ᠪᠠ ᠢᠱᠧᠮᠢᠻ ᠬᠠᠷᠪᠠᠯᠲᠠ ‍ᠤᠨ ᠪᠢᠣᠮᠠᠷᠻᠧᠷ ᠦ᠋ᠳ᠃ Dambinova S.A. Biomarkers for transient ischemic attack (TIA) and ischemic stroke. Clin Lab Int. 2008; 32(7):7-10.

8. ᠪᠢᠣ-ᠬᠢᠮᠢ ᠶ᠋ᠢᠨ ᠮᠠᠷᠻᠧᠷ ᠦ᠋ᠳ ᠲᠠᠷᠢᠬᠢᠨ ‍ᠤ ᠢᠱᠧᠮᠢ ᠶ᠋ᠢᠨ ᠣᠨᠤᠰᠢᠯᠠᠭᠠᠨ ᠳ᠋ᠤ᠃ Скоромец А. А., Дамбинова С. А., Дьяконов М. М., и др. Биохимические маркёры в диагностике ишемии головного мозга. Междунар неврол ж. 2009;5(27):15-20.

9. ᠲᠠᠷᠢᠬᠢᠨ ‍ᠤ ᠭᠡᠮᠲᠡᠯ ᠦ᠋ᠨ ᠰᠢᠨ᠎ ‍ᠡ᠋ ᠪᠢᠣᠮᠠᠷᠻᠧᠷ᠃ ᠨᠧᠦ᠋ᠷᠣ-ᠢᠮᠮᠦ᠋ᠨᠣᠯ᠃ Скоромец А. А., Дамбинова С. А., Дьяконов М. М., и др. Новые биомаркёры поражений мозга. Нейроиммунол. 2009; 7(2):18-23.

10. ᠢᠱᠧᠮᠢᠻ ᠬᠠᠷᠪᠠᠯᠲᠠ ᠣᠨᠤᠰᠢᠯᠠᠭᠠᠨ ᠋ᠳ᠋ᠤ ᠪᠢᠣ-ᠬᠢᠮᠢ ᠶ᠋ᠢᠨ ᠮᠠᠷᠻᠧᠷ ᠦ᠋ᠳ ‍ᠤᠨ ᠠᠴᠢ ᠬᠣᠯᠪᠤᠭᠳᠠᠯ᠃ Дамбинова С. А., Скоромец А. А., Скоромец А.P., Скоромец T.А., Шумилина М. В. Значение биохимических маркёров в диагностике ишемических инсультов. Ж неврологии и психиатрии им. С. С. Корсакова. 2010;110 (9.2):24-29..

11. NR2 ᠡᠰᠡᠷᠭᠦ ᠪᠡᠶ ‍ᠡ᠋᠄ ᠲᠠᠷᠢᠬᠢ ᠰᠤᠳᠤᠰᠤᠨ ‍ᠤ ᠬᠠᠭᠤᠴᠢ ᠲᠠᠢ ᠡᠪᠡᠳᠴᠢᠲᠡᠨ ‍ᠦ ᠢᠱᠧᠮᠢᠻ ᠬᠠᠷᠪᠠᠯᠲᠠ ᠶ᠋ᠢᠨ ᠡᠷᠦᠰᠳᠡᠯ ᠦᠨᠡᠯᠡᠭᠡ᠃ Weissman J.D., Khunteev G.A., Heath R, Dambinova S.A. NR2 Antibodies: Risk Assessment of Transient Ischemic Attack (TIA)/Stroke in Patients with History of Isolated and Multiple Cerebrovascular Events. J Neurol Sci. 2011; 300(1-2):97-102.

12. ᠲᠠᠷᠢᠬᠢᠨ ‍ᠤ ᠢᠱᠧᠮᠢ ᠶ᠋ᠢᠨ ᠪᠢᠥᠮᠠᠷᠻᠧᠷ᠄ ᠪᠣᠯᠪᠠᠰᠤᠷᠠᠭᠤᠯᠤᠯᠲᠠ᠂ ᠰᠤᠳᠤᠯᠭ᠎ ‍ᠠ᠋᠂ ᠫᠷᠠᠻᠲ᠋ᠢᠻ᠃ Дамбинова С. А., Скоромец А. А., Скоромец А. П. Бимаркеры церебральной ишемии: Разработка, исследование и практика. Изд-во «Коста», Санкт-Петербург. 2013, 334 c.


