ᠮᠠᠷᠰ-V

13:18, 5 Дөрөвдүгээр сар 2021-ий байдлаарх Ogtarguy (яриа | оруулсан хувь нэмэр) хэрэглэгчийн хийсэн залруулга

ᠮᠠᠷᠰ-V ᠲᠥᠰᠦᠯ

ᠮᠠᠷᠰ-V (Mars-V) ᠪᠣᠯ ᠠᠨᠩᠭᠠᠷᠠᠭ ᠭᠠᠷᠠᠭ ᠲᠤ ᠠᠶᠠᠯᠠᠬᠤ ᠰᠤᠷᠭᠠᠭᠤᠯᠢᠯᠠᠯᠲᠠ ‍ᠢᠢᠨ ᠠᠻᠠᠳᠧᠮᠢacademy᠂ ᠣᠭᠲᠠᠷᠭᠤᠢ ‍ᠢᠢᠨ ᠰᠤᠳᠤᠯᠭ᠎ ‍ᠠ᠋ ᠰᠢᠨᠵᠢᠯᠡᠭᠡᠨ ‍ᠦ ᠴᠢᠯᠦᠭᠡᠲᠦ ᠪᠦᠰᠡ᠂ ᠠᠶᠠᠯᠠᠯ ᠵᠢᠭᠤᠯᠴᠢᠯᠠᠯ ‍ᠤᠨ ᠳᠠᠭᠠᠭᠤᠯᠢ ᠬᠣᠲᠠ ᠡᠴᠡ ᠪᠦᠷᠢᠳᠡᠭᠰᠡᠨ ᠰᠢᠨᠵᠢᠯᠡᠬᠦ ᠤᠬᠠᠭᠠᠨ᠂ ᠲᠧᠻᠨᠣᠯᠣᠭᠢtechnology᠂ ᠢᠩᠨᠣᠸᠠᠼ ‍ᠤᠨinnovation ᠣᠯᠠᠨ ᠤᠯᠤᠰ ‍ᠤᠨ ᠲᠥᠪ ᠪᠠᠢᠢᠭᠤᠯᠬᠤ ᠲᠥᠰᠦᠯ ᠪᠢᠯᠡ᠃ [1]
ᠤᠷᠢᠢ ‍ᠠ᠋ ᠨᠢ᠄ ᠮᠠᠷᠰ ᠬᠦᠮᠦᠨ ᠪᠦᠷᠢ ᠳᠦ︕ (Mars for Everyone)
V ᠦᠰᠦᠭ ᠨᠢ Vision (ᠠᠯᠤᠰ ‍ᠤᠨ ᠬᠠᠷᠠᠭ᠎ ‍ᠠ᠋)᠂ Victory (ᠢᠯᠠᠯᠲᠠ)᠂ V industrial revolution (ᠠᠵᠢ ᠦᠢᠯᠡᠳᠪᠦᠷᠢ ‍ᠢᠢᠨ ᠲᠠᠪᠤᠳᠤᠭᠠᠷ ᠬᠤᠪᠢᠰᠬᠠᠯ) ᠭᠡᠰᠡᠨ ᠤᠳᠬ ‍ᠠ᠋ ‍ᠤᠳ ‍ᠢ ᠲᠥᠯᠦᠭᠡᠯᠡᠭᠰᠡᠨ ᠪᠡᠯᠭᠡᠳᠡᠯ ᠶᠤᠮ᠃[2]
ᠡᠷᠬᠢᠮ ᠵᠣᠷᠢᠯᠭ᠎ ‍ᠠ᠋ ᠨᠢ᠄ ᠠᠩᠭᠠᠷᠠᠭ ᠭᠠᠷᠠᠭ ‍ᠢ ᠡᠵᠡᠮᠰᠢᠬᠦ ᠬᠦᠮᠦᠨ ᠲᠥᠷᠦᠯᠬᠢᠲᠡᠨ ‍ᠦ ᠬᠣᠯᠪᠤᠭᠠᠰᠤ᠃
ᠲᠥᠰᠦᠯ ‍ᠦᠨ ᠦᠢᠯᠡ ᠠᠵᠢᠯᠯᠠᠭ᠎ ‍ᠠ᠋ ᠬᠠᠨᠳᠢᠪ ‍ᠢᠢᠠᠷ ᠰᠠᠩᠬᠦᠵᠢᠳᠡᠭ ᠪᠠ ᠰᠠᠢᠢᠨ ᠳᠤᠷ ‍ᠠ᠋ ‍ᠢᠢᠨ ᠬᠢᠨ ‍ᠤ ᠬᠦᠴᠦ ᠴᠢᠷᠮᠠᠢᠢᠯᠲᠠ ᠳ᠋ᠤ ᠲᠦᠰᠢᠭᠯᠡᠳᠡᠭ᠃

