ᠲᠡᠮᠡᠦᠯᠦᠯ ᠬᠢᠮᠡᠯ ᠳᠠᠭᠠᠭᠤᠯᠢ

20:54, 7 Гуравдугаар сар 2021-ий байдлаарх Ogtarguy (яриа | оруулсан хувь нэмэр) хэрэглэгчийн хийсэн залруулга
1U Cubesat ᠠᠩᠭᠢᠯᠠᠯ ‍ᠤᠨ ᠵᠢᠵᠢᠭ ᠬᠢᠮᠡᠯ ᠳᠠᠭᠠᠭᠤᠯᠢ ‍‍ᠢᠢᠨ ᠵᠢᠱᠢᠶ ‍ᠡ᠋


ᠲᠡᠮᠡᠦᠯᠦᠯ Temeulul
ᠦᠢᠯᠳᠪᠦᠷᠢᠯᠡᠭᠴᠢ ᠮᠣᠩᠭᠤᠯ ᠤᠯᠤᠰ ‍ᠤᠨ ᠶᠡᠬᠡ ᠰᠤᠷᠭᠠᠭᠤᠯᠢ (МУИС)
ᠵᠣᠷᠢᠯᠭ᠎ ‍ᠠ᠋ ᠵᠠᠢ ‍ᠢᠢᠨ ᠲᠠᠨᠳᠠᠯᠲᠠ᠂ ᠲᠧᠻᠨᠣᠯᠣᠭᠢ ‍ᠢᠢᠨ ᠲᠤᠷᠰᠢᠯᠲᠠ᠂ ᠭᠠᠵᠠᠷ ‍ᠤᠨ ᠵᠢᠷᠤᠭᠯᠠᠯ
ᠭᠠᠷᠤᠭᠠᠨ ‍ᠤ ᠲᠠᠯᠠᠪᠠᠢ
ᠴᠣᠢᠢᠯᠠᠭᠤᠷ
ᠬᠥᠭᠡᠷᠭᠡᠭᠰᠡᠨ 2021 ᠣᠨ ᠳ᠋ᠤ ᠬᠥᠭᠡᠷᠭᠡᠬᠦ ᠪᠡᠷ ᠲᠥᠯᠦᠪᠯᠡᠭᠰᠡᠨ
ᠲᠣᠭᠤᠷᠢᠭ ᠵᠠᠮ ᠳ᠋ᠤ ᠭᠠᠷᠤᠭᠰᠠᠨ
ᠲᠣᠭᠤᠷᠢᠭ ᠵᠠᠮ ᠳ᠋ᠠᠬᠢ ᠥᠷᠲᠡᠭᠡ
COSPAR ID
SCN
ᠬᠥᠯᠭᠡ ‍ᠢᠢᠨ ᠲᠥᠷᠦᠯ 1U CubeSat
ᠮᠠᠰᠰ 1.3 kg[1]
ᠬᠡᠮᠵᠢᠶ ‍ᠡ᠋ 10 x 10 x 10 cm
ᠦᠢᠯᠡ ᠠᠵᠢᠯᠯᠠᠭ᠎ ‍ᠠ᠋ ᠵᠣᠭᠰᠤᠭᠰᠠᠨ ᠲᠣᠭᠤᠷᠢᠭ ᠵᠠᠮ ᠳ᠋ᠤ 1-2 ᠵᠢᠯ ᠠᠵᠢᠯᠯᠠᠬᠤ ᠪᠣᠯᠤᠮᠵᠢ ᠲᠠᠢ
ᠲᠣᠭᠤᠷᠢᠭ ᠵᠠᠮ ‍ᠤᠨ ᠲᠥᠷᠦᠯ ᠨᠠᠮ ᠲᠣᠭᠤᠷᠢᠭ ᠵᠠᠮ
ᠳᠡᠭᠡᠳᠦ ᠥᠨᠳᠦᠷ ᠣᠢᠢᠷᠠᠯᠴᠠᠭ᠎ ‍‍ᠠ᠋ ᠪᠠᠷ ‍400 km
ᠳᠣᠣᠷᠠᠳᠤ ᠥᠨᠳᠦᠷ ᠣᠢᠢᠷᠠᠯᠴᠠᠭ᠎ ‍‍ᠠ᠋ ᠪᠠᠷ ‍400 km
ᠲᠣᠭᠤᠷᠢᠭ ᠵᠠᠮ ‍ᠤᠨ ᠬᠠᠵᠠᠢᠢᠯᠲᠠ 56.1°[2]
ᠲᠣᠭᠤᠷᠢᠭ ᠵᠠᠮ ‍ᠤᠨ ᠮᠥᠴᠡᠯᠭᠡ ᠳᠡᠯᠡᠬᠡᠢ ‍ᠢᠢ ᠡᠳᠦᠷ ᠲᠦ 14-15 ᠲᠣᠭᠤᠷᠢᠨ᠎ ‍ᠠ᠋