ᠣᠶᠤᠨ ᠰᠠᠨᠠᠭᠠᠨ ‍ᠤ ᠦᠢᠯᠡ ᠠᠵᠢᠯᠯᠠᠭ᠎ ‍ᠠ᠋

ᠪᠤᠷᠢᠶᠠᠳ ᠨᠤᠲᠤᠭ ᠪᠠᠨ ᠣᠴᠢᠬᠤ ᠪᠦᠷᠢ ᠳ᠋ᠦ ᠪᠡᠨ ᠢᠸᠣᠯᠭᠠ ᠬᠡᠢᠢᠳ ᠲᠦ ᠪᠠᠷᠠᠭᠠᠯᠬᠠᠳᠠᠭ᠃ ᠠᠮᠧᠷᠢᠻ ᠦ᠋ᠨ ᠨᠢᠭᠡᠳᠦᠭᠰᠡᠨ ᠤᠯᠤᠰ ‍ᠤᠨ ᠠᠲ᠋ᠯᠠᠨᠲ᠋ᠠ ᠳ᠋ᠠᠬᠢ ᠧᠮᠣᠷᠢEmory ᠶᠡᠬᠡ ᠰᠤᠷᠭᠠᠭᠤᠯᠢ ᠳ᠋ᠤ ᠳᠡᠭᠡᠷᠬᠢ ᠶ᠋ᠢᠨ ᠭᠡᠭᠡᠭᠡᠨ ᠳᠠᠯᠠᠢ ᠪᠯᠠᠮ ‍ᠠ᠋ ᠶ᠋ᠢᠨ ᠯᠧᠻᠼᠢ ᠳ᠋ᠦ ᠰᠠᠭᠤᠭᠰᠠᠨ᠃ ᠲᠤᠰ ᠶᠡᠬᠡ ᠰᠤᠷᠭᠠᠭᠤᠯᠢ ᠳ᠋ᠤ ᠳᠠᠯᠠᠢ ᠪᠯᠠᠮ ‍ᠠ᠋ ᠬᠦᠨᠳᠡᠲᠦ ᠫᠷᠣᠹᠧᠰᠰᠣᠷ ᠠᠭᠠᠳ ᠲᠠᠷᠢᠬᠢ᠂ ᠣᠶᠤᠨ ᠤᠬᠠᠭᠠᠨ ‍ᠤ ᠲᠤᠬᠠᠢ ᠰᠢᠨᠵᠢᠯᠡᠬᠦ ᠤᠬᠠᠭᠠᠨ ‍ᠢ ᠮᠠᠰᠢᠳᠠ ᠰᠣᠨᠢᠷᠬᠠᠳᠠᠭ᠃ ᠳ᠋ᠣᠻᠲ᠋ᠣᠷ ᠳᠠᠮᠪᠠᠢᠢᠨᠣᠸᠠ ᠰᠠᠨ᠍ᠻᠲ ᠫᠧᠲ᠋ᠧᠷᠪᠦ᠋ᠷᠭ ᠳ᠋ᠡᠬᠢ ᠪᠣᠯᠤᠨ ᠬᠠᠷᠢ ᠭᠦᠷᠦᠨ ᠳᠡᠬᠢ ᠬᠤᠸᠠᠷᠠᠭ ‍ᠨ ᠴᠢᠭᠤᠯᠭᠠᠨ ᠳ᠋ᠤ ᠲᠤᠰᠠᠯᠠᠬᠤ ᠶ᠋ᠢᠨ ᠴᠢᠷᠮᠠᠢᠢᠳᠠᠭ᠃ [15]

ᠭᠡᠷ ᠪᠦᠯᠢ

ᠨᠠᠰᠤᠨ ᠳ᠋ᠤ ᠬᠦᠷᠡᠭᠰᠡᠨ ᠲᠠᠪᠤᠨ ᠬᠡᠦᠬᠡᠳ᠂ ᠳᠥᠷᠪᠡᠨ ᠠᠴᠢ᠂ ᠬᠣᠶᠠᠷ ᠭᠤᠴᠢ ᠦᠬᠢᠨ ᠲᠠᠢ᠃ [16]

