C амин дэм

17:29, 20 Арванхоёрдугаар сар 2020-ий байдлаарх Wikibilig (яриа | оруулсан хувь нэмэр) хэрэглэгчийн хийсэн залруулга
C
ᠠᠮᠢᠨ
ᠳᠡᠮ ᠦ᠋ᠨ
ᠬᠢᠮᠢ ᠶ᠋ᠢᠨ
ᠪᠦᠲᠦᠴᠡ

ᠪᠦᠷ 1820 ᠣᠨ ᠳᠤ ᠠᠦᠢᠰᠲᠷᠠᠯᠢᠶ᠎ᠠ ᠶᠢᠨ ᠡᠮᠴᠢ ᠻᠷᠠᠮᠧᠷ ᠪᠤᠢᠯᠨᠠᠭᠠᠰᠤ ᠴᠢᠰᠤ ᠭᠠᠷᠳᠠᠭ᠂ ᠠᠷᠠᠰᠤᠨ ᠳᠡᠭᠡᠷ᠎ᠡ ᠬᠥᠬᠡᠷᠡᠯ ᠳᠦ᠂ ᠡᠺᠽᠡᠮ ᠮᠠᠶ᠋ᠢᠭ ᠤᠨ ᠲᠤᠭᠤᠷᠠᠯᠲᠠ ᠭᠠᠷᠳᠠᠭ᠂ ᠠᠮᠠᠷᠬᠠᠨ ᠶᠠᠳᠠᠷᠠᠳᠠᠭ᠂ ᠵᠢᠷᠦᠬᠡᠨ ᠦ ᠦᠢᠯᠡ ᠠᠵᠢᠯᠯᠠᠭ᠎ᠠ ᠰᠤᠯᠠᠷᠠᠳᠠᠭ ᠵᠡᠷᠭᠡ ᠰᠢᠨᠵᠢ ᠲᠡᠮᠳᠡᠭ ᠪᠦᠬᠦᠢ ᠨᠢᠭᠡᠨ ᠡᠪᠡᠳᠴᠢᠨ ᠦ ᠲᠤᠬᠠᠢ ᠪᠢᠴᠢᠵᠡᠢ᠃ ᠡᠨᠡ ᠡᠪᠡᠳᠴᠢᠨ ᠢ ᠼᠢᠨᠭ᠎ᠠ ᠪᠤᠶᠤ ᠰᠺᠣᠷᠪᠦ᠋ᠲ ᠭᠡᠵᠦ ᠨᠡᠷᠡᠯᠡᠭᠰᠡᠨ ᠪᠠᠶᠢᠨ᠎ᠠ.ᠳᠤᠮᠳᠠᠳᠤ ᠵᠠᠭᠤᠨ ᠤ ᠦᠶ᠎ᠡ ᠳᠦ ᠡᠨᠡ ᠡᠪᠡᠳᠴᠢᠨ ᠬᠠᠮᠤᠭ ᠤᠨ ᠬᠦᠨᠳᠦ ᠡᠪᠡᠳᠴᠢᠨ ᠨᠦᠭᠦᠳ ᠦᠨ ᠨᠢᠭᠡ ᠪᠠᠶᠢᠭᠰᠠᠨ ᠪᠥᠭᠡᠳ 19 ᠍ ᠳᠦᠭᠡᠷ ᠵᠠᠭᠤᠨ ᠤ ᠰᠡᠭᠦᠯᠴᠢ ᠪᠡᠷ ᠣᠷᠣᠰ ᠤᠨ ᠡᠮᠭᠡᠭ ᠰᠤᠳᠤᠯᠤᠭᠠᠴᠢ ᠸᠠ᠊. ᠸᠠ᠊.ᠫᠠᠱᠦ᠋ᠲ᠋ᠢᠨ ᠼᠢᠨᠭ᠎ᠠ ᠨᠢ ᠤᠷᠭᠤᠮᠠᠯ ᠤᠨ ᠭᠠᠷᠤᠯᠲᠠᠢ ᠬᠣᠭᠣᠯᠠ ᠬᠦᠨᠡᠰᠦᠨ ᠳᠦ ᠨᠢᠭᠡᠨ ᠲᠣᠳᠣᠷᠬᠠᠢ ᠬᠦᠴᠦᠨ ᠵᠦᠢᠯ ᠪᠠᠶᠢᠬᠤ ᠦᠭᠡᠢ ᠡᠴᠡ ᠪᠣᠯᠵᠤ ᠪᠠᠶᠢᠨ᠎ᠠ ᠭᠡᠰᠡᠨ ᠳ᠋ᠦᠩᠨᠡᠯᠲᠡ ᠶᠢ ᠰᠣᠷᠢᠯᠲᠠ ᠲᠤᠷᠰᠢᠯᠲᠠ ᠶᠢᠨ ᠦᠨᠳᠦᠰᠦᠨ ᠳᠡᠭᠡᠷ᠎ᠡ ᠬᠡᠶᠢᠵᠢᠭᠡ᠃ 1919 ᠣᠨ ᠳᠤ ᠳ᠋ᠷᠦ᠋ᠮᠣᠨ᠋ᠳ᠋ ᠡᠨᠡ ᠪᠣᠳᠠᠰ ᠢ C ᠸᠢᠲ᠋ᠠᠮᠢᠨ᠋ (ᠼᠢᠨᠭ᠎ᠠ ᠡᠪᠡᠳᠴᠢᠨ ᠦ ᠡᠰᠡᠷᠡᠭ ᠬᠦᠴᠦᠨ ᠵᠦᠢᠯ) ᠭᠡᠵᠦ ᠨᠡᠷᠡᠯᠡᠵᠡᠢ᠃ 1918 ᠣᠨ ᠳᠤ ᠨᠢᠮᠪᠡᠭᠡᠨᠡᠢ ᠰᠢᠭᠦᠰᠦ᠂ ᠪᠠᠢᠴᠠᠭᠠᠨᠠᠭᠠᠰᠤ ᠲᠠᠯᠠᠰᠲᠤ ᠪᠠᠷ ᠭᠠᠷᠭᠠᠭᠰᠠᠨ᠂ 1927 ᠣᠨ ᠳᠤ ᠪᠥᠭᠡᠷᠡᠨ ᠦ ᠳᠡᠭᠡᠳᠦ ᠪᠤᠯᠴᠢᠷᠬᠠᠢ᠂ ᠤᠯᠠᠭᠠᠨ ᠴᠢᠨᠵᠢᠭᠦᠨᠦᠭᠡᠰᠦ ᠪᠠᠰᠠ ᠭᠠᠷᠭᠠᠨ ᠠᠪᠤᠭᠰᠠᠨ᠃ ᠡᠨᠡ ᠸᠢᠲ᠋ᠠᠮᠢᠨ᠋ᠤ ᠪᠦᠲᠦᠴᠡ ᠶᠢ ᠠᠩᠭᠯᠢ ᠶᠢᠨ ᠧᠢᠢᠯᠧᠷ ᠪᠠ ᠾᠢᠷᠰᠲ᠋᠂ ᠭᠧᠷᠮᠠᠨ ᠤ ᠮᠢᠻᠡᠯ᠂ ᠠᠮᠧᠷᠢᠺᠠ ᠶᠢᠨ ᠨᠢᠭᠡᠳᠦᠭᠰᠡᠨ ᠤᠯᠤᠰ – ᠍ ᠶᠢᠨ ᠬᠢᠮᠢᠴᠢ ᠻᠠᠷᠷᠧᠷ ᠨᠠᠷ ᠪᠠᠷᠤᠭ ᠨᠢᠭᠡ ᠵᠡᠷᠭᠡ ᠲᠣᠭᠲᠠᠭᠠᠭᠰᠠᠨ ᠪᠥᠭᠡᠳ ᠹᠢᠽᠢᠣᠯᠣᠭ ᠤᠨ ᠦᠢᠯᠡᠴᠢᠯᠡᠯ ᠲᠡᠢ ᠨᠢ ᠬᠣᠯᠪᠣᠨ ᠠᠰᠻᠣᠷᠪᠢᠨ ᠦ ᠬᠦᠴᠢᠯ ᠭᠡᠵᠦ ᠨᠡᠷᠡᠯᠡᠪᠡ᠃ 1932 ᠣᠨ ᠳᠤ ᠷᠧᠢᠢᠬᠱᠲᠧᠢᠢᠨ᠂ ᠡᠭᠦᠨ ᠡᠴᠡ ᠦᠯᠦ ᠬᠠᠮᠢᠶᠠᠷᠤᠯᠲᠠᠢ ᠪᠠᠷ ᠾᠢᠷᠰᠲ᠋ ᠪᠠ ᠾᠧᠥᠦ᠋ᠷᠽ ᠨᠠᠷᠠ ᠨᠡᠶᠢᠯᠡᠭᠵᠢᠭᠦᠯᠦᠨ ᠭᠠᠷᠭᠠᠭᠰᠠᠨ᠃