ᠲᠡᠮᠡᠦᠯᠦᠯ ᠬᠢᠮᠡᠯ ᠳᠠᠭᠠᠭᠤᠯᠢ 2021 ᠣᠨ ᠳ᠋ᠤ ᠬᠥᠭᠡᠷᠭᠡᠬᠦ ᠪᠡᠷ ᠲᠥᠯᠦᠪᠯᠡᠭᠰᠡᠨ᠃

ᠬᠢᠮᠡᠯ ᠳᠠᠭᠠᠭᠤᠯᠢ ‍ᠢᠢ ᠮᠣᠩᠭᠤᠯ ᠤᠯᠤᠰ ‍ᠤᠨ ᠶᠡᠬᠡ ᠰᠤᠷᠭᠠᠭᠤᠯᠢ ᠳ᠋ᠤ ᠪᠦᠲᠦᠭᠡᠵᠦ ᠪᠠᠢᠢᠨ᠎ ‍ᠠ᠋᠃

ᠮᠣᠩᠭᠤᠯ ‍ᠰᠤᠳᠤᠯᠤᠭᠠᠴᠢᠳ ‍ᠤᠨ ᠪᠦᠲᠦᠭᠡᠭᠰᠡᠨ ᠠᠩᠬᠠᠨ ‍ᠤ ᠬᠢᠮᠡᠯ ᠳᠠᠭᠠᠭᠤᠯᠢ ᠮᠠᠵᠠᠭᠠᠯᠠᠢ 2017 ᠣᠨ ᠳ᠋ᠤ ᠬᠥᠭᠡᠷᠡᠭᠰᠡᠨ᠃

ᠮᠠᠵᠠᠭᠠᠯᠠᠢ ᠬᠢᠮᠡᠯ ᠳᠠᠭᠠᠭᠯᠢ ‍ᠢ ᠶᠠᠫᠣᠨ ᠤᠯᠤᠰ ‍ᠤᠨ ᠰᠢᠪᠠᠭᠤᠳ (Birds 1) ᠲᠥᠰᠦᠯ ‍ᠦᠨ ᠬᠦᠷᠢᠶᠡᠨ ‍ᠳᠦ ᠮᠣᠩᠭᠤᠯ ᠤᠯᠤᠯᠰ ‍ᠤᠨ ᠶᠡᠬᠡ ᠰᠤᠷᠭᠠᠭᠤᠯᠢ ‍ᠢᠢᠨ ᠵᠠᠯᠠᠭᠤ ᠰᠤᠳᠤᠯᠤᠭᠠᠴᠢᠳ ᠪᠦᠲᠦᠭᠡᠭᠰᠡᠨ ᠪᠢᠯᠡ᠃

ᠡᠨᠡ ᠲᠤᠷᠰᠢᠯᠭ᠎ ‍ᠠ᠋ ᠳ᠋ᠤ ᠪᠠᠨ ᠰᠠᠭᠤᠷᠢᠯᠠᠨ ᠲᠡᠮᠡᠦᠯᠦᠯ ᠬᠢᠮᠡᠯ ᠳᠠᠭᠠᠭᠤᠯᠢ ‍ᠢᠢ ᠪᠡᠶ ‍ᠡ᠋ ᠳᠠᠭᠠᠭᠠᠨ ᠬᠥᠭᠵᠢᠭᠦᠯᠵᠦ ᠪᠠᠢᠢᠭ᠎ ‍ᠠ᠋ ᠪᠢᠯᠡ᠃

