ᠯᠣᠪᠠᠴᠧᠹᠰᠻᠢ ᠊ᠢᠢᠨ ᠭᠧᠣᠮᠧᠲ᠋ᠧᠷ

19:08, 20 Хоёрдугаар сар 2021-ий байдлаарх Angka (яриа | оруулсан хувь нэмэр) хэрэглэгчийн хийсэн залруулга

ᠯᠣᠪᠠᠴᠧᠹᠰᠻᠢ ‍ᠢᠢᠨ ᠭᠧᠣᠮᠧᠲ᠋ᠧᠷ

ᠯᠣᠪᠠᠴᠧᠹᠰᠻᠢЛобачевский ᠮᠠᠨ ᠤ ᠶᠢᠷᠲᠢᠨᠴᠦ ᠳ᠋ᠦ ᠧᠦ᠋ᠻ᠊ᠯᠢᠳ᠋  ᠦᠨ ᠬᠠᠪᠲᠠᠭᠠᠢ ᠭᠧᠣᠮᠧᠲ᠋ᠧᠷgeometry᠂ ᠮᠤᠷᠤᠶ᠋ᠢᠯᠲᠠ ᠲᠠᠢ ᠭᠧᠣᠮᠧᠲ᠋ᠧᠷ ᠬᠣᠶᠠᠷ  ᠤᠨ ᠠᠯᠢ ᠨᠢ ᠪᠣᠳᠠ ᠲᠠᠢ ᠲᠣᠬᠢᠷᠠᠬᠤ ᠪᠤᠢ ᠭᠡᠰᠡᠨ ᠠᠰᠠᠭᠤᠯᠲᠠ ᠳᠡᠪᠰᠢᠭᠦᠯᠵᠡᠢ᠃[1]
ᠡᠭᠦᠪᠡᠷ ‍ᠢᠢᠡᠨ ᠧᠦ᠋ᠻ᠊ᠯᠢᠳ᠋Euclid  ‍ᠦᠨ ᠪᠤᠰᠤ ᠭᠧᠣᠮᠧᠲ᠋ᠧᠷ ‍ᠢ ᠦᠨᠳᠦᠰᠦᠯᠡᠵᠦᠬᠦᠢ᠃



ᠠᠻᠰᠢᠣᠮ


D ᠰᠢᠯᠠᠭᠤᠨ ᠲᠠᠢ ᠫᠠᠷᠠᠯᠯᠧᠯparallel ᠠᠭᠠᠳ M ᠴᠡᠭ ‍ᠢᠢᠡᠷ ᠳᠠᠭᠠᠷᠢᠬᠤ d1᠂ d2᠂ d3 ᠲᠡᠢ ᠠᠳᠠᠯᠢ ᠬᠢᠵᠠᠭᠠᠷ ᠦᠭᠡᠢ ᠣᠯᠠᠨ ᠰᠢᠯᠠᠭᠤᠨ ᠪᠠᠢᠢᠨ᠎ ‍ᠠ᠋


ᠲᠤᠬᠠᠢ ‍ᠢᠢᠨ ᠰᠢᠯᠠᠭᠤᠨ ᠪᠠ ᠲᠡᠭᠦᠨ ᠳ᠋ᠤ ᠦᠯᠦ ᠬᠠᠷᠢᠶᠠᠯᠠᠭᠳᠠᠬᠤ ᠴᠡᠭ ‍ᠦᠨ ᠣᠷᠣᠰᠢᠵᠤ ᠪᠠᠢᠢᠭ᠎ ‍ᠠ᠋ ᠬᠠᠪᠲᠠᠭᠠᠢ ᠳ᠋ᠤ ᠲᠡᠷᠡ ᠴᠡᠭ ‍ᠢᠢ ᠳᠠᠭᠠᠷᠢᠭᠤᠯᠤᠨ ᠲᠤᠬᠠᠢ ‍ᠢᠢᠨ ᠰᠢᠯᠠᠭᠤᠨ ᠲᠠᠢ ᠦᠯᠦ ᠣᠭᠲᠠᠯᠠᠯᠴᠠᠬᠤ ᠨᠢᠭᠡ ᠡᠴᠡ ᠣᠯᠠᠨ ᠰᠢᠯᠠᠭᠤᠨ ᠲᠠᠲᠠᠵᠤ ᠪᠣᠯᠤᠨ᠎ ‍ᠠ᠋[2]