ᠲᠡᠦᠬᠡ

ᠮᠠᠷᠰ-V ᠲᠥᠰᠦᠯ ‍ᠢ 2018 ᠣᠨ ᠳ᠋ᠤ ᠰᠠᠨᠠᠭᠠᠴᠢᠯᠠᠭᠰᠠᠨ ᠪᠠ 2019 ᠣᠨ ‍ᠤ 02 ᠳ᠋ᠤᠭᠠᠷ ᠰᠠᠷ ‍ᠠ᠋ ᠳ᠋ᠤ ᠨᠡᠭᠡᠭᠡᠯᠲᠡ ‍ᠢ ᠬᠢᠭᠰᠡᠨ ᠪᠠᠢᠢᠨ᠎ ‍ᠠ᠋᠃

ᠰᠻᠠᠢᠢᠲ᠋ᠧᠯSkytel ᠻᠣᠮᠫᠠᠨᠢ ‍ᠢᠢᠨcompany ᠬᠠᠭᠤᠴᠢᠨ ᠵᠠᠬᠢᠷᠠᠯ ᠳ᠂ ᠪᠣᠯᠤᠷ USD 5000 ᠪᠠᠷ ᠠᠩᠬᠠᠨ ‍ᠤ ᠬᠥᠷᠦᠩᠭᠡ ᠣᠷᠤᠭᠤᠯᠤᠭᠴᠢ ᠪᠣᠯᠵᠤ ᠪᠠᠢᠢᠭᠰᠠᠨ᠃

ᠡᠬᠢᠨ ‍ᠦ ᠬᠣᠶᠠᠷ ᠵᠢᠯ ᠳ᠋ᠦ ᠪᠡᠨ ᠭᠠᠳᠠᠭᠠᠳᠤ ᠬᠠᠷᠢᠯᠴᠠᠭᠠᠨ ‍ᠤ ᠴᠢᠭᠯᠡᠯ ‍ᠢᠢᠡᠷ ᠰᠤᠳᠤᠯᠬ᠎ ‍ᠠ᠋ ᠬᠢᠭᠰᠡᠨ᠃

ᠲᠥᠰᠦᠯ ᠬᠡᠷᠡᠭᠵᠢᠭᠦᠯᠬᠦ᠂ ᠭᠠᠹᠠᠭᠠᠳᠤ ᠳᠣᠲᠤᠭᠠᠳᠤ ᠬᠠᠷᠢᠯᠠᠴᠠᠭᠠᠨ ᠳ᠋ᠤ ᠲᠥᠯᠦᠭᠡᠯᠬᠦ ᠡᠭᠦᠳᠡᠨ ᠡᠡ MARSA ᠲᠥᠷᠦ ‍ᠢᠢᠨ ᠪᠤᠰᠤ ᠪᠠᠢᠢᠭᠤᠯᠤᠯᠭ᠎ ‍ᠠ᠋ ‍ᠢᠢ 2019 ᠣᠨ ‍ᠤ 03 ᠰᠷᠠ ‍ᠠ᠋ ‍ᠢᠢᠨ 29 ᠳ᠋ᠦ ᠪᠠᠢᠢᠭᠤᠯᠤᠭᠰᠠᠨ᠃[2]

ᠮᠥᠨ ᠬᠤᠭᠤᠴᠠᠭᠠᠨ ‍ᠳᠤ ᠭᠠᠳᠠᠭᠠᠳᠤ ᠤᠯᠤᠰ ‍ᠤᠨ ᠰᠠᠨᠰᠠᠷ ᠰᠤᠳᠤᠯᠤᠯ ‍ᠤᠨ ᠪᠠᠢᠢᠭᠤᠯᠠᠯᠭ᠎ ‍ᠠ᠋ ᠨᠤᠭᠤᠳ ᠲᠠᠢ ᠬᠣᠯᠪᠤᠭ᠎ ‍ᠠ᠋ ᠲᠣᠭᠲᠤᠭᠠᠬᠤ᠂ ᠳᠡᠮᠵᠢᠯᠭᠡ ᠡᠷᠡᠯᠬᠢᠯᠡᠬᠦ ᠠᠵᠢᠯ ᠬᠢᠭᠰᠡᠨ ᠪᠠᠢᠢᠨ᠎ ‍ᠠ᠋᠃

