ᠯᠣᠪᠠᠴᠧᠹᠰᠻᠢ ᠊ᠢᠢᠨ ᠭᠧᠣᠮᠧᠲ᠋ᠧᠷ

21:31, 20 Хоёрдугаар сар 2021-ий байдлаарх Angka (яриа | оруулсан хувь нэмэр) хэрэглэгчийн хийсэн залруулга

ᠯᠣᠪᠠᠴᠧᠹᠰᠻᠢ ‍ᠢᠢᠨ ᠭᠧᠣᠮᠧᠲ᠋ᠧᠷ

ᠯᠣᠪᠠᠴᠧᠹᠰᠻᠢЛобачевский ᠮᠠᠨ ᠤ ᠶᠢᠷᠲᠢᠨᠴᠦ ᠳ᠋ᠦ ᠧᠦ᠋ᠻ᠊ᠯᠢᠳ᠋  ᠦᠨ ᠬᠠᠪᠲᠠᠭᠠᠢ ᠭᠧᠣᠮᠧᠲ᠋ᠧᠷgeometry᠂ ᠮᠤᠷᠤᠶ᠋ᠢᠯᠲᠠ ᠲᠠᠢ ᠭᠧᠣᠮᠧᠲ᠋ᠧᠷ ᠬᠣᠶᠠᠷ  ᠤᠨ ᠠᠯᠢ ᠨᠢ ᠪᠣᠳᠠ ᠲᠠᠢ ᠲᠣᠬᠢᠷᠠᠬᠤ ᠪᠤᠢ ᠭᠡᠰᠡᠨ ᠠᠰᠠᠭᠤᠯᠲᠠ ᠳᠡᠪᠰᠢᠭᠦᠯᠵᠡᠢ᠃[1]
ᠡᠭᠦᠪᠡᠷ ‍ᠢᠢᠡᠨ ᠧᠦ᠋ᠻ᠊ᠯᠢᠳ᠋Euclid  ‍ᠦᠨ ᠪᠤᠰᠤ ᠭᠧᠣᠮᠧᠲ᠋ᠧᠷ ‍ᠢ ᠦᠨᠳᠦᠰᠦᠯᠡᠵᠦᠬᠦᠢ᠃



ᠠᠻᠰᠢᠣᠮ


D ᠰᠢᠯᠠᠭᠤᠨ ᠲᠠᠢ ᠫᠠᠷᠠᠯᠯᠧᠯparallel ᠠᠭᠠᠳ M ᠴᠡᠭ ‍ᠢᠢᠡᠷ ᠳᠠᠭᠠᠷᠢᠬᠤ d1᠂ d2᠂ d3 ᠲᠡᠢ ᠠᠳᠠᠯᠢ ᠬᠢᠵᠠᠭᠠᠷ ᠦᠭᠡᠢ ᠣᠯᠠᠨ ᠰᠢᠯᠠᠭᠤᠨ ᠪᠠᠢᠢᠨ᠎ ‍ᠠ᠋


ᠲᠤᠬᠠᠢ ‍ᠢᠢᠨ ᠰᠢᠯᠠᠭᠤᠨ ᠪᠠ ᠲᠡᠭᠦᠨ ᠳ᠋ᠤ ᠦᠯᠦ ᠬᠠᠷᠢᠶᠠᠯᠠᠭᠳᠠᠬᠤ ᠴᠡᠭ ‍ᠦᠨ ᠣᠷᠣᠰᠢᠵᠤ ᠪᠠᠢᠢᠭ᠎ ‍ᠠ᠋ ᠬᠠᠪᠲᠠᠭᠠᠢ ᠳ᠋ᠤ ᠲᠡᠷᠡ ᠴᠡᠭ ‍ᠢᠢ ᠳᠠᠭᠠᠷᠢᠭᠤᠯᠤᠨ ᠲᠤᠬᠠᠢ ‍ᠢᠢᠨ ᠰᠢᠯᠠᠭᠤᠨ ᠲᠠᠢ ᠦᠯᠦ ᠣᠭᠲᠠᠯᠠᠯᠴᠠᠬᠤ ᠨᠢᠭᠡ ᠡᠴᠡ ᠣᠯᠠᠨ ᠰᠢᠯᠠᠭᠤᠨ ᠲᠠᠲᠠᠵᠤ ᠪᠣᠯᠤᠨ᠎ ‍ᠠ᠋[2]