ᠡᠨᠡ ᠪᠣᠯ ᠯᠣᠪᠠᠴᠧᠣᠰᠻᠢ ‍ᠢᠢᠨ ᠳᠡᠪᠰᠢᠭᠦᠯᠦᠭᠰᠡᠨ ᠫᠣᠰᠲ᠋ᠦ᠋ᠯᠠᠲpostulate

ᠡᠭᠦᠨ ‍ᠢ ᠧᠦ᠋ᠻ᠊ᠯᠢᠳ᠋ ‍ᠦᠨ 5 ᠳ᠋ᠤᠭᠠᠷ ᠫᠣᠰᠲ᠋ᠦ᠋ᠯᠠᠲ ‍ᠤᠨ ᠣᠷᠤᠨ ᠳ᠋ᠤ ᠰᠠᠨᠠᠯ ᠪᠣᠯᠭᠠᠭᠰᠠᠨ ᠪᠢᠯᠡ᠃

ᠧᠦ᠋ᠻ᠊ᠯᠢᠳ᠋ ‍ᠦᠨ 5 ᠳ᠋ᠤᠭᠠᠷ ᠫᠣᠰᠲ᠋ᠦ᠋ᠯᠠᠲ ᢩᠪᠤᠶᠤ ᠠᠻᠰᠢᠣᠮ ᠨᠢ᠄

ᠲᠤᠬᠠᠢ ‍ᠢᠢᠨ ᠰᠢᠯᠠᠭᠤᠨ ᠪᠠ ᠲᠡᠭᠦᠨ ᠳ᠋ᠤ ᠦᠯᠦ ᠬᠠᠷᠢᠶᠠᠯᠠᠭᠳᠠᠬᠤ ᠴᠡᠭ ‍ᠦᠨ ᠣᠷᠣᠰᠢᠵᠤ ᠪᠠᠢᠢᠭ᠎ ‍ᠠ᠋ ᠬᠠᠪᠲᠠᠭᠠᠢ ᠳ᠋ᠤ ᠲᠡᠷᠡ ᠴᠡᠭ ‍ᠢᠢ ᠳᠠᠭᠠᠷᠢᠭᠤᠯᠤᠨ ᠲᠤᠬᠠᠢ ‍ᠢᠢᠨ ᠰᠢᠯᠠᠭᠤᠨ ᠲᠠᠢ ᠫᠠᠷᠠᠯᠯᠧᠯ ᠭᠠᠭᠴᠠ ᠪᠥᠭᠡᠳ ᠵᠥᠪᠬᠡᠨ ᠭᠠᠭᠴᠠ ᠰᠢᠯᠠᠭᠤᠨ ᠲᠠᠲᠠᠵᠤ ᠪᠣᠯᠤᠨ᠎ ‍ᠠ᠋

ᠭᠡᠵᠦ ᠲᠣᠮᠢᠶᠠᠯᠠᠭᠳᠠᠳᠠᠭ᠃

ᠯᠣᠪᠠᠴᠧᠡᠰᠻᠢ ‍ᠢᠢᠨ ᠭᠧᠣᠮᠧᠲ᠋ᠧᠷ ᠨᠢ ᠧᠦ᠋ᠻ᠊ᠯᠢᠳ᠋ ‍ᠦᠨ ᠭᠧᠣᠮᠧᠲ᠋ᠧᠷ ‍ᠦᠨ ᠡᠨᠡ ᠠᠻᠰᠥᠣᠮ ᠡᠴᠡ ᠪᠤᠰᠤᠳ ᠰᠠᠭᠤᠷᠢ ᠦᠵᠡᠯ ᠪᠠᠷᠢᠮᠲᠠᠯᠠᠯ ‍ᠤᠳ ᠳᠡᠭᠡᠷ ‍ᠡ᠋ ᠦᠨᠳᠦᠰᠦᠯᠡᠭᠰᠡᠨ ᠪᠠᠢᠢᠳᠠᠭ᠃[3]



ᠮᠥᠷᠳᠡᠯᠭᠡ


ᠬᠠᠪᠲᠠᠭᠠᠦ ᠪᠤᠰᠤ ᠭᠠᠳᠠᠷᠭ᠎ ‍ᠠ᠋ ‍ᠳᠠᠬᠢ ᠲᠡᠭᠦᠰ ᠭᠤᠷᠪᠠᠯᠵᠢᠨ


ᠯᠣᠪᠠᠴᠡᠹᠰᠻᠢ ‍ᠢᠢᠨ ᠵᠠᠷᠢᠮ ᠲᠾᠧᠣᠷᠧᠮ ‍ᠦᠳ ᠨᠢ ᠧᠦ᠋ᠻ᠊ᠯᠢᠳ᠋ ‍ᠦᠨ ᠬᠠᠷᠠᠭᠠᠯᠵᠠᠬᠤ ᠲᠾᠧᠣᠷᠧᠮ ‍ᠦᠳ ᠡᠴᠡ ᠢᠯᠭᠠᠭ᠎ ‍ᠠ᠋ ᠲᠠᠢ ᠠᠵᠡᠢ᠃

ᠨᠢᠭᠡᠨ ᠲᠾᠧᠣᠷᠧᠮ ᠨᠢ ᠭᠤᠷᠪᠠᠯᠵᠢᠨ ‍ᠤ ᠥᠨᠴᠦᠭ ‍ᠦᠳ ‍ᠦᠨ ᠨᠡᠢᠢᠯᠡᠪᠦᠷᠢ ᠲᠡᠭᠰᠢ ᠥᠨᠴᠦᠭ ᠡᠴᠡ ᠢᠠᠮᠠᠭᠲᠠ ᠪᠠᠭ᠎ ‍ᠠ᠋ ᠪᠠᠢᠢᠨ᠎ ‍ᠠ᠋ ᠭᠡᠳᠡᠭ᠃