ᠠᠰᠻᠣᠷᠪᠢᠨ ᠦ ᠬᠦᠴᠢᠯ ᠦᠨ ᠰᠣᠯᠢᠯᠴᠠᠭ᠎ᠠ

ᠠᠰᠻᠣᠷᠪᠢᠨ ᠦ ᠬᠦᠴᠢᠯ ᠦᠨ ᠡᠩ ᠦᠨ ᠨᠡᠪᠴᠢᠯᠲᠡ ᠪᠡᠷ ᠬᠣᠳᠣᠭᠣᠳᠣ ᠭᠡᠳᠡᠰᠦᠨ ᠦ ᠵᠠᠮ ᠳᠤ ᠪᠦᠬᠦᠯᠢ ᠳᠦ ᠨᠢ᠂ ᠢᠯᠠᠩᠭᠤᠶ᠎ᠠ ᠨᠠᠷᠢᠨ ᠭᠡᠳᠡᠰᠦᠨ ᠳᠦ ᠰᠢᠮᠡᠭᠳᠡᠨ᠎ᠡ᠃ ᠴᠢᠰᠤᠨ ᠳᠤ ᠵᠠᠷᠢᠮ ᠬᠡᠰᠡᠭ ᠨᠢ ᠠᠭᠤᠷᠤᠭ ᠲᠠᠢ ᠬᠣᠯᠪᠣᠭᠳᠠᠭᠰᠠᠨ᠂ ᠵᠠᠷᠢᠮ ᠨᠢ ᠴᠢᠯᠦᠭᠡᠲᠦ ᠪᠠᠶᠢᠳᠠᠯ ᠢᠶᠠᠷ ᠣᠷᠣᠰᠢᠨ᠎ᠠ᠃ ᠬᠠᠷᠢᠨ ᠡᠳ᠋ ᠍ ᠲᠦ ᠣᠴᠢᠭᠠᠳ ᠠᠭᠤᠷᠤᠭ ᠲᠠᠢ ᠬᠣᠯᠪᠣᠭᠳᠠᠨ᠎ᠠ᠃ ᠴᠢᠯᠦᠭᠡᠲᠦ ᠠᠰᠻᠣᠷᠪᠢᠨ ᠦ ᠬᠦᠴᠢᠯ ᠡᠰᠡᠯᠳᠡᠨ ᠠᠩᠭᠢᠵᠢᠷᠠᠬᠤ ᠤᠷᠪᠠᠯᠳᠤ ᠣᠷᠣᠯᠴᠠᠨ᠎ᠠ᠃ ᠭᠣᠣᠯᠳᠠᠭᠤ ᠪᠥᠭᠡᠷᠡᠨ ᠦ ᠳᠡᠭᠡᠷᠡᠬᠢ ᠪᠤᠯᠴᠢᠷᠬᠠᠢ᠂ ᠡᠯᠢᠭᠡ᠂ ᠠᠭᠤᠰᠬᠢᠨ ᠳᠤ ᠪᠤᠰᠤᠳ ᠠᠴᠠ ᠢᠯᠡᠭᠦᠦᠲᠡᠢ ᠠᠭᠤᠯᠤᠭᠳᠠᠨ᠎ᠠ. ᠠᠰᠻᠣᠷᠪᠢᠨ ᠦ ᠬᠦᠴᠢᠯ ᠢᠰᠦᠯᠳᠦᠨ ᠵᠠᠳᠠᠷᠠᠬᠤ ᠤᠷᠪᠠᠯ ᠤᠨ ᠪᠦᠲᠦᠭᠡᠭᠳᠡᠬᠦᠨ ᠨᠦᠭᠦᠳ ᠲᠦ ᠳ᠋ᠧᠬᠢᠳᠷᠣ᠊ᠠᠰᠻᠥᠷᠪᠢᠨ ᠣ᠂ ᠳ᠋ᠢᠻᠧᠲ᠋ᠣᠺᠦ᠋ᠯᠣᠨ ᠣ᠂ ᠬᠤᠷᠠᠭᠠᠨ ᠴᠢᠬᠢᠨ ᠦ ᠪᠣᠯᠤᠨ ᠪᠤᠰᠤᠳ ᠬᠦᠴᠢᠯ ᠦᠳ ᠣᠷᠣᠨ᠎ᠠ. ᠠᠰᠻᠣᠷᠪᠢᠨ ᠦ ᠬᠦᠴᠢᠯ ᠨᠢ ᠴᠢᠯᠦᠭᠡᠲᠦ ᠪᠠ ᠳᠡᠭᠡᠷᠡᠬᠢ ᠵᠠᠳᠠᠷᠠᠯ ᠤᠨ ᠪᠦᠲᠦᠭᠡᠭᠳᠡᠬᠦᠨ ᠪᠠᠶᠢᠳᠠᠯ ᠢᠶᠠᠷ ᠰᠢᠭᠡᠰᠦ ᠪᠡᠷ ᠢᠯᠭᠠᠷᠠᠨ᠎ᠠ᠃

ᠪᠢᠣᠬᠢᠮ ᠊ᠢᠢᠨ ᠡᠭᠦᠷᠭᠡ

ᠡᠳ ᠍ ᠦᠨ ᠳᠣᠲᠣᠷ᠎ᠠ ᠳᠡᠭᠢᠳ᠋ᠷᠣ᠋ᠠᠰᠻᠣᠷᠪᠢᠨ ᠦ ᠬᠦᠴᠢᠯ ᠨᠢ ᠠᠰᠻᠣᠷᠪᠢᠨ ᠦ ᠬᠦᠴᠢᠯ ᠪᠣᠯᠵᠤ ᠠᠩᠭᠢᠵᠢᠷᠠᠬᠤ ᠨᠢ ᠳ᠋ᠧᠬᠢᠳᠷᠣ᠊ᠠᠰᠻᠣᠷᠪᠢᠨᠠᠲ᠋ᠷᠧᠳᠦ᠋ᠻᠲ᠋ᠠᠽ᠂ ᠠᠩᠭᠢᠵᠢᠷᠠᠭᠰᠠᠨ ᠺᠯᠦ᠋ᠲ᠋ᠠᠲ᠋᠊ᠢᠢᠣᠨ ᠦ ᠣᠷᠣᠯᠴᠠᠭ᠎ᠠ ᠲᠠᠢ ᠶᠠᠪᠤᠭᠳᠠᠨ᠎ᠠ. ᠠᠰᠻᠣᠷᠪᠢᠨ ᠦ ᠬᠦᠴᠢᠯ ᠢᠰᠦᠯᠳᠦᠨ ᠠᠩᠭᠢᠵᠢᠷᠠᠬᠤ ᠹᠧᠷᠮᠧᠨ᠋ᠲ᠋ᠲᠦ ᠤᠷᠪᠠᠯᠳᠤ ᠤᠰᠤᠲᠥᠶᠢᠷᠦᠭᠴᠢ ᠶᠢᠨ ᠳ᠋ᠣᠨᠤᠷ ᠪᠣᠯᠳᠠᠭ᠃ ᠡᠨᠡ ᠨᠢ ᠳᠧᠬᠢᠳᠷᠣ᠊ᠠᠰᠻᠣᠷᠪᠢᠨ ᠦ ᠬᠦᠴᠢᠯ ᠲᠡᠢ ᠷᠧᠳᠣᠻᠰ ᠬᠣᠣᠰᠯᠠᠯ ᠢ ᠡᠭᠦᠰᠬᠡᠨ᠎ᠡ᠃

ᠠᠰᠻᠣᠷᠪᠢᠨ ᠦ ᠬᠦᠴᠢᠯ ᠪᠢᠣᠯᠣᠭ ᠤᠨ ᠢᠰᠦᠯᠳᠦᠯᠲᠡ ᠶᠢᠨ ᠣᠯᠠᠨ ᠦᠢᠯᠡ ᠶᠠᠪᠤᠴᠠ ᠳᠠᠬᠢ ᠣᠷᠣᠯᠴᠠᠨ᠎ᠠ

1. ᠰᠧᠷᠣᠲᠣᠨᠢᠨ ᠦ ᠨᠡᠶᠢᠯᠡᠭᠵᠢᠬᠦ ᠶᠠᠪᠤᠴᠠ ᠳᠤ ᠲᠷᠢᠫᠲᠣᠹᠠᠨ ᠦ 5-ᠬᠢᠳᠷᠣ᠊ᠲ᠋ᠷᠢᠫᠲ᠋ᠣᠹᠠᠨ ᠪᠣᠯᠭᠠᠵᠤ ᠬᠢᠳ᠋ᠷᠣᠻᠰᠢᠯᠵᠢᠭᠦᠯᠦᠨᠡᠡ᠃ 2᠃ 3᠂ 4-ᠳ᠋ᠢᠬᠢᠳ᠋ᠷᠣᠻᠰᠢᠹᠧᠨᠢᠯ᠊ᠧᠲ᠋ᠢᠯᠠᠮᠢᠨ ᠢ ᠨᠣᠷᠠᠳ᠋ᠷᠧᠨᠠᠯᠢᠨ ᠪᠣᠯᠭᠠᠨ ᠬᠤᠪᠢᠷᠠᠭᠠᠨ᠎ᠠ (ᠳᠠᠬᠢᠨ ᠬᠢᠳ᠋ᠷᠣᠻᠰᠢᠯᠵᠢᠭᠦᠯᠦᠨᠡᠡ) 3. N-ᠬᠢᠳ᠋ᠷᠣᠻᠰᠢᠹᠧᠨᠢᠯ᠊ᠫᠢᠷᠦ᠋ᠸᠠᠲ᠋ ᠍ ᠊ᠢ ᠬᠣᠮᠣᠺᠧᠨᠲ᠋ᠢᠽᠢᠨ ᠦ ᠬᠦᠴᠢᠯ ᠪᠣᠯᠭᠠᠨ ᠬᠢᠳ᠋ᠷᠣᠻᠰᠢᠯᠵᠢᠭᠦᠯᠦᠨᠡᠡ᠃ 4. ᠬᠣᠯᠧᠰᠲᠧᠷᠢᠨ ᠡᠴᠡ ᠪᠥᠭᠡᠷᠡᠨ ᠦ ᠳᠡᠭᠡᠳᠦ ᠪᠤᠯᠴᠢᠷᠬᠠᠢ ᠶᠢᠨ ᠬᠣᠯᠲᠣᠰᠣᠯᠢᠭ ᠳᠠᠪᠬᠤᠷᠭᠠᠰᠨᠠᠢ ᠳᠠᠭᠠᠪᠤᠷ ᠤᠳ ᠨᠡᠶᠢᠯᠡᠭᠵᠢᠬᠦ ᠳᠦ ᠲᠡᠳᠡᠭᠡᠷ ᠰᠲ᠋ᠧᠷᠣᠢᠳ᠋ᠣᠳ ᠢ ᠬᠢᠳ᠋ᠷᠣᠻᠰᠢᠯᠵᠢᠭᠦᠯᠦᠨᠡᠡ᠃ 5. ᠻᠠᠷᠨᠢᠲ᠋ᠢᠨ ᠨᠡᠶᠢᠯᠡᠭᠵᠢᠬᠦ ᠳᠦ B-ᠪᠦ᠋ᠲ᠋ᠢᠷᠣᠪᠧᠲᠠᠢᠢᠨ ᠢ ᠬᠢᠳ᠋ᠷᠣᠻᠰᠢᠯᠵᠢᠭᠦᠯᠦᠨᠡᠡ᠃ ᠨᠠᠷᠢᠨ ᠭᠡᠳᠡᠰᠦᠨ ᠳᠦ 3-ᠸᠠᠯᠧᠨ᠋ᠲ᠋ ᠲᠠᠢ ᠲᠥᠷᠥ ᠶᠢᠨ ᠢᠣᠨ ᠢ ᠬᠣᠶᠠᠷ ᠸᠠᠯᠧᠨ᠋ᠲ᠋ᠲᠠᠢ ᠪᠣᠯᠲᠠᠯ᠎ᠠ ᠨᠢ ᠠᠩᠭᠢᠵᠢᠷᠠᠭᠤᠯᠬᠤ ᠪᠠ ᠶᠠᠭ ᠡᠶᠢᠮᠦ ᠪᠠᠶᠢᠳᠠᠯ ᠢᠶᠠᠷ ᠲᠡᠮᠦᠷ ᠰᠠᠶᠢᠨ ᠰᠢᠮᠡᠭᠳᠡᠳᠡᠭ᠃ 6. ᠲᠷᠠᠰᠹᠧᠷᠷᠢᠨ ᠭᠡᠬᠦ ᠵᠥᠭᠡᠭᠡᠪᠦᠷᠢ ᠶᠢᠨ ᠤᠭᠤᠷᠠᠭ ᠤᠨ ᠬᠣᠯᠪᠣᠭᠠᠨ ᠠᠴᠠ ᠲᠡᠮᠦᠷ ᠢ ᠳᠠᠩ ᠢᠶᠠᠷ ᠨᠢ ᠴᠢᠯᠦᠭᠡᠯᠡᠭᠰᠡᠨ ᠢᠶᠡᠷ ᠡᠳ᠋ ᠍ ᠲᠦ ᠬ᠋ᠶᠠᠪᠤᠷᠬᠠᠨ ᠤᠷᠤᠬᠤ ᠪᠣᠯᠤᠮᠵᠢ ᠲᠠᠢ ᠪᠣᠯᠭᠠᠨ᠎ᠠ᠃ 7. ᠹᠣᠯᠢ ᠶᠢᠨ ᠬᠦᠴᠢᠯ ᠢ ᠻᠣᠹᠧᠷᠮᠧᠨ᠋ᠲ᠋ ᠍ ᠣᠨ ᠬᠡᠯᠪᠡᠷᠢ ᠳᠦ ᠰᠢᠯᠵᠢᠭᠦᠯᠬᠦ ᠳᠦ ᠣᠷᠣᠯᠴᠠᠨ᠎ᠠ᠃ 8. ᠻᠣᠯᠯᠠᠺᠧᠨ᠋ ᠍ ᠠᠭᠤᠷᠤᠭ ᠨᠡᠶᠢᠯᠡᠭᠵᠢᠬᠦ ᠳᠦ ᠵᠠᠶᠢᠯᠠᠰᠢ ᠦᠭᠡᠢ ᠬᠡᠷᠡᠭᠴᠡᠭᠡ ᠳᠦ ᠫᠷᠣᠯᠢᠨ᠂ ᠯᠢᠽᠢᠨ᠋ ᠵᠡᠷᠭᠡ ᠠᠮᠢᠨ ᠬᠦᠴᠢᠯ ᠦᠳ ᠢ ᠬᠢᠳᠷᠣᠻᠰᠢᠯᠵᠢᠭᠦᠯᠨ᠎ᠡ᠃ ᠠᠰᠻᠣᠷᠪᠢᠨ ᠦ ᠬᠦᠴᠢᠯ ᠤᠭᠤᠷᠠᠭ ᠤᠨ ᠰᠣᠯᠢᠯᠴᠠᠭ᠎ᠠ ᠬᠡᠪ ᠦᠨ ᠶᠠᠪᠤᠭᠳᠠᠬᠤ ᠳᠤ ᠵᠠᠶᠢᠯᠠᠰᠢ ᠦᠭᠡᠢ ᠴᠢᠬᠤᠯᠠ᠂ ᠲᠡᠭᠦᠨ ᠦ ᠳᠤᠲᠠᠭᠳᠠᠯ ᠤᠨ ᠦᠶ᠎ᠡ ᠳᠦ ᠡᠳ᠋ ᠍ ᠦᠨ ᠤᠭᠤᠷᠠᠭ ᠤᠨ ᠵᠠᠳᠠᠷᠠᠯ ᠨᠡᠮᠡᠭᠳᠡᠵᠦ ᠰᠢᠭᠡᠰᠦ ᠪᠡᠷ ᠺᠷᠡᠠᠲ᠋ᠢᠨ ᠭᠠᠷᠬᠤ ᠨᠢ ᠡᠷᠡᠰ ᠨᠡᠮᠡᠭᠳᠡᠨ᠎ᠡ᠃ ᠮᠥᠨ ᠬᠣᠯᠪᠣᠭᠴᠢ ᠡᠳ᠋ ᠍ ᠦᠨ ᠤᠭᠤᠷᠠᠭ ᠤᠨ (ᠫᠷᠣᠻᠣᠯᠯᠠᠺᠧᠨ᠋) ᠨᠡᠶᠢᠯᠡᠭᠵᠢᠯᠲᠡ ᠰᠠᠲᠤᠵᠤ ᠫᠷᠣᠻᠣᠯᠯᠠᠺᠧᠨ᠋ ᠻᠣᠯᠯᠠᠺᠧᠨ᠋ᠳ ᠬᠤᠪᠢᠷᠠᠬᠤ ᠦᠢᠯᠡ ᠶᠠᠪᠤᠴᠠ ᠳᠤ ᠠᠯᠳᠠᠭᠳᠠᠨ᠎ᠠ (ᠸ.