ᠡᠨᠡ ᠪᠣᠯ ᠯᠣᠪᠠᠴᠧᠣᠰᠻᠢ ‍ᠢᠢᠨ ᠳᠡᠪᠰᠢᠭᠦᠯᠦᠭᠰᠡᠨ ᠫᠣᠰᠲ᠋ᠦ᠋ᠯᠠᠲpostulate

ᠡᠭᠦᠨ ‍ᠢ ᠧᠦ᠋ᠻ᠊ᠯᠢᠳ᠋ ‍ᠦᠨ 5 ᠳ᠋ᠤᠭᠠᠷ ᠫᠣᠰᠲ᠋ᠦ᠋ᠯᠠᠲ ‍ᠤᠨ ᠣᠷᠤᠨ ᠳ᠋ᠤ ᠰᠠᠨᠠᠯ ᠪᠣᠯᠭᠠᠭᠰᠠᠨ ᠪᠢᠯᠡ᠃

ᠧᠦ᠋ᠻ᠊ᠯᠢᠳ᠋ ‍ᠦᠨ 5 ᠳ᠋ᠤᠭᠠᠷ ᠫᠣᠰᠲ᠋ᠦ᠋ᠯᠠᠲ ᢩᠪᠤᠶᠤ ᠠᠻᠰᠢᠣᠮ ᠨᠢ᠄

ᠲᠤᠬᠠᠢ ‍ᠢᠢᠨ ᠰᠢᠯᠠᠭᠤᠨ ᠪᠠ ᠲᠡᠭᠦᠨ ᠳ᠋ᠤ ᠦᠯᠦ ᠬᠠᠷᠢᠶᠠᠯᠠᠭᠳᠠᠬᠤ ᠴᠡᠭ ‍ᠦᠨ ᠣᠷᠣᠰᠢᠵᠤ ᠪᠠᠢᠢᠭ᠎ ‍ᠠ᠋ ᠬᠠᠪᠲᠠᠭᠠᠢ ᠳ᠋ᠤ ᠲᠡᠷᠡ ᠴᠡᠭ ‍ᠢᠢ ᠳᠠᠭᠠᠷᠢᠭᠤᠯᠤᠨ ᠲᠤᠬᠠᠢ ‍ᠢᠢᠨ ᠰᠢᠯᠠᠭᠤᠨ ᠲᠠᠢ ᠫᠠᠷᠠᠯᠯᠧᠯ ᠭᠠᠭᠴᠠ ᠪᠥᠭᠡᠳ ᠵᠥᠪᠬᠡᠨ ᠭᠠᠭᠴᠠ ᠰᠢᠯᠠᠭᠤᠨ ᠲᠠᠲᠠᠵᠤ ᠪᠣᠯᠤᠨ᠎ ‍ᠠ᠋

ᠭᠡᠵᠦ ᠲᠣᠮᠢᠶᠠᠯᠠᠭᠳᠠᠳᠠᠭ᠃

ᠯᠣᠪᠠᠴᠧᠡᠰᠻᠢ ‍ᠢᠢᠨ ᠭᠧᠣᠮᠧᠲ᠋ᠧᠷ ᠨᠢ ᠧᠦ᠋ᠻ᠊ᠯᠢᠳ᠋ ‍ᠦᠨ ᠭᠧᠣᠮᠧᠲ᠋ᠧᠷ ‍ᠦᠨ ᠡᠨᠡ ᠠᠻᠰᠥᠣᠮ ᠡᠴᠡ ᠪᠤᠰᠤᠳ ᠰᠠᠭᠤᠷᠢ ᠦᠵᠡᠯ ᠪᠠᠷᠢᠮᠲᠠᠯᠠᠯ ‍ᠤᠳ ᠳᠡᠭᠡᠷ ‍ᠡ᠋ ᠦᠨᠳᠦᠰᠦᠯᠡᠭᠰᠡᠨ ᠪᠠᠢᠢᠳᠠᠭ᠃[3]



ᠮᠥᠷᠳᠡᠯᠭᠡ


ᠬᠠᠪᠲᠠᠭᠠᠦ ᠪᠤᠰᠤ ᠭᠠᠳᠠᠷᠭ᠎ ‍ᠠ᠋ ‍ᠳᠠᠬᠢ ᠲᠡᠭᠦᠰ ᠭᠤᠷᠪᠠᠯᠵᠢᠨ


ᠯᠣᠪᠠᠴᠡᠹᠰᠻᠢ ‍ᠢᠢᠨ ᠵᠠᠷᠢᠮ ᠲᠾᠧᠣᠷᠧᠮ ‍ᠦᠳ ᠨᠢ ᠧᠦ᠋ᠻ᠊ᠯᠢᠳ᠋ ‍ᠦᠨ ᠬᠠᠷᠠᠭᠠᠯᠵᠠᠬᠤ ᠲᠾᠧᠣᠷᠧᠮ ‍ᠦᠳ ᠡᠴᠡ ᠢᠯᠭᠠᠭ᠎ ‍ᠠ᠋ ᠲᠠᠢ ᠠᠵᠡᠢ᠃

ᠨᠢᠭᠡᠨ ᠲᠾᠧᠣᠷᠧᠮ ᠨᠢ ᠭᠤᠷᠪᠠᠯᠵᠢᠨ ‍ᠤ ᠥᠨᠴᠦᠭ ‍ᠦᠳ ‍ᠦᠨ ᠨᠡᠢᠢᠯᠡᠪᠦᠷᠢ ᠲᠡᠭᠰᠢ ᠥᠨᠴᠦᠭ ᠡᠴᠡ ᠢᠠᠮᠠᠭᠲᠠ ᠪᠠᠭ᠎ ‍ᠠ᠋ ᠪᠠᠢᠢᠨ᠎ ‍ᠠ᠋ ᠭᠡᠳᠡᠭ᠃

ᠲᠡᠭᠰᠢ ᠥᠨᠴᠦᠭ ᠪᠠ ᠭᠤᠷᠪᠠᠯᠵᠢᠨ ‍ᠤ ᠥᠨᠴᠦᠭ ‍ᠦᠳ ‍ᠦᠨ ᠨᠡᠢᠢᠯᠡᠪᠦᠷᠢ ‍ᠢᠢᠨ ᠢᠯᠭᠠᠭ᠎ ‍ᠠ᠋ ᠭᠤᠷᠪᠠᠯᠵᠢᠨ ‍ᠤ ᠳ᠋ᠧᠹᠧᠻᠲ ᠭᠡᠨ᠎ ‍ᠡ᠋᠃[4]

ᠭᠤᠷᠪᠠᠯᠵᠢᠨ ‍ᠤ ᠲᠠᠯᠠᠪᠠᠢ ᠨᠢ ᠳᠠᠷᠠᠭᠠᠬᠢ ᠪᠠᠢᠢᠳᠠᠯ ‍ᠢᠢᠠᠷ ᠲᠣᠭᠠᠴᠠᠭᠠᠯᠠᠭᠳᠠᠨ᠎ ‍ᠠ᠋᠄









ᠡᠭᠦᠨ ᠳ᠋ᠦ K ᠨᠢ ᠭᠠᠦ᠋ᠰᠰ ‍ᠤᠨ ᠮᠤᠷᠤᠢᠢᠯᠲᠠ ᠭᠡᠳᠡᠭ᠃ ᠡᠨᠡ ᠨᠢ ᠲᠤᠬᠠᠢᠢ ‍ᠢᠢᠨ ᠴᠡᠭ ‍ᠦᠨ ᠣᠷᠴᠢᠮ ᠳ᠋ᠠᠬᠢ ᠭᠠᠳᠠᠷᠭ᠎ ‍ᠢᠢᠨ ᠮᠤᠷᠦᠢᠢᠯᠲᠠ ‍ᠢᠢᠨ ᠬᠡᠮᠵᠢᠶ ‍ᠡ᠋ ᠶᠤᠮ᠃