ᠬᠣᠯᠪᠤᠭ᠎ ‍ᠠ᠋ ᠲᠣᠭᠲᠤᠭᠠᠭᠰᠠᠨ ᠪᠠᠢᠢᠭᠤᠯᠤᠯᠭ᠎ ‍ᠠ᠋ ‍ᠤᠳ ᠠᠨᠤ᠄

• JAXA ‍ᠢᠢᠨ (ᠶᠠᠫᠣᠨ ‍ᠤ ᠠᠭᠠᠷ ᠰᠠᠨᠰᠠᠷ ‍ᠤᠨ ᠰᠤᠳᠤᠯᠭᠠᠨ ‍ᠤ ᠠᠭᠧᠨ᠍ᠲ᠋ᠯᠢᠬ) ᠡᠷᠳᠡᠮᠲᠡᠳ ‍ᠦᠨ ᠵᠥᠪᠯᠡᠯ ᠳ᠋ᠦ ᠲᠠᠨᠢᠯᠴᠠᠭᠤᠯᠤᠭᠳᠠᠭᠰᠠᠨ

• KSC ‍ᠢᠢᠨ (ᠻᠡᠩᠨᠧᠳᠢ ‍ᠢᠢᠨKennedy ᠨᠡᠷᠡᠮᠵᠢᠲᠦ ᠰᠠᠨᠰᠠᠷ ‍ᠤᠨ ᠲᠥᠪ) ᠵᠠᠬᠢᠷᠠᠯ ᠷᠣᠪᠧᠷᠲ ᠻᠠᠪᠠᠨᠠRobert Cabana

• ᠠᠮᠧᠷᠢᠻ ‍ᠦᠨ ᠨᠢᠭᠡᠳᠦᠭᠰᠡᠨ ᠤᠯᠤᠰ ‍ᠤᠨ ᠶᠡᠷᠦᠩᠬᠡᠢᠢᠯᠡᠭᠴᠢ ᠳ᠋ᠣᠨᠠᠯᠳ᠋ ᠲᠷᠠᠮᠫDonald Trump ᠲᠤ ᠮᠣᠩᠭᠤᠯ ᠤᠯᠤᠰ ‍ᠤᠨ ᠶᠡᠷᠦᠩᠬᠡᠢᠢᠯᠡᠭᠴᠢ ‍ᠢᠢᠨ ᠠᠢᠢᠯᠴᠢᠯᠠᠯ ‍ᠤᠨ ᠦᠶ ‍ᠡ᠋ ᠪᠡᠷ ᠲᠠᠨᠢᠯᠴᠠᠭᠤᠯᠤᠭᠳᠠᠭᠰᠠᠨ

• NASA (ᠦᠨᠳᠦᠰᠦᠨ ‍ᠦ ᠠᠭᠠᠷ ᠰᠠᠨᠰᠠᠷ ‍ᠤᠨ ᠨᠢᠰᠦᠯᠭᠡ ‍ᠢᠢᠨ ᠠᠯᠪᠠ)

• ᠣᠷᠤᠰ ‍ᠤᠨ ᠬᠣᠯᠪᠤᠭᠠᠨ ‍ᠤ ᠤᠯᠤᠰ ‍ᠤᠨ ᠶᠡᠷᠦᠩᠬᠡᠢᠢᠯᠡᠭᠴᠢ ᠸᠯᠠᠳᠢᠮᠢᠷ ᠫᠦᠲ᠋ᠢᠨ᠎Владимир Путин ᠳ᠋ᠦ ᠲᠠᠨᠢᠯᠴᠠᠭᠤᠯᠤᠭᠳᠠᠭᠰᠠᠨ

• ᠣᠷᠤᠰ ‍ᠤᠨ ᠬᠣᠯᠪᠤᠭᠠᠨ ‍ᠤ ᠤᠯᠤᠰ ‍ᠤᠨ ᠰᠢᠨᠵᠢᠯᠡᠬᠦ ᠤᠬᠠᠭᠠᠨ ‍ᠤ ᠠᠻᠠᠳᠧᠮᠢ ‍ᠢᠢᠨ ᠶᠡᠷᠦᠩᠬᠡᠢᠢᠯᠡᠭᠴᠢ ᠠ᠊᠂ ᠰᠧᠭᠧᠶᠧᠹА.Сергеев