ᠡᠬᠢ ᠰᠤᠷᠪᠤᠯᠵᠢ

  1. https://gazeta-n1.ru/news/society/91539/ Номер Один. Бурятский олигарх построил бизнес на чужом изобретении. ᠬᠠᠨᠳᠤᠭᠰᠠᠨ 2020/11/14
  2. https://gazeta-n1.ru/news/society/91539 Бурятский олигарх построил бизнес на чужом изобретении. ᠬᠠᠨᠳᠤᠭᠰᠠᠨ 2020/11/27
  3. https://gazeta-n1.ru/news/society/91539 Бурятский олигарх построил бизнес на чужом изобретении. ᠬᠠᠨᠳᠤᠭᠰᠠᠨ 2020/11/27
  4. Dambinova, SA; Granstrem, OK (2001). "The role of glutamate receptors in the mechanisms of formation of epilepsy". Neurochemistry.
  5. https://www.1spbgmu.ru/ru/obrazovanie/kafedry/197-glavnaya/universitet/sructure/kafedry/klinicheskie/kafedra-nevrologii-i-nejrokhirurgii-s-klinikoj/1403-aleksandr-anisimovich-skoromets Первый Санкт-Петербургский государственный медицинский университет им. акад. И.П. Павлова. Александр Анисимович Скоромец. ᠬᠠᠨᠳᠤᠭᠰᠠᠨ 2020/11/16
  6. https://sch627.mskobr.ru/med-class/medicinskij_klass_v_moskovskoj_shkole/posewenie_lekcii/ Посещение лекции. ᠬᠠᠨᠳᠤᠭᠰᠠᠨ 2020/11/16
  7. Dambinova, SA; Granstrem, OK (2001). "The role of glutamate receptors in the mechanisms of formation of epilepsy". Neurochemistry
  8. Dambinova SA, 1988, Glutamate Neuroreceptors, Leningrad, Nauka
  9. http://old.petrsu.ru/Structure/MAJ/2009_4/16.html Skoromets AA, Dambinova, SA, etc. The fundamental importance of new biomarkers. Medical academic journal. Volume number 9. 4. 2009
  10. https://academic.oup.com/clinchem/article/49/10/1752/5642162 Clinical Chemistry. Svetlana A Dambinova, Guerman A Khounteev, Galina A Izykenova, Igor G Zavolokov, Anna Y Ilyukhina, Alexander A Skoromets. Blood Test Detecting Autoantibodies to N-Methyl-d-aspartate Neuroreceptors for Evaluation of Patients with Transient Ischemic Attack and Stroke. ᠬᠠᠨᠳᠤᠭᠰᠠᠨ 2020/11/19
  11. https://nyaspubs.onlinelibrary.wiley.com/doi/abs/10.1111/j.1749-6632.2002.tb04191.x The New York Academy of Sciences. Svetlana A. Dambinova, Galina A. Izykenova. Recombinant μ‐δ Receptor as a Marker of Opiate Abuse
  12. https://onlinelibrary.wiley.com/doi/pdf/10.1046/j.1471-4159.1998.71052088.x Svetlana A. Dambinova, Oleg K. Granstrem, *Alexandre Tourov, tRoberto Salluzzo, tiFilippa Castello, and Galina A. Izykenova. Monitoring of Brain Spiking Activity and Autoantibodies to N-Terminus Domain of G1uR1 Subunit of AMPA Receptors in Blood Serum of Rats with Cobalt-Induced Epilepsy. ᠬᠠᠨᠳᠤᠭᠰᠠᠨ 2020/11/27
  13. https://www.jns-journal.com/article/S0022-510X(97)00150-0/fulltext Svetlana A Dambinova, Galina A. Izykenova, Sergei V Burov, Elena V Grigorenko, Sergei A Gromov. The presence of autoantibodies to N-terminus domain of GluR1 subunit of AMPA receptor in the blood serum of patients with epilepsy. ᠬᠠᠨᠳᠤᠭᠰᠠᠨ 2020/11/27
  14. https://www.ncbi.nlm.nih.gov/pmc/articles/PMC4099039/ Emaddin Kidher at al. Aortic Stiffness Is Related to the Ischemic Brain Injury Biomarker N-Methyl-D-aspartate Receptor Antibody Levels in Aortic Valve Replacement. ᠬᠠᠨᠳᠤᠭᠰᠠᠨ 2020/11/27
  15. https://gazeta-n1.ru/news/society/91539/ Номер Один. Бурятский олигарх построил бизнес на чужом изобретении. ᠬᠠᠨᠳᠤᠭᠰᠠᠨ 2020/11/14
  16. ᠮᠥᠨ ᠲᠡᠨᠳᠡ