ᠤᠷᠪᠠᠯ ᠤᠨ ᠬᠤᠷᠳᠤ
ᠤᠷᠪᠠᠯ ᠤᠨ ᠬᠤᠷᠳᠤ Засварлах
ᠬᠢᠮᠢ ᠢᠢᠨ ᠡᠬᠡ ᠪᠣᠳᠠᠰ ᠨᠢ ᠪᠤᠲᠤᠭᠡᠭᠳᠡᠬᠦᠨ ᠪᠣᠳᠠᠰ ᠤᠷᠤᠭᠤ ᠬᠢᠷᠢ ᠬᠤᠷᠳᠤᠨ ᠬᠤᠪᠢᠷᠠᠵᠤ ᠣᠷᠪᠠᠯ ᠳᠤ ᠣᠷᠤᠵᠤ ᠪᠠᠶᠢᠭ᠎ᠠ ᠢᠢ ᠣᠷᠪᠠᠯ ᠤᠨ ᠬᠤᠷᠳᠤ ᠬᠡᠮᠡᠳᠡᠭ᠃ ᠦᠯᠢᠭᠡᠷᠯᠡᠪᠡᠰᠦ᠄ ᠳᠡᠯᠡᠬᠡᠢ ᠢᠢᠨ ᠠᠭᠠᠷ ᠮᠠᠨᠳᠣᠯ ᠣᠨ ᠳᠣᠣᠷ᠎ᠠ ᠲᠡᠮᠦᠷ ᠢᠰᠴᠦ ᠵᠢᠪᠡᠷᠡᠬᠦ ᠨᠢ ᠤᠳᠠᠭᠠᠨ ᠪᠣᠯᠪᠠᠴᠤ ᠭᠠᠯ ᠳᠡᠭᠡᠷ᠎ᠡ ᠡᠰᠯᠢᠭ ᠰᠢᠲᠠᠭᠠᠬᠤ ᠨᠢ ᠬᠡᠳᠦᠨ ᠬᠣᠷᠣᠮ ᠳᠤ ᠶᠠᠪᠣᠭᠳᠠᠬᠤ ᠤᠷᠪᠠᠯ ᠶᠣᠮ᠃ ᠬᠦᠳᠡᠯᠭᠡᠭᠡᠨ ᠵᠦᠢ (ᠻᠢᠨᠧᠲ᠋ᠢᠻ) ᠨᠢ ᠬᠢᠮᠢ ᠢᠢᠨ ᠤᠷᠪᠠᠯ ᠬᠤᠷᠳᠤ ᠢᠢ ᠰᠤᠳᠤᠯᠳᠠᠭ ᠹᠢᠼᠢᠻ ᠬᠢᠮᠢ ᠢᠢᠨ ᠨᠢᠭᠡᠨ ᠰᠠᠯᠪᠤᠷᠢ ᠰᠤᠳᠤᠯᠠᠯ ᠶᠣᠮ᠃ ᠬᠢᠮᠢ ᠢᠢᠨ ᠬᠦᠳᠡᠯᠭᠡᠭᠡᠨ ᠵᠦᠢ ᠢᠢᠨ ᠣᠶᠢᠯᠭᠠᠯᠲᠠ ᠢᠢ ᠣᠯᠠᠨ ᠲᠦᠷᠦᠯ ᠦᠨ ᠰᠢᠨᠵᠢᠯᠡᠬᠦ ᠤᠬᠠᠭᠠᠨ ᠤ ᠰᠤᠳᠤᠯᠠᠯ ᠳᠤ ᠠᠰᠢᠭᠯᠠᠳᠠᠭ᠃ ᠲᠤᠬᠠᠢᠯᠠᠪᠠᠰᠤ᠄ ᠬᠢᠮᠢ ᠢᠢᠨ ᠢᠨ᠋ᠽᠢᠨᠧᠷᠴᠢᠯᠡᠯ᠂ ᠢᠰᠭᠡᠭᠦᠷ ᠰᠤᠳᠤᠯᠠᠯ ᠪᠠ ᠬᠦᠷᠢᠶᠡᠯᠡᠩ ᠪᠤᠢ ᠣᠷᠴᠢᠨ ᠤ ᠬᠢᠮᠢ ᠭᠡᠬᠦ ᠮᠡᠲᠦ᠃
ᠶᠣᠰᠤᠳᠤ ᠲᠣᠮᠢᠶᠠᠯᠠᠯ Засварлах
ᠳᠠᠷᠠᠭᠠᠬᠢ ᠬᠢᠮᠢ ᠢᠢᠨ ᠤᠷᠪᠠᠯ ᠶᠠᠪᠤᠭᠳᠠᠭᠰᠠᠨ ᠭᠡᠵᠦ ᠦᠵᠡᠶ᠎ᠡ᠄
aA+bB->cC+dD
(ᠵᠢᠵᠢᠭ ᠦᠰᠦᠭ(a,b,c,d) ᠢᠢᠡᠷ ᠰᠲ᠋ᠣᠢᠾᠣᠮᠧᠲ᠋ᠧᠷ ᠤᠨ ᠢᠯᠡᠳᠭᠡᠮᠵᠢ᠂ ᠲᠣᠮᠤ ᠦᠰᠦᠭ ᠢᠢᠡᠷ (A,B) ᠤᠷᠪᠠᠯ ᠤᠨ ᠡᠬᠡ ᠪᠣᠳᠠᠰ ᠂ ᠲᠣᠮᠤ ᠦᠰᠦᠭ ᠢᠢᠡᠷ (C,D) ᠪᠦᠲᠦᠭᠡᠭᠳᠡᠬᠦᠨ ᠪᠣᠳᠠᠰ ᠢ ᠦᠵᠡᠭᠦᠯᠪᠡ᠃ )
〔〔ᠣᠯᠠᠨ ᠤᠯᠤᠰ ᠤᠨ ᠴᠡᠪᠡᠷ ᠪᠠ ᠬᠡᠷᠡᠭᠯᠡᠭᠡᠨ ᠦ ᠬᠢᠮᠢ ᠢᠢᠨ ᠬᠣᠯᠪᠤᠭ᠎ᠠ〕〕 ᠢᠢᠨ ᠠᠯᠲᠠᠨ ᠨᠣᠮ ᠳᠤ ᠳᠤᠷᠠᠳᠤᠭᠰᠠᠨ ᠢᠢᠠᠷ ᠂〔〔ᠲᠣᠭᠲᠠᠮᠠᠯ ᠡᠵᠡᠯᠡᠬᠦᠨ ᠲᠠᠢ᠂ ᠵᠠᠪᠰᠠᠷ ᠤᠨ ᠪᠣᠳᠠᠰ ᠦᠯᠦ ᠡᠭᠦᠰᠬᠦ ᠪᠠ ᠬᠠᠭᠠᠯᠲᠠᠲᠠᠢ ᠲᠣᠭᠲᠠᠯᠴᠠᠭᠠᠨ ᠳᠤ V ᠤᠷᠪᠠᠯ ᠤᠨ ᠬᠤᠷᠳᠤ ᠢᠢ ᠳᠠᠷᠠᠭᠠᠬᠢ ᠪᠠᠶᠢᠳᠠᠯ ᠢᠢᠠᠷ ᠲᠣᠳᠤᠷᠬᠠᠢᠯᠠᠨᠠ᠄
v = -(1/a)*(d[A]/dt)=-(1/b)*(d[B]/dt)=(1/c)*(d[C]/dt)=-(1/d)*(d[D]/dt)
([x] ᠨᠢ A,B,C,D ᠪᠣᠳᠠᠰ ᠤᠨ ᠨᠢᠭᠡᠴᠡ ᠡᠵᠡᠯᠡᠬᠦᠨ ᠳᠤ ᠨᠣᠭᠳᠠᠬᠣ ᠪᠣᠳᠠᠰ ᠣᠨ ᠲᠣᠭ᠎ᠠ ᠬᠡᠮᠵᠢᠶ᠎ᠡ ᠪᠤᠶᠤ ᠻ᠋ᠣᠨ᠋ᠼᠧᠨ᠋ᠲ᠋ᠷᠠᠼᠢ ᠪᠣᠯᠤᠨ᠎ᠠ᠃ ᠨᠢᠭᠡᠴᠡ ᠨᠢ mol/L ᠪᠠᠶᠢᠨ᠎ᠠ᠃)
ᠤᠷᠪᠠᠯ ᠣᠨ ᠬᠤᠷᠳᠤᠨ ᠤ ᠨᠢᠭᠡᠴᠡ ᠨᠢ mol/L/s ᠭᠡᠭᠰᠡᠨ ᠨᠢᠭᠡᠴᠢ ᠲᠡᠢ ᠪᠠᠶᠢᠨ᠎ᠠ᠃
ᠤᠷᠪᠠᠯ ᠤᠨ ᠬᠤᠷᠳᠤ ᠢᠮᠠᠭᠲᠠ ᠡᠶᠡᠷᠬᠦ ᠲᠡᠮᠳᠡᠭ ᠲᠠᠢ ᠪᠠᠶᠢᠨ᠎ᠠ᠃ ᠰᠦᠷᠬᠦ ᠲᠡᠮᠳᠡᠭ ᠨᠢ ᠲᠤᠬᠠᠢ ᠢᠢᠨ ᠪᠣᠳᠠᠰ ᠬᠣᠷᠤᠭᠳᠠᠵᠤ ᠪᠤᠢ ᠢᠢ ᠢᠯᠡᠳᠬᠡᠨ᠎ᠡ᠃ 〔〔ᠣᠯᠠᠨ ᠤᠯᠤᠰ ᠤᠨ ᠴᠡᠪᠡᠷ ᠪᠠ ᠬᠡᠷᠡᠭᠯᠡᠭᠡᠨ ᠦ ᠬᠢᠮᠢ ᠢᠢᠨ ᠬᠣᠯᠪᠤᠭ᠎ᠠ〕〕ᠴᠠᠭ ᠤᠨ ᠨᠢᠭᠡᠴᠡ ᠢᠢ ᠤᠷᠭᠦᠯᠵᠢ ᠰᠧᠻ᠋ᠤᠨ᠋ᠳ᠋ ᠢᠢᠡᠷ ᠠᠪᠤᠵᠤ ᠪᠠᠶᠢᠬᠤ ᠢᠢ ᠰᠠᠨᠠᠯ ᠪᠣᠯᠭᠠᠳᠠᠭ᠃