• ᠶᠠᠫᠣᠨ ᠤᠯᠤᠰ ‍ᠤᠨ ᠶᠡᠷᠦᠩᠬᠡᠢ ᠰᠠᠢᠢᠳ ᠱᠢᠨ᠍ᠽᠥ ᠠᠪᠧAbe Shinzō ᠳ᠋ᠦ ᠲᠠᠨᠢᠯᠴᠠᠭᠤᠯᠤᠭᠳᠠᠭᠰᠠᠨ

• ᠡᠨᠡᠳᠬᠡᠭ ᠤᠯᠤᠰ ‍ᠤᠨ ᠶᠡᠷᠦᠩᠬᠡᠢ ᠰᠠᠢᠢᠳ ᠨᠠᠷᠧᠨ᠍ᠲᠷᠠ ᠮᠣᠳᠢNarendra Modi ᠳ᠋ᠤ ᠲᠠᠨᠢᠯᠴᠠᠭᠤᠯᠤᠭᠳᠠᠭᠰᠠᠨ

• ᠡᠨᠡᠳᠬᠡᠭ ‍ᠦᠨ ᠣᠭᠲᠠᠷᠭᠤᠢ ‍ᠢᠢᠨ ᠰᠤᠳᠤᠯᠭᠠᠨ ‍ᠤ ᠪᠠᠢᠢᠭᠤᠯᠠᠯᠭ᠎ ‍ᠠ᠋ ᠳ᠋ᠤ ᠲᠠᠨᠢᠯᠴᠠᠭᠤᠯᠤᠭᠳᠠᠭᠰᠠᠨ

• NASA ‍ᠢᠢᠨ MEP (ᠠᠩᠭᠠᠷᠠᠭ ᠭᠠᠷᠠᠭ ‍ᠢ ᠰᠤᠳᠤᠯᠬᠤ ᠬᠥᠲᠦᠯᠪᠦᠷᠢᠨ) ‍ᠦᠨ ᠰᠤᠳᠤᠯᠭᠠᠨ ‍ᠤ ᠪᠦᠯᠢᠭ ᠲᠦ ᠪᠠᠭᠲᠠᠭᠰᠠᠨ

• IMEWG (ᠣᠯᠠᠨ ᠤᠯᠤᠰ ‍ᠤᠨ ᠠᠩᠭᠠᠷᠠᠭ ᠭᠠᠷᠠᠭ ‍ᠤᠨ ᠰᠤᠳᠤᠯᠭᠠᠨ ‍ᠤ ᠠᠵᠢᠯ ‍ᠤᠨ ᠬᠡᠰᠡᠭ) ᠲᠦ ᠪᠠᠭᠲᠠᠭᠰᠠᠨ᠃[3]

ᠲᠥᠰᠦᠯ

ᠳᠡᠯᠡᠬᠡᠢ ‍ᠢᠢᠨ 24 ᠲᠣᠮᠤᠬᠠᠨ ᠴᠥᠯ ᠭᠣᠪᠢ ‍ᠢᠢᠨ ᠪᠦᠰᠡ ᠨᠤᠲᠤᠭ ‍ᠤᠳ ᠡᠴᠡ ᠬᠠᠮᠤᠭ ‍ᠤᠨ ᠬᠦᠢᠲᠡᠨ ᠪᠥᠭᠡᠳ ᠬᠠᠯᠠᠭᠤᠨ ᠬᠦᠢᠲᠡᠨ ᠴᠠᠭ ᠠᠭᠠᠷ ‍ᠤᠨ ᠬᠠᠮᠤᠭ ‍ᠤᠨ ᠥᠨᠳᠦᠷ ᠬᠡᠯᠪᠡᠯᠵᠡᠯ ᠲᠡᠢ ᠨᠢ ᠮᠣᠩᠭᠤᠯ ‍ᠤᠨ ᠭᠣᠪᠢ ᠠᠵᠡᠢ᠃

ᠠᠩᠭᠠᠷᠠᠭ ᠭᠠᠷᠠᠭ ‍ᠦᠨ ᠴᠠᠭ ᠠᠭᠠᠷ ᠵᠢᠯ ᠳ᠋ᠦ ᠳᠤᠮᠳᠠᠵᠢ ᠪᠠᠷ -63°C ᠬᠦᠢᠲᠡᠨ ᠪᠠᠢᠢᠭᠠᠭ ᠠᠵᠢ᠃

ᠮᠣᠩᠭᠤᠯ ‍ᠤᠨ ᠭᠣᠪᠢ ‍ᠢᠢᠨ ᠴᠠᠭ ᠠᠭᠠᠷ ