ᠮᠢᠩᠭᠠᠲᠤ ᠪᠠᠭ ᠊ᠠ᠋ ᠭᠠᠷᠠᠭ

22:06, 26 Арванхоёрдугаар сар 2020-ий байдлаарх Ogtarguy (яриа | оруулсан хувь нэмэр) хэрэглэгчийн хийсэн залруулга

ᠪᠠᠭ ‍ᠠ᠋ ᠭᠠᠷᠠᠭ ᠮᠢᠩᠭᠠᠲᠤ


ᠴᠡᠩᠬᠡᠷ ᠪᠠ ᠰᠢᠷ ‍ᠠ᠋ ᠬᠣᠶᠠᠷ ᠥᠩᠭᠡ ᠪᠡᠷ ᠵᠢᠷᠤᠭᠰᠠᠨ ᠨᠢ 28242ᠮᠢᠩᠭᠠᠨᠲᠤ ᠪᠠᠭ᠎ ‍ᠠ᠋ ᠭᠠᠷᠠᠭ ‍ᠤᠨ ᠲᠣᠭᠣᠷᠢᠭ ᠵᠠᠮ᠃
ᠦᠷᠭᠦᠯᠵᠢ ᠤᠯᠠᠭᠠᠨ ᠵᠢᠷᠤᠭᠠᠰᠤ ᠨᠢ ᠠᠩᠭᠠᠷᠠᠭ ᠭᠠᠷᠠᠭ ‍ᠤᠨ ᠲᠣᠭᠣᠷᠢᠭ ᠵᠠᠮ᠃
ᠦᠷᠭᠦᠯᠵᠢ ᠶᠠᠭᠠᠨ ᠵᠢᠷᠤᠭᠠᠰᠤ ᠨᠢ ᠪᠠᠷᠬᠠᠰᠪᠠᠳᠢ ᠭᠠᠷᠠᠭ ‍ᠤᠨ ᠲᠣᠭᠣᠷᠢᠭ ᠵᠠᠮ᠃


ᠲᠣᠭᠲᠠᠭᠰᠠᠨ ᠨᠡᠷ ‍ᠡ᠋ ᠨᠢ 28242 Mingantu (28242 ᠮᠢᠩᠭᠠᠨᠲᠤ)᠃

ᠲᠦᠷ ᠨᠡᠷ ‍ᠡ᠋ ᠨᠢ 1999 AT22

ᠨᠡᠭᠡᠭᠡᠭᠰᠡᠨ ᠣᠩᠨᠠᠭ᠎ ‍ᠠ᠋ 1999 ᠣᠨ ‍ᠤ 01 ᠰᠠᠷ ‍ᠠ᠋ ‍ᠢᠢᠨ 06[1]

ᠨᠡᠭᠡᠭᠡᠭᠰᠡᠨ ᠪᠠᠢᠢᠷᠢᠰᠢᠯ ᠱᠢᠩᠯᠤᠩ (ᠬᠢᠲᠠᠳ ‍ᠤᠨ ᠾᠧᠪᠧᠢ ᠮᠤᠵᠢ)᠃

ᠨᠡᠭᠡᠭᠡᠭᠰᠡᠨ ᠪᠠᠢᠢᠭᠤᠯᠤᠯᠭ᠎ ‍ᠠ᠋ SCAP᠃

ᠭᠣᠣᠯᠴᠢ 3.6 ᠻᠢᠯᠣᠮᠧᠲ᠋ᠧᠷ᠃

ᠨᠠᠷᠠ ‍᠋ᠢ 3.82 ᠵᠢᠯ ᠳ᠋ᠦ ᠨᠢᠭᠡ ᠪᠦᠲᠦᠨ ᠲᠣᠭᠣᠷᠢᠳᠠᠭ᠃


ᠣᠯᠠᠨ ᠤᠯᠤᠰ ‍ᠤᠨ ᠣᠳᠤᠨ ᠣᠷᠤᠨ ‍ᠤ ᠬᠣᠯᠪᠤᠭ᠎ ‍ᠠ᠋ (IAU) ᠶᠡᠬᠡ ᠡᠷᠳᠡᠮᠲᠡᠨ᠂ ᠮᠠᠲ᠋ᠧᠮᠠᠠᠲ᠋ᠢᠻᠴᠢ᠂ ᠣᠳᠤᠨ ᠣᠷᠤᠨᠴᠢ ᠰᠢᠷᠠᠢᠢᠳ ‍ᠤᠨ ᠮᠢᠩᠭᠠᠲᠤ (1692-1765) ‍ᠢᠢᠨ ᠮᠡᠨᠳᠦᠯᠡᠭᠰᠡᠨ ‍ᠦ 110 ᠵᠢᠯ ‍ᠦᠨ ᠣᠢ ‍ᠢᠢ ᠲᠣᠬᠢᠶᠠᠯᠳᠠᠭᠤᠯᠤᠨ ᠡᠨᠡ ᠬᠦ ᠪᠠᠭ ‍ᠠ᠋ ᠭᠠᠷᠠᠭ (ᠠᠰᠲ᠋ᠧᠷᠣᠢᠢᠳ᠋asteroid) ‍ᠢ ᠲᠡᠭᠦᠨ ‍ᠦ ᠨᠡᠷ ‍ᠡ᠋ ᠪᠡᠷ ᠨᠡᠷᠡᠯᠡᠬᠦ ᠰᠠᠨᠠᠯ ‍ᠢ ᠪᠠᠲᠤᠯᠠᠵᠡᠢ᠃

ᠴᠢᠩᠭᠢᠬᠦ ᠳ᠋ᠦ ᠪᠡᠨ ᠮᠢᠩᠭᠠᠲᠤ ᠭᠡᠬᠦ ᠦᠭᠡᠢ ᠮᠢᠩᠭᠠᠨᠲᠤ ᠭᠡᠵᠦ ᠨᠡᠷᠡᠯᠡᠭᠰᠡᠨ ᠪᠠᠢᠢᠳᠠᠭ᠃

ᠡᠨᠡ ᠤᠴᠠᠷᠠᠯ ‍ᠢᠢᠠᠷ ᠶᠡᠬᠡ ᠮᠣᠩᠭᠤᠯ ᠡᠷᠳᠡᠮᠲᠡᠨ ‍ᠦ ᠲᠥᠷᠦᠭᠰᠡᠨ ᠨᠤᠲᠤᠭ ᠰᠢᠯᠢ ‍ᠢᠢᠨ ᠭᠣᠣᠯ ᠠᠢᠢᠮᠠᠭ ‍ᠤᠨ ᠰᠢᠯᠤᠭᠤᠨ ᠴᠠᠭᠠᠨ ᠬᠣᠰᠢᠭᠤᠨ ᠊ᠠ᠋ 2002 ᠣ‍ᠨ ‍ᠤ 8 ᠳ᠋ᠤᠭᠠᠷ ᠰᠠᠷ ‍ᠠ᠋ ᠳ᠋ᠤ ᠶᠣᠰᠤᠯᠠᠯ ᠦᠢᠯᠡᠳᠵᠡᠢ᠃

ᠶᠣᠰᠤᠯᠠᠯ ‍ᠤᠨ ᠠᠷᠭ᠎ ‍ᠠ᠋ ᠬᠡᠮᠵᠢᠶᠡᠨ ᠳ᠋ᠦ 500 ᠲᠥᠯᠦᠭᠡᠯᠡᠭᠴᠢ᠂ ᠣᠷᠤᠨ ᠨᠤᠲᠤᠭ ‍ᠦᠨ 20 ᠮᠢᠩᠭᠠᠨ ᠰᠠᠠᠭᠤᠭᠴᠢ ᠬᠦᠷᠦᠯᠴᠡᠨ ᠢᠷᠡᠭᠰᠡᠨ ᠢᠷᠡᠵᠦ᠂ ᠪᠠᠶᠠᠷᠲᠤ ᠦᠢᠯᠡ ᠶᠠᠪᠤᠳᠠᠯ ‍ᠢ ᠲᠡᠮᠳᠡᠭᠯᠡᠭᠰᠡᠨ ᠪᠠᠢᠢᠨ᠎ ‍ᠠ᠋᠃

ᠡᠨᠡ ᠦᠶ ‍ᠡ᠋ ᠪᠡᠷ "ᠰᠢᠨᠵᠢᠯᠡᠬᠦ ᠤᠬᠠᠭᠠᠨ ᠳ᠋ᠤ ᠮᠢᠩᠭᠠᠲᠤ ‍ᠢᠢᠨ ᠣᠷᠤᠭᠤᠯᠤᠭᠰᠠᠨ ᠬᠤᠪᠢ ᠨᠡᠮᠡᠷᠢ" ᠰᠡᠳᠦᠪ ᠲᠦ ᠪᠠᠭ᠎ ‍ᠠ᠋ ᠬᠤᠷᠠᠯ ᠪᠣᠯᠵᠡᠢ᠃

ᠲᠡᠭᠦᠨᠴᠢᠯᠡᠨ ᠶᠡᠬᠡ ᠡᠷᠳᠡᠮᠲᠡᠨ ᠮᠢᠩᠭᠠᠲᠤ ‍ᠢᠢᠨ ᠲᠥᠷᠦᠯᠬᠢ ᠮᠢᠩ ᠬᠣᠲᠠ ‍ᠢᠢ ᠮᠢᠩᠭᠠᠨᠲᠤ ᠬᠣᠲᠠ ᠬᠡᠮᠡᠨ ᠨᠡᠷᠡᠢᠢᠳᠦᠭᠰᠡᠨ ᠪᠠᠢᠢᠨ ‍ᠠ᠋᠃[2]

ᠨᠡᠷ ‍ᠡ᠋ ᠲᠣᠮᠢᠶᠠᠯᠠᠯ

ᠪᠠᠭ᠎ ‍ᠠ᠋ ᠭᠠᠷᠠᠭ - asteroid - астероид

ᠲᠣᠭᠣᠷᠢᠭ ᠵᠠᠮ - orbit - орбита

ᠭᠠᠷᠠᠭ - planet - планета

ᠠᠩᠭᠠᠷᠠᠭ - Mars - Марс

ᠪᠠᠷᠬᠠᠰᠪᠠᠳᠢ - Jupiter - Юпитер

ᠡᠬᠢ ᠰᠤᠷᠪᠤᠯᠵᠢ

  1. https://ssd.jpl.nasa.gov/sbdb.cgi?sstr=28242#content Jet Propulsion Laboratory. California Institute of Technology. JPL Small Body Database Browser. 28242 Mingantu (1999 AT22). ᠬᠠᠨᠳᠤᠭᠰᠠᠨ 2020/12/26
  2. https://azarovskiy.livejournal.com/659196.html Live Journal. Виктор Балдоржиев. Пока мы живы. Остановимся во времени. Неужели он хори-бурят? 2020/09/24. ᠬᠠᠨᠳᠤᠭᠰᠠᠨ 2020/12/26