ᠲᠥᠰᠦᠯ

ᠲᠡᠮᠡᠦᠦᠯᠦᠯ ᠲᠥᠰᠦᠯ ᠣᠭᠲᠠᠷᠭᠤᠢ ‍ᠢᠢᠨ ᠲᠧᠻᠨᠣᠯᠣᠭᠢ ‍ᠢᠢᠨ ᠰᠢᠨᠵᠢᠯᠡᠬᠦ ᠤᠬᠠᠭᠠᠨ ‍ᠳ᠋ᠤ ᠮᠣᠩᠭᠤᠯ ᠤᠯᠤᠰ ‍ᠢ ᠳᠠᠬᠢᠨ ᠨᠢᠭᠡ ᠱᠠᠲᠤ ᠠᠬᠢᠭᠤᠯᠬᠤ ᠵᠣᠷᠢᠯᠭ᠎ ‍ᠠ᠋ ᠲᠠᠢ᠃[3]

ᠡᠨᠡ ᠪᠣᠯ ᠰᠢᠨᠵᠢᠯᠡᠬᠦ ᠤᠬᠠᠭᠠᠨ ᠤ ᠰᠤᠳᠤᠯᠭ᠎ᠠ᠂ ᠲᠧᠻᠨᠣᠯᠣᠭᠢ  ᠶᠢᠨ ᠲᠤᠷᠰᠢᠯᠲᠠ ᠶᠢ ᠰᠲ᠋ᠠᠨ᠍ᠳᠠᠷᠲ ᠬᠢᠬᠦ ᠪᠣᠯᠤᠮᠵᠢ ᠲᠠᠢ Cubesat ᠠᠩᠭᠢᠯᠠᠯ  ᠤᠨ ᠬᠢᠮᠡᠯ ᠳᠠᠭᠠᠭᠤᠯᠢ ᠶᠢ ᠮᠣᠩᠭᠣᠯ ᠤᠯᠤᠰ  ᠲᠤ ᠪᠦᠲᠦᠭᠡᠬᠦ ᠵᠠᠮ  ‍ᠢᠶ᠋ᠠᠷ ᠰᠠᠨᠰᠠᠷ  ᠤᠨ ᠲᠧᠻᠨᠣᠯᠣᠭᠢ  ᠶᠢ ᠡᠵᠡᠮᠰᠢᠬᠦ᠂ ᠥᠨᠳᠥᠷ ᠲᠧᠻᠨᠣᠯᠣᠭᠢ  ᠶᠢ ᠳᠣᠲᠣᠭᠠᠳᠤ  ᠳᠤ ᠪᠠᠨ ᠪᠦᠲᠦᠭᠡᠬᠦ᠂ ᠡᠨᠡ ᠰᠠᠯᠪᠤᠷᠢ  ᠶᠢᠨ ᠪᠣᠯᠪᠠᠰᠤᠨ ᠬᠦᠴᠦᠨ  ᠢ ᠪᠡᠯᠡᠳᠬᠡᠬᠦ᠂ ᠡᠷᠳᠡᠮ ᠮᠡᠳᠡᠯᠭᠡ ᠶᠢ ᠲᠦᠭᠡᠭᠡᠨ ᠳᠡᠯᠭᠡᠷᠡᠭᠦᠯᠬᠦ ᠵᠣᠷᠢᠯᠭ᠎ᠠ ᠲᠠᠢ ᠬᠡᠷᠡᠭᠵᠢᠵᠦ ᠪᠤᠢ ᠲᠥᠰᠥᠯ ᠶᠤᠮ᠃[2]