ᠪᠠᠰᠠ ᠨᠢᠭᠡ ᠮᠥᠷᠳᠡᠯᠭᠡ ᠨᠢ "ᠬᠣᠶᠠᠷ ᠲᠥᠰᠦᠲᠠᠢ ᠭᠤᠷᠪᠠᠯᠵᠢᠨ ‍ᠣ ᠲᠠᠯᠠᠪᠠᠢ ᠲᠡᠩᠴᠡᠭᠦᠦ ᠪᠠᠢᠢᠨ᠎ ‍ᠠ᠋" ᠬᠡᠮᠡᠨ᠎ ‍ᠡ᠋᠃ ᠥᠭᠡᠷ ‍ᠡ᠋ ‍ᠢᠢᠡᠷ ᠬᠡᠯᠡᠪᠡᠯ ᠲᠥᠰᠦᠲᠠᠢ ᠭᠤᠷᠪᠠᠯᠵᠢᠨ ᠨᠤᠭᠤᠳ ᠻᠣᠨ᠍ᠭ᠌ᠷᠦ᠋ᠧᠨ᠍ᠲcongruent ᠪᠠᠢᠢᠨ᠎ ‍ᠠ᠋᠃

ᠡᠨᠡ ᠮᠡᠲᠦ ᠪᠡᠷ ᠯᠣᠪᠠᠴᠧᠹᠰᠻᠢ ‍ᠢᠢᠨ ᠭᠧᠣᠮᠧᠲ᠋ᠧᠷ ‍ᠦᠨ ᠮᠥᠷᠳᠡᠯᠭᠡ ᠨᠦᠭᠦᠳ ᠬᠡᠳᠦᠢ ᠡᠲᠡᠭᠡᠳ ᠭᠠᠵᠢ᠂ ᠫᠠᠷᠠᠳᠣᠻᠰparadox ᠶᠤᠮ ᠰᠢᠭ ᠪᠣᠯᠪᠠᠴᠤ ᠤᠯᠠᠮᠵᠢᠯᠠᠯᠲᠤ ᠭᠧᠣᠮᠧᠲ᠋ᠧᠷ ᠲᠡᠢ ᠪᠦᠷᠢᠨ ᠠᠳᠠᠯᠢ ᠡᠷᠬᠡ ᠲᠡᠢ ᠠᠵᠡᠢ᠃

ᠰᠢᠨ᠎ ‍ᠡ᠋ ᠭᠧᠣᠮᠧᠲ᠋ᠧᠷ ᠨᠢ ᠣᠷᠤᠨ ᠵᠠᠢ ‍ᠢᠢᠨ ᠮᠥᠨ ᠴᠢᠨᠠᠷ ‍ᠤᠨ ᠲᠤᠬᠠᠢ ᠣᠢᠢᠯᠠᠭᠠᠯᠲᠠ ‍ᠳᠤ ᠰᠠᠭᠤᠷᠢ ᠥᠭᠡᠷᠡᠴᠢᠯᠡᠯᠲᠡ ‍ᠢᠢ ᠠᠪᠴᠢᠷᠠᠭᠰᠠᠨ ᠪᠠᠢᠢᠨ᠎ ‍ᠠ᠋᠃