ᠨ᠊. ᠸᠷᠧᠾᠣᠸᠢᠴ)᠃ ᠫᠷᠣᠻᠣᠯᠯᠠᠺᠧᠨ᠋ ᠻᠣᠯᠯᠠᠺᠧᠨ᠋ ᠍ ᠳᠣ ᠰᠢᠯᠵᠢᠬᠦ ᠳᠦ ᠪᠡᠨ ᠫᠷᠣᠯᠢᠨ ᠬᠢᠳ᠋ᠷᠣᠻᠰᠢ᠊ᠫᠷᠣᠯᠢᠨ ᠪᠣᠯᠵᠤ᠂ ᠯᠢᠽᠢᠨ᠋ ᠬᠢᠳᠷᠣᠻᠰᠢᠯᠢᠽᠢᠨ᠋ ᠪᠣᠯᠵᠤ ᠬᠢᠳᠷᠣᠻᠰᠢᠯᠵᠢᠬᠦ ᠡᠴᠡ ᠬᠠᠮᠢᠶᠠᠷᠬᠤ ᠪᠠ ᠡᠨᠡ ᠦᠢᠯᠡ ᠶᠠᠪᠤᠴᠠ ᠶᠢ ᠠᠰᠻᠣᠷᠪᠢᠨ ᠦ ᠬᠦᠴᠢᠯ ᠲᠦᠷᠭᠡᠰᠬᠡᠨ᠎ᠡ. ᠠᠰᠻᠣᠷᠪᠢᠨ ᠦ ᠬᠦᠴᠢᠯ ᠨᠡᠭᠦᠷᠡᠰᠦ ᠤᠰᠤᠨ ᠤ ᠰᠣᠯᠢᠯᠴᠠᠭᠠᠨ ᠳᠤ ᠴᠢᠬᠤᠯᠠ ᠨᠥᠯᠥᠭᠡ ᠲᠡᠢ ᠪᠥᠭᠡᠳ ᠳᠤᠲᠠᠭᠳᠠᠯ ᠤᠨ ᠦᠶ᠎ᠡ ᠳᠦ ᠡᠯᠢᠭᠡᠨ ᠳᠦ ᠺᠯᠢᠻᠣᠺᠧᠨ ᠡᠭᠦᠰᠦᠯᠲᠡ ᠤᠳᠠᠭᠠᠰᠢᠷᠠᠨ᠎ᠠ᠂ ᠮᠥᠨ ᠺᠧᠻᠰᠣᠻᠢᠨᠠᠽ᠂ ᠹᠣᠰᠹᠣᠺᠧᠻᠰᠥ᠊ᠢᠽᠣᠮᠧᠷᠠᠽ᠂ ᠹᠣᠰᠹᠣᠺᠯᠦ᠋ᠻᠣᠮᠦ᠋ᠲ᠋ᠠᠽ ᠣᠨ ᠢᠳᠡᠪᠬᠢ ᠪᠠᠭᠤᠷᠠᠨ᠎ᠠ᠃ ᠡᠶᠢᠮᠦ ᠳᠦ ᠻᠷᠧᠪᠰ ᠦᠨ ᠮᠥᠴᠡᠯᠭᠡ ᠳᠦ ᠭᠢᠨᠵᠢᠨ ᠤᠷᠪᠠᠯ ᠤᠳ ᠤᠨ ᠬᠤᠪᠢᠷᠠᠯ ᠤᠳ ᠰᠤᠯᠠᠷᠠᠨ᠎ᠠ᠃ ᠠᠰᠻᠣᠷᠪᠢᠨ ᠦ ᠬᠦᠴᠢᠯ B ᠍ ᠦᠨ ᠲᠥᠷᠥᠯ ᠦᠨ ᠪᠣᠯᠤᠨ A᠂ E ᠸᠢᠲ᠋ᠠᠮᠢᠨ᠋᠂ ᠹᠣᠯᠢ ᠶᠢᠨ ᠬᠦᠴᠢᠯ ᠪᠠ ᠫᠠᠨ᠋ᠲᠣᠲ᠋ᠧᠨ ᠦ ᠬᠦᠴᠢᠯ ᠵᠡᠷᠭᠡ ᠶᠢ ᠨᠡᠯᠢᠶᠡᠳ ᠬᠢᠮᠠᠭᠠᠲᠠᠢ ᠠᠰᠢᠭᠯᠠᠬᠤ ᠪᠣᠯᠤᠮᠵᠢ ᠣᠯᠭᠤᠳᠠᠭ ᠪᠥᠭᠡᠳ ᠵᠠᠷᠤᠴᠠᠭᠤᠯᠤᠯᠲᠠ ᠶᠢ ᠨᠢ ᠪᠠᠭᠠᠰᠬᠠᠵᠤ ᠬᠣᠨᠣᠭ ᠤᠨ ᠬᠡᠷᠡᠭᠴᠡᠭᠡ ᠶᠢ ᠪᠠᠭᠤᠷᠠᠭᠤᠯᠳᠠᠭ ᠪᠠᠶᠢᠨ᠎ᠠ᠃ ᠠᠮᠢᠨ ᠳᠡᠮ C ᠨᠢ ᠬᠦᠮᠦᠨ ᠦ ᠨᠠᠰᠤ ᠠᠮᠢᠳᠤᠷᠠᠯ ᠢ ᠤᠷᠲᠤᠰᠬᠠᠬᠤ ᠨᠢ ᠨᠢᠭᠡᠨᠲᠡ ᠨᠣᠲᠠᠯᠠᠭᠳᠠᠵᠠᠢ᠃ ᠳᠤᠲᠠᠭᠳᠠᠬᠤ ᠳᠤ ᠴᠢᠭᠢᠭ ᠪᠠᠮ ᠪᠤᠶᠤ ᠼᠢᠨᠭ᠎ᠠ ᠡᠪᠡᠳᠴᠢᠨ ᠲᠤᠰᠠᠨ᠎ᠠ᠃ ᠬᠦᠨᠳᠦ ᠬᠡᠯᠪᠡᠷᠢ ᠪᠡᠷ ᠡᠪᠡᠳᠴᠢᠯᠡᠬᠦ ᠳᠦ ᠠᠰᠻᠣᠷᠪᠢᠨ ᠦ ᠬᠦᠴᠢᠯ ᠦᠨ ᠪᠢᠣᠬᠢᠮᠢᠢᠨ ᠡᠭᠦᠷᠭᠡ ᠠᠯᠳᠠᠭᠳᠠᠰᠤᠨ ᠤ ᠰᠢᠨᠵᠢ ᠨᠦᠭᠦᠳ ᠲᠣᠳᠣ ᠢᠯᠡᠷᠡᠨ᠎ᠡ᠃ ᠢᠯᠠᠩᠭᠤᠶ᠎ᠠ ᠬᠣᠯᠪᠣᠭᠴᠢ ᠡᠳ᠋ ᠍ ᠦᠨ ᠻᠣᠯᠯᠠᠺᠧᠨ᠋᠂ ᠻᠣᠨ᠋ᠳᠷᠣᠢᠢᠲ᠋ ᠍ ᠣᠨ ᠰᠦ᠋ᠯᠹᠠᠲ᠋ ᠵᠡᠷᠭᠡ ᠶᠢᠨ ᠡᠭᠦᠰᠦᠯᠲᠡ ᠠᠯᠳᠠᠭᠳᠠᠭᠰᠠᠨ ᠪᠠᠶᠢᠳᠠᠯ ᠢᠶᠠᠷ ᠢᠯᠡᠷᠡᠨ᠎ᠡ᠃ ᠡᠭᠦᠨ ᠡᠴᠡ ᠪᠣᠯᠵᠤ ᠬᠢᠯᠭᠠᠰᠤᠨ ᠰᠤᠳᠠᠰᠤᠨ ᠤ ᠬᠠᠨ ᠭᠡᠮᠲᠦᠭᠢ ᠠᠷᠠᠰᠤᠨ ᠳᠣᠣᠷ᠎ᠠ ᠴᠢᠰᠤ ᠬᠠᠷᠪᠤᠵᠤ ᠴᠢᠰᠤ ᠬᠤᠷᠠᠨ᠎ᠠ᠃ ᠰᠤᠳᠠᠰᠤᠨ ᠤ ᠬᠠᠨᠠᠨ ᠤ ᠨᠡᠪᠴᠢᠮᠡᠬᠡᠢ ᠴᠢᠨᠠᠷ ᠶᠡᠬᠡᠰᠴᠢ᠂ ᠬᠠᠭᠠᠷᠠᠮᠠᠬᠠᠢ ᠬᠡᠪᠡᠷᠡᠭ ᠪᠣᠯᠤᠨ᠎ᠠ. C ᠸᠢᠲ᠋ᠠᠮᠢᠨ᠋ ᠳᠤᠲᠠᠭᠳᠠᠬᠤ ᠳᠤ ᠺᠧᠮᠣᠺᠯᠣᠪᠢᠨ᠋ ᠍ ᠦ ᠨᠡᠢᠯᠡᠭᠵᠢᠯᠲᠡᠨᠳᠡ ᠠᠰᠢᠭᠯᠠᠭᠳᠠᠬᠤ Fe ᠍ ᠦᠨ ᠨᠥᠭᠡᠴᠡ ᠶᠠᠰᠤᠨ ᠤ ᠴᠢᠮᠦᠭᠡᠨᠡᠢ ᠡᠰ ᠦᠳ ᠲᠦ ᠪᠠᠭᠠᠰᠠᠨ᠎ᠠ᠂ ᠮᠥᠨ ᠴᠢᠰᠤ ᠲᠥᠯᠵᠢᠭᠦᠯᠬᠦ ᠡᠰ ᠦᠳ ᠲᠦ ᠨᠥᠬᠥᠨ ᠲᠥᠯᠦᠵᠢᠯᠲᠡ ᠶᠠᠪᠤᠭᠳᠠᠬᠤ ᠳᠤ ᠹᠣᠯᠢ ᠶᠢᠨ ᠬᠦᠴᠢᠯ ᠦᠨ ᠣᠷᠣᠯᠴᠠᠭ᠎ᠠ ᠪᠠᠭᠠᠰᠳᠠᠭ᠃ ᠡᠨᠡ ᠪᠦᠬᠦᠨ ᠦ ᠤᠷᠰᠢᠭ ᠢᠶᠠᠷ ᠴᠢᠰᠤ ᠪᠠᠭᠠᠳᠠᠯᠲᠠ ᠠᠨᠧᠮᠢᠢᠠᠠ ᠡᠭᠦᠰᠦᠨ᠎ᠡ᠃ ᠰᠤᠳᠠᠰᠤᠨ ᠤ ᠬᠠᠨᠠᠨ ᠤ ᠤᠶᠠᠨ ᠬᠠᠲᠠᠨ ᠴᠢᠨᠠᠷ᠂ ᠬᠡᠪ ᠦᠨ ᠪᠠᠶᠢᠳᠠᠯ ᠳᠤ ᠻᠣᠯᠯᠠᠺᠧᠨ᠋ ᠤᠭᠤᠷᠠᠭ ᠴᠢᠬᠤᠯᠠ ᠠᠴᠢ ᠬᠣᠯᠪᠣᠭᠳᠠᠯ ᠲᠠᠢ᠃ ᠳᠤᠲᠠᠭᠳᠠᠭᠰᠠᠨ ᠦᠶ᠎ᠡ ᠳᠦ ᠪᠢᠣᠬᠢᠮᠢᠢᠨ ᠡᠨᠡ ᠡᠭᠦᠷᠭᠡ ᠠᠯᠳᠠᠭᠳᠠᠰᠤᠨᠠᠭᠠᠰᠤ ᠡᠮᠭᠡᠭ ᠦᠨ ᠼᠢᠨᠭ᠎ᠠ ᠭᠠᠳᠠᠭᠠᠳᠤ ᠢᠯᠡᠷᠡᠯ ᠪᠣᠯᠤᠭᠰᠠᠨ ᠰᠢᠳᠦᠨ ᠦ ᠪᠤᠢᠯᠨᠠᠭᠠᠰᠤ ᠴᠢᠰᠤ ᠭᠣᠭᠣᠵᠢᠬᠤ᠂ ᠱᠡᠦᠳᠡ ᠰᠤᠯᠤᠷᠴᠢ ᠭᠠᠩᠬᠤᠬᠤ᠂ ᠤᠨᠠᠬᠤ᠂ ᠠᠷᠠᠰᠤ ᠰᠠᠯᠢᠰᠤᠲᠤ ᠴᠠᠶᠢᠪᠤᠷᠲᠤᠬᠤ᠂ ᠬᠥᠯ ᠦᠨ ᠰᠢᠯᠪᠢ ᠬᠥᠬᠡᠩᠬᠢᠲᠦᠬᠦ᠂ ᠦᠶᠡᠷ ᠡᠪᠡᠳᠬᠦ᠂ ᠴᠢᠰᠤ ᠬᠤᠷᠠᠯᠲᠤ ᠨᠤᠭᠤᠳ ᠡᠭᠦᠰᠬᠦ᠂ ᠶᠠᠰᠤ ᠭᠡᠮ ᠳᠦ ᠬᠢ᠂ ᠰᠢᠷᠬᠠᠨ ᠤ ᠡᠳᠡᠭᠡᠷᠡᠯᠲᠡ ᠤᠳᠠᠭᠠᠰᠢᠷᠠᠬᠤ ᠰᠢᠨᠵᠢ ᠲᠡᠮᠳᠡᠭ ᠦᠳ ᠢᠯᠡᠷᠡᠬᠦ ᠠᠵᠤ᠃ ᠮᠥᠨ ᠰᠠᠯᠬᠢᠨ ᠳᠤ ᠠᠮᠠᠷᠬᠠᠨ ᠴᠣᠬᠢᠭᠤᠯᠬᠤ᠂ ᠶᠠᠳᠠᠷᠠᠬᠤ᠂ ᠰᠤᠯᠠᠳᠠᠬᠤ᠂ ᠴᠣᠴᠢᠷᠠᠮᠠᠲᠠᠭᠠᠢ ᠪᠣᠯᠬᠤ᠂ ᠨᠣᠶᠢᠷ ᠠᠮᠠᠷᠬᠠᠨ ᠬᠦᠷᠬᠦ᠂ ᠬᠠᠮᠠᠷ ᠠᠴᠠ ᠴᠢᠰᠤ ᠭᠣᠭᠣᠵᠢᠬᠤ᠂ ᠠᠷᠠᠰᠤᠨ ᠳᠤ ᠴᠢᠰᠤᠨ ᠲᠣᠯᠪᠣ ᠭᠠᠷᠬᠤ᠂ ᠲᠡᠮᠦᠷ ᠦᠨ ᠳᠤᠲᠠᠭᠳᠠᠯ ᠤᠨ ᠦᠶ᠎ᠡ ᠳᠦ ᠠᠮᠢᠨ ᠳᠡᠮ C ᠳᠠᠭᠠᠯᠳᠤᠨ ᠳᠠᠭᠤᠲᠠᠭᠳᠠᠵᠤ ᠪᠠᠶᠢᠳᠠᠭ ᠲᠤᠯᠠ ᠶᠠᠳᠠᠷᠠᠭ᠎ᠠ ᠡᠭᠦᠰᠬᠦ ᠨᠢᠭᠡ ᠰᠢᠯᠲᠠᠭᠠᠨ ᠪᠣᠯᠳᠠᠭ᠃ ᠴᠢᠰᠤ ᠪᠠᠭᠠᠰᠴᠤ ᠬᠠᠯᠳᠠᠪᠤᠷᠢᠲᠤ ᠥᠪᠦᠩ ᠢᠶᠡᠷ ᠡᠪᠡᠳᠴᠢᠯᠡᠮᠡᠲᠡᠭᠡᠢ ᠪᠣᠯᠤᠨ᠎ᠠ᠃ ᠠᠮᠢᠨ ᠳᠡᠮ C ᠳᠤᠲᠠᠭᠳᠠᠬᠤ ᠳᠤ ᠵᠢᠩ ᠲᠦᠷᠭᠡᠨ ᠨᠡᠮᠡᠭᠳᠡᠬᠦ᠂ ᠠᠭᠤᠷ ᠤᠴᠠᠷᠠᠲᠠᠢ ᠪᠣᠯᠬᠤ ᠬᠥᠯ ᠦᠨ ᠰᠤᠳᠠᠰᠤ ᠥᠷᠭᠡᠰᠬᠦ᠂ ᠴᠠᠭᠠᠨ ᠮᠢᠬ᠎ᠠ ᠭᠠᠷᠬᠤ᠂ ᠠᠷᠠᠰᠤ ᠬᠠᠭᠤᠷᠠᠶᠢᠰᠢᠬᠤ᠂ ᠠᠩᠬᠠᠷᠤᠯ ᠰᠠᠷᠨᠢᠬᠤ᠂ ᠨᠢᠭᠤᠷ ᠦᠷᠴᠢᠯᠡᠭᠡ ᠳᠦ ᠬᠢ᠂ ᠬᠠᠷᠠᠭ᠎ᠠ ᠮᠠᠭᠤᠳᠠᠬᠤ ᠵᠡᠷᠭᠡ ᠠᠩᠬᠠᠨ ᠤ ᠰᠢᠨᠵᠢ ᠲᠡᠮᠳᠡᠭ ᠢᠯᠡᠷᠡᠨ᠎ᠡ᠃