ᠮᠠᠵᠠᠭᠠᠯᠠᠢ ᠬᠢᠮᠡᠯ ᠳᠠᠭᠠᠭᠤᠯᠢ ᠶᠢ ᠪᠦᠲᠦᠭᠡᠭᠰᠡᠨ ᠲᠤᠷᠰᠢᠯᠭ᠎ ‍ᠠ᠋  ᠳᠤ ᠪᠠᠨ ᠦᠨᠳᠦᠰᠦᠯᠡᠨ᠂ ᠮᠣᠩᠭᠣᠯ ᠤᠯᠤᠰ ᠤᠨ ᠶᠡᠬᠡ ᠰᠤᠷᠭᠠᠭᠤᠯᠢ  ᠶᠢᠨ ᠪᠠᠭᠰᠢ᠂ ᠣᠶᠤᠲᠠᠨ ᠤ ᠬᠠᠮᠲᠤᠷᠠᠭᠰᠠᠨ ᠪᠠᠭ 《ᠲᠡᠮᠡᠦᠯᠡᠯ》 ᠨᠡᠷ᠎ᠡ ᠲᠡᠢ ᠳᠠᠷᠤᠭ᠎ᠠ ᠶᠢᠨ ᠬᠢᠮᠡᠯ ᠳᠠᠭᠠᠭᠤᠯᠢ ᠪᠠᠨ ᠪᠦᠲᠦᠭᠡᠬᠦ ᠠᠵᠢᠯ ᠳᠤ ᠪᠠᠨ ᠣᠷᠣᠭᠰᠠᠨ ᠪᠢᠯᠡ᠃

ᠲᠥᠰᠦᠯ ᠨᠢ ᠳᠠᠷᠠᠭᠠᠬᠢ ᠵᠣᠷᠢᠯᠲᠠ ᠨᠤᠭᠤᠳ ‍‍ᠢ ᠮᠥᠷᠳᠡᠯᠭᠡ ᠪᠣᠯᠭᠠᠨ ᠠᠵᠢᠯᠯᠠᠵᠤ ᠪᠠᠢᠢᠨ᠎ ‍ᠠ᠋᠄

  • ᠬᠢᠮᠡᠯ ᠳᠠᠭᠠᠭᠤᠯᠢ  ᠶᠢᠨ ᠳᠠᠭᠠᠭᠠᠯᠭᠠᠪᠤᠷᠢ  ᠶᠢᠨ ᠲᠥᠯᠦᠪᠯᠡᠭᠡᠨ ᠡᠴᠡ ᠡᠬᠢᠯᠡᠭᠡᠳ ᠬᠢᠮᠡᠯ ᠳᠠᠭᠠᠭᠤᠯᠢ ᠲᠣᠭᠷᠢᠭ ᠵᠠᠮ  ᠠᠴᠠ ᠭᠠᠷᠬᠤ ᠬᠦᠷᠲᠡᠯᠡᠬᠢ ᠴᠣᠭᠴᠠ ᠦᠢᠯᠡ ᠶᠠᠪᠤᠴᠠ ‍ᠢᠢᠨ ᠲᠤᠬᠠᠢ ᠰᠢᠰᠲ᠋ᠧᠮ ᠢᠨ᠍ᠵᠧᠨᠧᠷᠴᠢᠯᠡᠯ  ᠦᠨ ᠮᠡᠳᠡᠯᠭᠡ  ᠶᠢ ᠢᠨ᠍ᠵᠧᠨᠧᠷ᠂ ᠰᠤᠳᠤᠯᠤᠭᠠᠴᠢ᠂ ᠣᠶᠤᠲᠠᠨ  ᠨᠤᠭᠤᠳ  ᠲᠤ ᠣᠯᠭᠣᠬᠤ᠃
  • ᠮᠣᠩᠭᠣᠯ ᠤᠯᠤᠰ  ᠤᠨ ᠰᠢᠨᠵᠢᠯᠡᠬᠦ ᠤᠬᠠᠭᠠᠨ ᠲᠧᠻᠨᠣᠯᠣᠭᠢ  ᠶᠢᠨ ᠬᠥᠭᠵᠢᠯ ᠳ᠋ᠦ ᠠᠻᠠᠳᠧᠮᠢᠻ ᠪᠣᠯᠤᠨ ᠪᠢᠽᠢᠨᠧᠰ  ᠦᠨ ᠪᠠᠶ᠋ᠢᠭᠤᠯᠤᠯᠭ᠎ ᠎ᠠ  ᠶᠢᠨ ᠬᠠᠮᠲᠤ  ᠶᠢᠨ ᠠᠵᠢᠯᠯᠠᠭ᠎ ᠎ᠠ  ᠪᠠᠨ᠂ ᠤᠶᠠᠯᠳᠤᠭ᠎ ‍ᠠ᠋ ᠬᠣᠯᠪᠣᠭ᠎ ᠎ᠠ  ᠶᠢ ᠰᠠᠶ᠋ᠢᠵᠢᠷᠠᠭᠤᠯᠬᠤ  ᠳᠤ ᠲᠡᠮᠡᠦᠯᠡᠯ ᠲᠥᠰᠥᠯ  ‍ᠢᠶ᠋ᠡᠷ ᠳᠠᠮᠵᠢᠭᠤᠯᠤᠨ ᠪᠣᠳᠠᠲᠠᠢ ᠬᠤᠪᠢ ᠨᠡᠮᠡᠷᠢ ᠤᠷᠤᠭᠤᠯᠬᠤ᠃
  • ᠮᠣᠩᠭᠣᠯ ᠢᠨ᠍ᠵᠧᠨᠧᠷ ᠰᠤᠳᠤᠯᠤᠭᠠᠴᠢᠳ  ᠤᠨ ᠬᠢᠬᠦ ᠪᠦᠲᠦᠭᠡᠬᠦ ᠴᠢᠳᠠᠪᠤᠷᠢ  ᠶᠢ ᠬᠠᠷᠠᠭᠤᠯᠵᠤ᠂ ᠦᠨᠳᠦᠰᠦᠨ ‍ᠦ ᠢᠨ᠍ᠵᠧᠨᠧᠷ ᠰᠤᠳᠤᠯᠤᠭᠠᠴᠢᠳ  ᠲᠤ ᠢᠲᠡᠭᠡᠬᠦ ᠢᠲᠡᠭᠡᠯ  ᠢ ᠪᠡᠬᠢᠵᠢᠭᠦᠯᠬᠦ᠂ ᠣᠯᠠᠨ ᠨᠡᠶ᠋ᠢᠲᠡ ᠶᠢᠨ ᠰᠡᠳᠬᠢᠯ ᠵᠦᠢ  ᠳᠦ ᠡᠶᠡᠷᠡᠭ ᠨᠥᠯᠥᠭᠡ ᠦᠵᠡᠭᠦᠯᠬᠦ᠃
  • ᠣᠭᠲᠠᠷᠭᠤᠢ  ᠳᠤ ᠲᠤᠷᠰᠢᠭᠳᠠᠭᠰᠠᠨ ᠥᠪᠡᠷ  ᠦᠨ ᠭᠡᠰᠡᠨ ᠬᠢᠮᠡᠯ ᠳᠠᠭᠠᠭᠤᠯᠢ ᠶᠢᠨ ᠰᠠᠭᠤᠷᠢ ᠰᠢᠰᠲ᠋ᠧᠮ᠂ ᠲᠧᠻᠨᠣᠯᠣᠭᠢ ᠲᠠᠢ ᠪᠣᠯᠬᠤ᠂ ᠴᠢᠨᠠᠭᠰᠢᠳᠠ ᠥᠭᠡᠷ ᠎ᠡ ᠬᠢᠮᠡᠯ ᠳᠠᠭᠠᠭᠤᠯᠢ ᠬᠢᠬᠦ  ᠳᠦ ᠡᠨᠡ ᠲᠥᠰᠥᠯ  ᠦᠨ ᠬᠦᠷᠢᠶᠡᠨ  ᠳᠦ ᠨᠢᠭᠡᠨᠲᠡ ᠲᠤᠷᠰᠢᠭᠳᠠᠵᠤ ᠪᠠᠲᠤᠯᠠᠭᠳᠠᠭᠰᠠᠨ ᠠᠷᠭ᠎ ᠎ᠠ ᠲᠧᠻᠨᠣᠯᠣᠭᠢ  ᠪᠠᠨ ᠠᠰᠢᠭᠯᠠᠬᠤ᠃[1]



ᠬᠢᠮᠡᠯ ᠳᠠᠭᠠᠭᠤᠯᠢ


1U Cubesat ‍ᠤᠨ ᠳᠣᠲᠤᠭᠠᠳᠤ ᠪᠦᠲᠦᠴᠡ


ᠲᠡᠮᠡᠦᠯᠦᠯ ᠬᠢᠮᠡᠯ ᠳᠠᠭᠠᠭᠤᠯᠢ ᠨᠢ᠄

1U (10 ᠰᠠᠨᠲ᠋ᠢᠮᠧᠲ᠋ᠧᠷ3) ᠰᠲ᠋ᠠᠨ᠍ᠳᠠᠷᠲ ᠬᠡᠮᠵᠢᠶ᠎ᠡ ᠲᠡᠢ᠂ 1.3 ᠻᠢᠯᠣᠭᠷᠠᠮ ᠵᠢᠩᠲᠡᠢ ᠪᠠᠢᠢᠬᠤ ᠪᠣᠯᠤᠨ᠎ ‍ᠠ᠋᠃