ᠲᠡᠭᠰᠢ ᠥᠨᠴᠦᠭ ᠪᠠ ᠭᠤᠷᠪᠠᠯᠵᠢᠨ ‍ᠤ ᠥᠨᠴᠦᠭ ‍ᠦᠳ ‍ᠦᠨ ᠨᠡᠢᠢᠯᠡᠪᠦᠷᠢ ‍ᠢᠢᠨ ᠢᠯᠭᠠᠭ᠎ ‍ᠠ᠋ ᠭᠤᠷᠪᠠᠯᠵᠢᠨ ‍ᠤ ᠳ᠋ᠧᠹᠧᠻᠲ ᠭᠡᠨ᠎ ‍ᠡ᠋᠃[4]

ᠭᠤᠷᠪᠠᠯᠵᠢᠨ ‍ᠤ ᠲᠠᠯᠠᠪᠠᠢ ᠨᠢ ᠳᠠᠷᠠᠭᠠᠬᠢ ᠪᠠᠢᠢᠳᠠᠯ ‍ᠢᠢᠠᠷ ᠲᠣᠭᠠᠴᠠᠭᠠᠯᠠᠭᠳᠠᠨ᠎ ‍ᠠ᠋᠄









ᠡᠭᠦᠨ ᠳ᠋ᠦ K ᠨᠢ ᠭᠠᠦ᠋ᠰᠰ ‍ᠤᠨ ᠮᠤᠷᠤᠢᠢᠯᠲᠠ ᠭᠡᠳᠡᠭ᠃ ᠡᠨᠡ ᠨᠢ ᠲᠤᠬᠠᠢᠢ ‍ᠢᠢᠨ ᠴᠡᠭ ‍ᠦᠨ ᠣᠷᠴᠢᠮ ᠳ᠋ᠠᠬᠢ ᠭᠠᠳᠠᠷᠭ᠎ ‍ᠢᠢᠨ ᠮᠤᠷᠦᠢᠢᠯᠲᠠ ‍ᠢᠢᠨ ᠬᠡᠮᠵᠢᠶ ‍ᠡ᠋ ᠶᠤᠮ᠃


ᠬᠣᠶᠠᠷ ᠲᠥᠰᠦᠲᠠᠢ ᠭᠤᠷᠪᠠᠯᠵᠢᠨ ‍ᠣ ᠲᠠᠯᠠᠪᠠᠢ ᠲᠡᠩᠴᠡᠭᠦᠦ ᠪᠠᠢᠢᠨ᠎ ‍ᠠ᠋ ᠭᠡᠬᠦ ᠮᠡᠲᠦ᠃

ᠨᠡᠷ ‍ᠡ᠋ ᠲᠣᠮᠢᠶᠠᠯᠠᠯ

ᠾᠢᠫᠧᠷᠪᠣᠯ ᠭᠧᠣᠮᠧᠲ᠋ᠧᠷ - hyperbolic geometry - гиперболическая геометрия, геометрия Лобачевского
ᠧᠦ᠋ᠻ᠊ᠯᠢᠳ᠋  ᠦᠨ ᠭᠧᠣᠮᠧᠲ᠋ᠧᠷ - Euclidean geometry - евклидова геометрия
ᠧᠦ᠋ᠻ᠊ᠯᠢᠳ᠋  ᠦᠨ ᠪᠤᠰᠤ ᠭᠧᠣᠮᠧᠲ᠋ᠧᠷ - non-Euclidean geometry - неевклидова геометрия
ᠴᠡᠭ - point - точка
ᠰᠢᠯᠠᠭᠤᠨ - line - прямая


ᠡᠬᠢ ᠰᠤᠷᠪᠤᠯᠵᠢ

  1. http://tesseract-club.blogspot.com/2011/09/blog-post.html Орон зайн муруйлт ба цаг хугацааны гажилт᠃ ᠬᠠᠨᠳᠤᠭᠰᠠᠨ 2021/02/18
  2. https://unistomlg.ru/mn/na-dne/gde-peresekayutsya-dve-parallelnye-pryamye-skolko Хоёр зэрэгцээ шугам огтлолцох үед᠃ ᠬᠠᠨᠳᠤᠭᠰᠠᠨ 2021/02/18
  3. А.М.Прохоров и др. Советский энциклопедический словарь. ©Издательство “Советская энциклопедия”. Москва 1989
  4. https://www.maa.org/press/periodicals/loci/joma/hyperbolic-geometry-triangles-angles-and-area Andrew G. Bennett. Hyperbolic Geometry - Triangles, Angles, and Area. ᠬᠠᠨᠳᠤᠭᠰᠠᠨ 2021/02/20