ᠠᠮᠢᠨ ᠳᠡᠮ C -- ᠠᠰᠻᠣᠷᠪᠢᠨ ᠦ ᠬᠦᠴᠢᠯ ᠬᠦᠮᠦᠨ ᠦ ᠪᠡᠶ᠎ᠡ ᠳᠦ ᠶᠠᠮᠠᠷ ᠠᠰᠢᠭᠲᠠᠢ ᠪᠤᠢ?

ᠠᠮᠢᠨ ᠳᠡᠮ C ᠨᠢ ᠤᠭᠤᠷᠠᠭ ᠯᠢᠫᠢᠳ ᠦᠨ ᠬᠡᠲᠦ ᠢᠰᠦᠯᠳᠦᠯᠲᠡᠢᠭ ᠰᠠᠶᠢᠵᠢᠷᠠᠭᠤᠯᠵᠤ᠂ ᠪᠡᠶ᠎ᠡ ᠮᠠᠬᠠᠪᠣᠳᠢᠳ ᠢᠰᠦᠯᠳᠦᠨ ᠠᠩᠭᠢᠵᠢᠷᠠᠬᠤ ᠤᠷᠪᠠᠯᠳᠤ ᠣᠷᠣᠯᠴᠠᠳᠠᠭ᠃ ᠡᠰ ᠦᠳ ᠢ ᠭᠡᠮᠲᠦᠯ ᠡᠴᠡ ᠬᠠᠮᠠᠭᠠᠯᠠᠳᠠᠭ᠃ ᠡᠰ ᠦᠨ ᠮᠧᠮᠪᠷᠠᠨ᠋ ᠦ ᠲᠣᠭᠲᠠᠪᠤᠷᠢᠲᠠᠢ ᠪᠠᠶᠢᠳᠠᠯ ᠢ ᠪᠡᠬᠢᠵᠢᠭᠦᠯᠬᠦ ᠳᠦ ᠨᠦᠯᠦᠭᠡᠯᠡᠬᠦ ᠪᠥᠭᠡᠳ ᠳᠠᠷᠬᠠᠯᠠᠭ᠎ᠠ ᠶᠢ ᠳᠡᠮᠵᠢᠬᠦ ᠦᠢᠯᠡᠴᠢᠯᠡᠭᠡ ᠲᠡᠢ. ᠯᠧᠢᠢᠻᠣᠽᠢᠲ ᠳᠣ ᠠᠮᠢᠨ ᠳᠡᠮ C ᠢᠯᠡᠭᠦᠦ ᠣᠴᠢᠰᠣᠨᠤᠭᠠᠰᠤ ᠹᠠᠭᠣᠼᠢᠲ᠋ ᠍ ᠦᠨ ᠡᠭᠦᠷᠭᠡ ᠶᠢ ᠳᠡᠮᠵᠢᠳᠡᠭ᠃ ᠨᠢᠩ ᠣᠢᠷᠦ᠋ᠰᠲ ᠶᠢᠨ ᠡᠰᠡᠷᠭᠦ ᠳᠠᠮ ᠦᠢᠯᠡᠴᠢᠯᠡᠳᠡᠭ ᠤᠴᠢᠷ ᠠᠴᠠ ᠲᠣᠮᠣᠭᠣ ᠬᠠᠯᠳᠠᠪᠤᠷᠢᠲᠤ ᠡᠪᠡᠳᠴᠢᠨ ᠨᠦᠭᠦᠳ ᠦᠨ ᠦᠶ᠎ᠡ ᠳᠦ ᠠᠮᠢᠨ ᠳᠡᠮ C ᠴᠢᠰᠤᠨ ᠳᠤ ᠪᠠᠭᠠᠰᠳᠠᠭ᠃ ᠡᠯᠢᠭᠡᠨ ᠳᠦ ᠶᠠᠪᠤᠭᠳᠠᠬᠤ ᠬᠣᠣᠷᠭᠦᠶᠢᠵᠢᠭᠦᠯᠬᠦ ᠦᠢᠯᠡ ᠠᠵᠢᠯᠯᠠᠭ᠎ᠠ ᠶᠢ ᠳᠡᠮᠵᠢᠵᠦ ᠬᠣᠣᠷᠳᠠᠯᠭ᠎ᠠ ᠶᠢᠨ ᠡᠰᠡᠷᠭᠦ ᠨᠥᠯᠥᠭᠡ ᠦᠵᠡᠭᠦᠯᠳᠡᠭ᠃ ᠪᠥᠭᠡᠷᠡᠨ ᠦ ᠳᠡᠭᠡᠳᠦ ᠪᠤᠯᠴᠢᠷᠬᠠᠢ ᠶᠢᠨ ᠳᠠᠭᠠᠪᠤᠷ ᠤᠨ ᠨᠡᠢᠯᠡᠯᠭᠡᠭᠰᠢᠯᠢᠳᠦ ᠢᠳᠡᠪᠬᠢ ᠲᠡᠢ ᠨᠥᠯᠦᠭᠡᠯᠡᠵᠦ᠂ ᠪᠡᠶ᠎ᠡ ᠮᠠᠬᠠᠪᠣᠳ ᠤᠨ ᠳᠠᠰᠤᠨ ᠵᠣᠬᠢᠴᠠᠯ ᠢ ᠢᠳᠡᠪᠬᠢᠵᠢᠭᠦᠯᠳᠡᠭ᠃ ᠰᠤᠳᠠᠰᠤᠨ ᠤ ᠬᠠᠨᠠᠨ ᠤ ᠨᠡᠪᠴᠢᠮᠡᠬᠡᠢ ᠴᠢᠨᠠᠷ ᠬᠡᠪ ᠦᠨ ᠪᠠᠶᠢᠬᠤ ᠳᠤ ᠨᠥᠯᠦᠭᠡᠯᠡᠨ᠎ᠡ᠃ ᠰᠠᠯᠢᠰᠤᠯᠢᠭ ᠪᠦᠷᠬᠦᠭᠦᠯ ᠳᠦ ᠬᠣᠣᠷᠠᠲᠠᠢ ᠨᠢᠩ ᠦᠷᠡᠵᠢᠬᠦ ᠶᠢ ᠵᠣᠭᠰᠣᠬᠤ ᠬᠦᠴᠦᠨ ᠵᠦᠢᠯ ᠦᠨ ᠲᠣᠭ᠎ᠠ ᠶᠢ 10 ᠳᠠᠬᠢᠨ ᠨᠡᠮᠡᠭᠳᠡᠭᠦᠯᠦᠨ᠎ᠡ. ᠠᠰᠻᠣᠷᠪᠢᠨ ᠦ ᠬᠦᠴᠢᠯᠠᠭᠦᠢᠭᠡᠷ ᠡᠰᠡ ᠡᠳ᠋ ᠍ ᠦᠨ ᠳᠣᠲᠣᠷ᠎ᠠ ᠢᠰᠦᠯᠳᠦᠭᠦᠯᠦᠨ ᠰᠡᠷᠭᠦᠭᠡᠬᠦ ᠦᠢᠯᠡ ᠶᠠᠪᠤᠴᠠ ᠶᠠᠪᠤᠭᠳᠠᠵᠤ ᠴᠢᠳᠠᠬᠤ ᠦᠭᠡᠢ᠃ ᠡᠨᠡ ᠦᠢᠯᠡ ᠶᠠᠪᠤᠴᠠ ᠬᠡᠳᠦᠢ ᠴᠢᠨᠡᠭᠡᠨ ᠡᠷᠴᠢᠮᠲᠡᠢ ᠶᠠᠪᠤᠭᠳᠠᠨ᠎ᠠ ᠡᠨᠡ ᠠᠮᠢᠨ ᠳᠡᠮ ᠲᠡᠳᠦᠢ ᠴᠢᠨᠡᠭᠡ ᠶᠡᠬᠡ ᠵᠠᠷᠤᠴᠠᠭᠤᠯᠤᠭᠳᠠᠨ᠎ᠠ᠃ ᠮᠥᠨ ᠰᠡᠳᠬᠢᠯ ᠰᠠᠨᠠᠭ᠎ᠠ ᠶᠢ ᠲᠣᠭᠲᠠᠪᠤᠷᠢᠲᠠᠢ ᠪᠠᠶᠢᠯᠭᠠᠨ᠎ᠠ᠃ ᠪᠦᠬᠦ ᠲᠥᠷᠥᠯ ᠦᠨ ᠡᠪᠡᠳᠴᠢᠨ ᠦ ᠵᠠᠨᠤᠯᠲᠤ ᠳᠠᠶᠢᠰᠤᠨ ᠬᠥᠯᠡᠨ ᠦ ᠰᠤᠳᠠᠰᠤᠨ ᠤ ᠥᠷᠭᠡᠰᠦᠯᠲᠡ᠂ ᠨᠢᠭᠤᠷᠨ ᠦ ᠦᠷᠴᠢᠯᠡᠭᠡᠰᠦ ᠪᠡᠶ᠎ᠡ ᠶᠢᠨ ᠬᠠᠪᠤᠩ ᠢ ᠠᠷᠢᠯᠭᠠᠬᠤ ᠳᠤ ᠲᠤᠰᠠᠯᠠᠨ᠎ᠠ᠃ ᠴᠤᠬᠤᠮ ᠳᠠᠭᠠᠨ ᠠᠮᠢᠨ ᠳᠡᠮ C ᠍ ᠦᠨ ᠬᠡᠷᠡᠭᠴᠡᠭᠡ ᠶᠢ ᠪᠦᠷᠢᠨ ᠬᠠᠩᠭᠠᠵᠤ ᠴᠢᠳᠠᠪᠠᠯ ᠨᠢᠳᠦ ᠴᠡᠶᠢᠬᠦ ᠡᠪᠡᠳᠴᠢᠨ ᠦ ᠡᠷᠦᠰᠳᠡᠯ ᠢ ᠪᠠᠭᠠᠰᠬᠠᠨ᠎ᠠ᠃ ᠲᠡᠮᠦᠷ ᠦᠨ ᠰᠢᠩᠭᠡᠴᠡ ᠶᠢ 3-4 ᠳᠠᠬᠢᠨ ᠨᠡᠮᠡᠭᠳᠡᠭᠦᠯᠦᠨ᠎ᠡ᠃ ᠠᠮᠢᠨ ᠳᠡᠮ C ᠰᠡᠯᠢᠨ᠂ ᠠᠮᠢᠨ ᠳᠡᠮ ᠡ –ᠡᠶᠢᠨ ᠦᠯᠦ ᠢᠰᠦᠯᠳᠦᠭᠴᠢ ᠴᠢᠨᠠᠷ ᠢ ᠨᠡᠮᠡᠭᠳᠡᠭᠦᠯᠵᠦ᠂ ᠠᠮᠢᠨ ᠳᠡᠮ ᠡ ᠦᠨ ᠢᠰᠦᠯᠳᠦᠭᠰᠡᠨ ᠬᠡᠯᠪᠡᠷᠢ ᠡᠴᠡ ᠨᠢ ᠪᠣᠭᠣᠨᠢ ᠬᠤᠭᠤᠴᠠᠭᠠᠨ ᠳᠤ ᠴᠢᠯᠦᠭᠡᠯᠡᠭᠳᠡᠳᠡᠭ᠃ ᠠᠮᠢᠨ ᠳᠡᠮ C –ᠭᠢ ᠶᠢᠨ ᠬᠣᠨᠣᠭ ᠤᠨ ᠬᠡᠷᠡᠭᠯᠡᠬᠦ ᠲᠤᠩ ᠨᠢ 1 ᠺᠢᠯᠣᠭᠷᠠᠮ ᠵᠢᠩ ᠳᠦ 7.5 ᠮᠢᠯᠯᠢᠭᠷᠠᠮ ᠨᠣᠭᠳᠠᠬᠣᠷ ᠪᠤᠶᠤ ᠬᠦᠮᠦᠨ ᠬᠣᠨᠣᠭ ᠲᠤ 1000 ᠮᠢᠯᠯᠢᠭᠷᠠᠮ ᠬᠡᠷᠡᠭᠴᠡᠭᠡ ᠲᠡᠢ᠃ ᠨᠢᠷᠠᠢ ᠬᠡᠦᠬᠡᠳ ᠲᠦ 40-50 ᠮᠢᠯᠯᠢᠭᠷᠠᠮ᠂ ᠪᠠᠭ᠎ᠠ ᠨᠠᠰᠤᠨ ᠤ ᠬᠡᠦᠬᠡᠳ ᠲᠦ 75 ᠮᠢᠯᠯᠢᠭᠷᠠᠮ ᠥᠭᠬᠦ ᠱᠠᠭᠠᠷᠳᠠᠯᠭ᠎ᠠ ᠲᠠᠢ᠃