ᠣᠭᠲᠠᠷᠭᠤᠢ ᠳ᠋ᠤ ᠰᠢᠨᠵᠢᠯᠡᠬᠦ ᠤᠬᠠᠭᠠᠨ᠂ ᠲᠧᠻᠨᠣᠯᠣᠭᠢ ᠶᠢᠨ ᠲᠤᠷᠰᠢᠯᠲᠠ  ᠶᠢᠨ ᠨᠡᠶ᠋ᠢᠲᠡ 5 ᠳᠠᠭᠠᠭᠠᠯᠭᠠᠪᠤᠷᠢ ᠭᠦᠢᠴᠡᠳᠭᠡᠨ᠎ᠡ᠃

ᠮᠣᠩᠭᠣᠯ ᠤᠯᠤᠰ ᠤᠨ ᠲᠡᠦᠬᠡᠨ  ᠳᠦ ᠳᠣᠲᠣᠭᠠᠳᠤ  ᠳᠤ ᠪᠠᠨ ᠪᠦᠲᠦᠭᠡᠭᠳᠡᠭᠰᠡᠨ ᠠᠩᠬᠠᠨ ᠤ ᠬᠢᠮᠡᠯ ᠳᠠᠭᠠᠭᠤᠯᠢ ᠪᠣᠯᠤᠨ᠎ᠠ᠃

ᠲᠡᠮᠡᠦᠯᠡᠯ ᠬᠢᠮᠡᠯ ᠳᠠᠭᠠᠭᠤᠯᠢ ᠨᠢ ᠣᠶ᠋ᠢᠷᠠᠯᠴᠠᠭ᠎ ‍ᠠ᠋  ᠪᠠᠷ 400 ᠻᠢᠯᠣᠮᠧᠲ᠋ᠧᠷ ᠥᠨᠳᠦᠷ ᠲᠣᠭᠣᠷᠢᠭ ᠵᠠᠮ  ᠳᠤ ᠠᠵᠢᠯᠯᠠᠨ᠎ ‍ᠠ᠋᠃

ᠳᠡᠯᠡᠬᠡᠢ ᠶᠢ ᠡᠳᠦᠷ ᠲᠦ 14 ᠍ ᠡᠴᠡ 15 ᠤᠳᠠᠭ᠎ᠠ ᠲᠣᠭᠣᠷᠢᠨ᠎ ᠎ᠡ᠃

ᠬᠢᠮᠡᠯ ᠳᠠᠭᠠᠭᠤᠯᠢ ᠨᠢ ᠣᠭᠲᠠᠷᠭᠤᠢ ᠳ᠋ᠤ ᠣᠶ᠋ᠢᠷᠠᠯᠴᠠᠭ᠎ ‍ᠠ᠋  ᠪᠠᠷ ᠨᠢᠭᠡ ᠵᠢᠯ ᠠᠵᠢᠯᠯᠠᠨ᠎ᠠ᠃

2021 ᠣᠨ ᠳᠤ ᠬᠥᠭᠡᠷᠭᠡᠵᠦ᠂ ᠵᠠᠳᠠᠭᠠᠢ ᠰᠠᠨᠰᠠᠷ  ᠲᠤ ᠠᠵᠢᠯᠯᠠᠵᠤ ᠡᠬᠢᠯᠡᠨ᠎ᠡ᠃ [1]

ᠨᠡᠷ ‍ᠡ᠋ ᠲᠣᠮᠢᠶᠠᠯᠠᠯ᠋

ᠬᠢᠮᠡᠯ ᠳᠠᠭᠠᠭᠤᠯᠢ - satellite - искусственный спутник

ᠣᠯᠠᠨ ᠤᠯᠤᠰ ‍ᠤᠨ ᠰᠠᠨᠰᠠᠷ ‍ᠤᠨ ᠰᠲ᠋ᠠᠨ᠍ᠼ - International Space Station - Международная космическая станция