ᠠᠴᠢ ᠬᠣᠯᠪᠤᠭᠳᠠᠯ

ᠯᠣᠪᠠᠴᠧᠹᠰᠻᠢ ‍ᠢᠢᠨ ᠭᠧᠣᠮᠧᠲ᠋ᠧᠷ ᠨᠢ ᠤᠯᠨᠮᠵᠢᠯᠠᠯᠲᠤ ᠭᠧᠣᠮᠧᠲ᠋ᠧᠷ ᠡᠴᠡ ᠥᠭᠡᠷ ‍ᠡ᠋ ᠭᠧᠣᠮᠧᠲ᠋ᠧᠷ ᠪᠠᠢᠢᠵᠤ ᠪᠣᠯᠬᠤ ‍ᠢᠢᠨ ᠦᠵᠡᠭᠦᠯᠦᠭᠰᠡᠨ ᠨᠡᠭᠡᠯᠲᠡ ᠪᠠᠢᠢᠵᠡᠢ᠃

ᠶᠢᠷᠲᠢᠨᠴᠦ᠂ ᠣᠷᠤᠨ ᠵᠠᠢ ᠰᠢᠯᠠᠭᠤᠨ ᠲᠡᠭᠰᠢ ᠪᠠᠢᠢᠬᠤ ᠠᠯᠪᠠ ᠦᠭᠡᠢ᠂ ᠲᠡᠭᠰᠢ ᠣᠷᠤᠨ ᠵᠠᠢ ᠨᠢ ᠶᠢᠷᠲᠢᠨᠴᠦ ‍ᠳᠦ ᠣᠷᠣᠰᠢᠳᠠᠭ ᠣᠷᠤᠨ ᠵᠠᠢ ‍ᠢᠢᠨ ᠨᠢᠭᠡ ᠯᠡ ᠲᠣᠬᠢᠶᠠᠯᠳᠠᠯ ᠠᠵᠡᠢ᠃

ᠯᠣᠪᠠᠴᠧᠹᠰᠻᠢ ‍ᠢᠢᠨ ᠭᠧᠣᠮᠧᠲ᠋ᠧᠷ 1826 ᠣᠨ ‍ᠳᠤ ᠪᠦᠲᠦᠭᠡᠭᠳᠡᠭᠰᠡᠨ ᠪᠠᠢᠢᠨ᠎ ‍ᠠ᠋᠃

ᠬᠣᠷᠢᠳᠤᠭᠠᠷ ᠵᠠᠭᠤᠨ ᠭᠠᠷᠴᠤ᠂ ᠬᠠᠷᠢᠴᠠᠩᠭᠤᠢ ‍ᠢᠢᠨ ᠣᠨᠤᠯ ᠨᠡᠭᠡᠭᠳᠡᠭᠰᠡᠨ ‍ᠢᠢᠡᠷ ᠯᠣᠪᠠᠴᠧᠰᠻᠢ ‍ᠢᠢᠨ ᠭᠧᠣᠮᠧᠲ᠋ᠧᠷ ᠪᠠ ᠧᠦ᠋ᠻ᠊ᠯᠢᠳ᠋ ‍ᠦᠨ ᠪᠢᠰᠢ ᠪᠤᠰᠤᠳ ᠭᠧᠣᠮᠧᠲ᠋ᠧᠷ ‍ᠦᠳ ᠮᠣᠲ᠋ᠾᠧᠮᠠᠲ᠋ᠢᠭ ᠬᠡᠶᠢᠰᠪᠦᠷᠢᠯᠡᠯ ᠲᠡᠳᠦᠢ ᠪᠢᠰᠢ ᠭᠡᠳᠡᠭ ᠨᠢ ᠨᠣᠲᠤᠯᠠᠭᠳᠠᠭᠰᠠᠨ᠃

ᠧᠦ᠋ᠻ᠊ᠯᠢᠳ᠋ ‍ᠦᠨ ᠪᠤᠰᠤ ᠭᠧᠣᠮᠧᠲ᠋ᠧᠷ ᠹᠢᠽᠢᠻ ᠲᠦ ᠰᠢᠭᠤᠳ ᠬᠡᠷᠡᠭᠯᠡᠭᠡ ‍ᠢ ᠪᠡᠨ ᠣᠯᠤᠭᠰᠠᠨ᠃

ᠬᠠᠷᠢᠴᠠᠩᠭᠤᠢ ‍ᠢᠢᠨ ᠣᠨᠤᠯ ᠳ᠋ᠤ ᠲᠤᠰᠬᠠᠭᠳᠠᠭᠰᠠᠨ ᠣᠷᠤᠨ ᠵᠠᠢ ᠴᠠᠭ ᠬᠤᠭᠤᠴᠠᠭᠠᠨ ‍ᠤ ᠬᠠᠷᠢᠯᠴᠠᠨ ᠰᠢᠲᠦᠯᠴᠡᠭᠡ ᠯᠣᠪᠠᠴᠡᠹᠰᠻᠢ ‍ᠢᠢᠨ ᠭᠧᠣᠮᠧᠲ᠋ᠧᠷ ᠲᠦ ᠰᠢᠭᠤᠳ ᠬᠠᠮᠢᠶᠠᠷᠤᠯ ᠲᠠᠢ ᠪᠠᠢᠢᠨ᠎ ‍ᠠ᠋᠃

ᠵᠢᠱᠢᠶᠡᠯᠡᠪᠡᠯ᠂ ᠰᠡᠭᠦᠯ ‍ᠦᠨ ᠦᠶ ‍ᠡ᠋ ‍ᠢᠢᠨ ᠰᠢᠨ᠍ᠻᠷᠣᠹᠠᠽᠣᠲ᠋ᠷᠣᠨ᠍ ᠬᠤᠷᠳᠤᠰᠬᠠᠭᠴᠢᠨ ᠨᠤᠭᠤᠳ ‍ᠤᠨ ᠲᠣᠭᠠᠴᠠᠭᠠᠨ ᠳ᠋ᠤ ᠯᠣᠪᠠᠴᠧᠹᠰᠻᠢ ‍ᠢᠢᠨ ᠭᠧᠣᠮᠧᠲ᠋ᠧᠷ ‍ᠦᠨ ᠲᠡᠭᠰᠢᠳᠬᠡᠯ ‍ᠦᠳ ‍ᠢ ᠠᠰᠢᠭᠯᠠᠳᠠᠭ ᠪᠠᠢᠢᠨ᠎ ‍ᠠ᠋᠃[5]



ᠨᠡᠷ ‍ᠡ᠋ ᠲᠣᠮᠢᠶᠠᠯᠠᠯ

ᠾᠢᠫᠧᠷᠪᠣᠯ ᠭᠧᠣᠮᠧᠲ᠋ᠧᠷ - hyperbolic geometry - гиперболическая геометрия, геометрия Лобачевского
ᠧᠦ᠋ᠻ᠊ᠯᠢᠳ᠋  ᠦᠨ ᠭᠧᠣᠮᠧᠲ᠋ᠧᠷ - Euclidean geometry - евклидова геометрия
ᠧᠦ᠋ᠻ᠊ᠯᠢᠳ᠋  ᠦᠨ ᠪᠤᠰᠤ ᠭᠧᠣᠮᠧᠲ᠋ᠧᠷ - non-Euclidean geometry - неевклидова геометрия
ᠴᠡᠭ - point - точка
ᠰᠢᠯᠠᠭᠤᠨ - line - прямая


ᠡᠬᠢ ᠰᠤᠷᠪᠤᠯᠵᠢ

  1. Орон зайн муруйлт ба цаг хугацааны гажилт᠃ ᠬᠠᠨᠳᠤᠭᠰᠠᠨ 2021/02/18
  2. Хоёр зэрэгцээ шугам огтлолцох үед᠃ ᠬᠠᠨᠳᠤᠭᠰᠠᠨ 2021/02/18
  3. А.М.Прохоров и др. Советский энциклопедический словарь. ©Издательство “Советская энциклопедия”. Москва 1989
  4. Andrew G. Bennett. Hyperbolic Geometry - Triangles, Angles, and Area. ᠬᠠᠨᠳᠤᠭᠰᠠᠨ 2021/02/20
  5. Где пересекаются две параллельные прямые. Сколько параллельных прямых в геометрии Лобачевского. ᠬᠠᠨᠳᠤᠭᠰᠠᠨ 2021/02/20