ᠠᠮᠢᠨ ᠳᠡᠮ C ᠳᠠᠷᠠᠭᠠᠬᠢ ᠬᠦᠨᠡᠰᠦᠨ ᠳᠦ ᠠᠭᠤᠯᠤᠭᠳᠠᠳᠠᠭ

100 ᠭᠷᠦᠶᠢᠫ ᠬᠠᠲᠠᠰᠤᠨ ᠨᠣᠬᠠᠢ ᠶᠢᠨ ᠬᠣᠰᠢᠭᠤᠮᠳᠠ 1200 ᠮᠢᠯᠯᠢᠭᠷᠠᠮ᠂ ᠺᠢᠣᠢᠨᠳᠢ 26.7%᠂ ᠦᠬᠡᠷ ᠦᠨ ᠨᠢᠳᠦᠨ ᠳᠦ 150 ᠮᠢᠯᠯᠢᠭᠷᠠᠮ᠂ ᠶᠠᠨᠰᠤᠶᠢᠢ ᠶᠢᠨ ᠳᠤ 100 ᠮᠢᠯᠯᠢᠭᠷᠠᠮ᠂ ᠪᠠᠰᠠ ᠪᠠᠶᠢᠴᠠᠭ᠎ᠠ᠂ ᠨᠣᠭᠣᠭ᠎ᠠ ᠸᠠᠨᠳᠧᠦ᠂ ᠮᠠᠯ ᠤᠨ ᠡᠯᠢᠭᠡ᠂ ᠮᠠᠨᠳᠠᠷᠠᠨ᠂ ᠬᠦᠷᠡᠩ ᠮᠠᠨᠵᠢᠨ᠂ ᠲᠡᠮᠦᠷ ᠢᠶᠡᠷ ᠪᠠᠶᠠᠯᠢᠭ ᠮᠢᠬ᠎ᠠ᠂ ᠬᠢᠮ᠎ᠠ᠂ ᠥᠨᠳᠡᠭᠡᠨ ᠦ ᠰᠢᠷ᠎ᠠ᠂ ᠨᠣᠭᠣᠭᠠᠨ ᠰᠣᠩᠭᠢᠨ᠎ᠠ᠂ ᠬᠤᠢᠴᠠᠭ᠎ᠠ ᠴᠢᠨᠵᠦᠦ᠂ ᠰᠢᠷ᠎ᠠ ᠯᠤᠤᠪᠠᠩ᠂ ᠤᠯᠠᠭᠠᠨ ᠯᠣᠣᠯᠢ᠂ ᠬᠦᠮᠦᠦᠯᠢ᠂ ᠲᠠᠭᠠᠨ᠎ᠠ᠂ ᠱᠣᠰᠢ᠂ ᠬᠠᠳᠠ ᠤᠯᠠᠭᠠᠨ ᠫᠡᠷᠼ᠂ ᠭᠣᠨᠢᠳ᠂ ᠨᠠᠷᠠᠰᠤᠨ ᠤ ᠰᠢᠭᠦᠰᠦ᠂ ᠰᠠᠷᠮᠢᠰ᠂ ᠲᠥᠮᠥᠰᠥ᠂ ᠴᠢᠴᠠᠷᠭᠠᠨ᠎ᠠ᠂ ᠵᠦᠷᠵᠢ᠂ ᠨᠢᠮᠪᠡᠭᠡ ᠳᠦ ᠶᠡᠬᠡ ᠪᠤᠢ᠃

C ᠠᠮᠢᠨ ᠳᠡᠮ ᠦᠨ ᠠᠲᠠᠭᠠᠳᠤ ᠳᠠᠶᠢᠰᠤᠨ ᠨᠤᠭᠤᠳ

- ᠨᠢᠭᠡ ᠴᠠᠭ ᠪᠤᠬᠢᠨᠢᠳᠤᠬᠤ ᠳᠤ ᠠᠮᠢᠨ ᠳᠡᠮ C –ᠭᠢ ᠶᠢᠨ ᠬᠣᠨᠣᠭ ᠤᠨ ᠨᠣᠷᠮ᠎ᠠ ᠬᠡᠮᠵᠢᠶ᠎ᠡ ᠨᠢ ᠤᠰᠠᠳᠳᠠᠭ᠃ - ᠨᠢᠭᠡ ᠰᠢᠷᠬᠡᠭ ᠶᠠᠩᠵᠤᠤᠷ ᠲᠠᠲᠠᠬᠤ ᠳᠤ ᠪᠡᠶ᠎ᠡ ᠶᠢᠨ ᠡᠳ᠋ ᠡᠰ ᠦᠨ 10 ᠮᠢᠯᠯᠢᠭᠷᠠᠮ ᠸᠢᠲ᠋ᠠᠮᠢᠨ᠋ C ᠤᠰᠠᠳᠳᠠᠭ᠃ - ᠰᠤᠭᠳᠤᠭᠤᠷᠠᠭᠤᠯᠬᠤ ᠤᠮᠳᠠᠭ᠎ᠠ ᠢᠯᠡᠭᠦᠦ ᠳᠠᠶᠢᠰᠤᠩᠨᠠᠳᠠᠭ᠃

C ᠠᠮᠢᠨ ᠳᠡᠮ ᠦᠨ ᠬᠡᠷᠡᠭᠯᠡᠬᠦ ᠵᠢᠭᠠᠯᠲᠠ

- ᠴᠢᠭᠢᠭ ᠪᠠᠮ᠂ ᠬᠢᠫᠣ᠊ᠸᠢᠲ᠋ᠠᠮᠢᠨ᠋ᠣᠼ - ᠴᠢᠰᠤᠷᠬᠠᠭ ᠳ᠋ᠢᠶᠠᠲ᠋ᠧᠽ - ᠬᠣᠣᠷᠳᠠᠯᠭ᠎ᠠ - ᠬᠠᠯᠳᠠᠪᠤᠷᠢᠲᠤ ᠡᠪᠡᠳᠴᠢᠨ - ᠡᠯᠢᠭᠡᠨ ᠦ ᠡᠪᠡᠳᠴᠢᠨ ᠤᠳᠠᠭᠠᠨ ᠡᠳᠡᠭᠡᠷᠡᠯᠲᠡ ᠲᠡᠢ ᠰᠢᠷᠬ᠎ᠠ ᠵᠡᠷᠭᠡ ᠳᠦ ᠠᠮᠢᠨ ᠳᠡᠮ ᠢ ᠬᠡᠷᠡᠭᠯᠡᠵᠦ ᠢᠯᠠᠷᠰᠢᠯ ᠶᠢ ᠲᠦᠷᠭᠡᠰᠬᠡᠵᠦ ᠪᠣᠯᠤᠨ᠎ᠠ᠃ ᠪᠡᠯᠡᠳᠦᠮᠡᠯ ᠢ 0.05᠂ 0.1 ᠦᠷᠢᠯ᠄ 5%᠂ 10% ᠍ ᠦᠨ 1 ᠮᠢᠯᠯᠢᠯᠢᠲ᠋ᠷ – ᠍ ᠶᠢᠨ ᠠᠮᠫᠤᠯᠠᠲᠠᠢ ᠭᠠᠷᠭᠠᠵᠤ ᠤᠤᠭᠤᠬᠤ ᠪᠣᠯᠤᠨ ᠪᠤᠯᠴᠢᠩ ᠰᠤᠳᠤᠰᠠᠨᠳᠤ ᠲᠠᠷᠢᠵᠤ ᠬᠡᠷᠡᠭᠯᠡᠨ᠎ᠡ᠃ ᠶᠡᠬᠡ ᠲᠤᠩ ᠢᠶᠠᠷ ᠪᠣᠯᠤᠨ ᠤᠳᠠᠭᠠᠨ ᠬᠡᠷᠡᠭᠯᠡᠭᠰᠡᠨ ᠡᠴᠡ ᠨᠣᠶᠢᠷ ᠪᠤᠯᠴᠢᠷᠬᠠᠢ ᠶᠢᠨ ᠯᠠᠨᠭᠡᠷᠨᠨᠰᠤ ᠶᠢᠨ ᠠᠫᠫᠠᠷᠠᠲ ᠭᠡᠮ ᠳᠦ ᠬᠢ ᠮᠠᠭᠠᠳᠯᠠᠯ ᠲᠠᠢ᠃ ᠪᠥᠭᠡᠷᠡᠨ ᠳᠦ ᠮᠠᠭᠤ ᠪᠠᠷ ᠨᠥᠯᠦᠭᠡᠯᠡᠵᠦ ᠪᠣᠯᠵᠣᠰᠢ ᠦᠭᠡᠢ᠃ ᠸᠢᠲ᠋ᠠᠮᠢᠨ᠋ ᠍ ᠊ᠢ ᠪᠦᠷᠢᠨ ᠰᠤᠳᠤᠯᠤᠭᠳᠠᠭᠰᠠᠨ ᠭᠡᠵᠦ ᠦᠵᠡᠬᠦ ᠶᠢᠨ ᠠᠷᠭ᠎ᠠ ᠦᠭᠡᠢ. ᠸᠢᠲ᠋ᠠᠮᠢᠨ᠋ ᠪᠦᠬᠦᠨ ᠠᠳᠠᠯᠢᠬᠠᠨ ᠡᠭᠦᠷᠭᠡ ᠠᠴᠢ ᠬᠣᠯᠪᠣᠭᠳᠠᠯ ᠲᠠᠢ ᠪᠢᠰᠢ᠃ ᠡᠴᠦᠰᠯᠡᠨ ᠳ᠋ᠦᠩᠨᠡᠬᠦ ᠳᠦ ᠠᠮᠢᠨ ᠳᠡᠮ ᠦᠳ ᠳᠣᠲᠣᠷ᠎ᠠ ᠠᠴᠠ ᠪᠡᠶ᠎ᠡ ᠮᠠᠬᠠᠪᠣᠳᠢᠳ ᠭᠦᠢᠴᠡᠳᠭᠡᠬᠦ ᠡᠭᠦᠷᠭᠡ ᠪᠡᠷ ᠢᠶᠡᠨ ᠠᠰᠤᠷᠤ ᠶᠡᠬᠡ ᠨᠢ ᠠᠰᠻᠣᠷᠪᠢᠨ ᠦ ᠬᠦᠴᠢᠯ ᠶᠤᠮ᠃ ᠡᠨᠡ ᠨᠢ ᠶᠡᠬᠡᠩᠬᠢ ᠠᠮᠢᠲᠠᠨ ᠤ ᠪᠡᠶ᠎ᠡ ᠳᠦ ᠡᠭᠦᠰᠳᠡᠭ ᠪᠣᠯᠪᠠᠴᠤ ᠬᠦᠮᠦᠨ ᠬᠣᠭᠣᠯᠠ ᠬᠦᠨᠡᠰᠦ ᠪᠡᠷ ᠢᠶᠡᠨ ᠢᠮᠠᠭᠲᠠ ᠠᠪᠴᠤ ᠪᠠᠶᠢᠬᠤ ᠶᠣᠰᠣᠲᠠᠢ᠃ ᠪᠦᠲᠦᠴᠡ ᠨᠢ ᠡᠩ ᠦᠨ ᠬᠡᠷᠢᠨ᠎ᠡ ᠪᠡᠶ᠎ᠡ ᠮᠠᠬᠠᠪᠣᠳ ᠤᠨ ᠰᠣᠯᠢᠯᠴᠠᠭᠠᠨ ᠳᠤ ᠪᠢᠣᠬᠢᠮᠢᠢᠨ ᠭᠦᠢᠴᠡᠳᠭᠡᠬᠦ ᠡᠭᠦᠷᠭᠡ ᠥᠨᠳᠥᠷ ᠲᠡᠢ ᠠᠮᠢᠨ ᠳᠡᠮ᠃

ᠡᠬᠢ ᠰᠤᠷᠪᠤᠯᠵᠢ

ᠡᠷᠡᠭᠦᠯ ᠮᠡᠨᠳᠦ ᠶᠢᠨ ᠦᠨᠳᠦᠰᠦᠨ ᠦ ᠫᠣᠷᠲ᠋ᠠᠯ