ᠲᠣᠭᠤᠷᠢᠭ ᠵᠠᠮ - orbit - орбита

ᠵᠠᠢ ‍ᠢᠢᠨ ᠲᠠᠩᠳᠠᠯᠲᠠ - remote sensing - дистанционное зондирование Земли

ᠴᠣᠢᠢᠯᠠᠭᠤᠷ᠂ ᠵᠥᠭᠡᠭᠴᠢ ᠫᠤᠤᠵᠢᠩ - launch vehicle - ракета-носитель

ᠣᠭᠲᠠᠷᠭᠤᠶ ‍ᠢᠢᠨ ᠬᠥᠯᠭᠡ - spacecraft - космический корабль

ᠰᠠᠨᠰᠠᠷ ᠰᠤᠳᠤᠯᠤᠯ - astronautics - космонавтика

ᠣᠭᠲᠠᠷᠭᠤᠶ ‍ᠢᠢᠨ ᠲᠤᠶᠠᠭ᠎ ‍ᠠ᠋ - cosmic ray, cosmic radiation - космические лучи

ᠠᠭᠠᠷ ᠮᠠᠨᠳᠤᠯ - atmosphere - атмосфера

ᠤᠶᠠᠯᠳᠤᠭ᠎ ‍ᠠ᠋ ᠲᠠᠢ ᠨᠡᠢᠢᠲᠡᠯᠡᠯ

ᠮᠠᠵᠠᠭᠠᠯᠠᠶ ᠬᠢᠮᠡᠯ ᠳᠠᠭᠠᠭᠤᠯᠢ

ᠡᠬᠢ ᠰᠤᠷᠪᠤᠯᠵᠢ

  1. 1.0 1.1 1.2 ᠮᠣᠩᠭᠤᠯ ‍ᠤᠨ ᠰᠠᠨᠰᠠᠷ ‍ᠤᠨ ᠲᠧᠻᠨᠣᠯᠣᠭᠢ ‍ᠢᠢᠨ ᠬᠣᠯᠪᠤᠭ᠎ ‍ᠠ᠋᠃ ᠲᠡᠮᠡᠦᠯᠦᠯ᠃ ᠬᠠᠨᠳᠤᠭᠰᠠᠨ 2021/03/07
  2. 2.0 2.1 ᠢᠩᠨᠣᠸᠠᠼ ‍ᠤᠨ ᠦᠵᠡᠰᠬᠦᠯᠡᠩ ᠡᠴᠡ ᠣᠨᠴᠠᠯᠠᠬᠤ ᠳᠥᠷᠪᠡᠨ ᠪᠦᠲᠦᠭᠡᠭᠳᠡᠬᠦᠨ᠃ 1. ᠲᠡᠮᠡᠦᠯᠦᠯ ᠬᠢᠮᠡᠯ ᠳᠠᠭᠠᠭᠤᠯᠢ᠃ 2019/05/09᠃ ᠬᠠᠨᠳᠤᠭᠰᠠᠨ 2021/03/07
  3. https://ikon.mn/n/24jo "ᠪᠢᠳᠡᠨ ‍ᠦ ᠲᠥᠰᠦᠯ ᠰᠠᠨᠰᠠᠷ ‍ᠤᠨ ᠲᠧᠻᠨᠣᠯᠣᠭᠢ ‍ᠢᠢᠨ ᠰᠢᠨᠵᠢᠯᠡᠬᠦ ᠤᠬᠠᠭᠠᠨ ᠳ᠋ᠤ ᠮᠣᠩᠭᠤᠯ ᠤᠯᠤᠰ ‍ᠢ ᠳᠠᠬᠢᠨ ᠨᠢᠭᠡ ᠱᠠᠲᠤ ᠠᠬᠢᠭᠤᠯᠬᠤ ᠵᠣᠷᠢᠯᠭ᠎ ‍ᠠ᠋ ᠲᠠᠢ"᠂ 2021/02/10᠃ ᠬᠠᠨᠳᠤᠭᠰᠠᠨ 2021/03/07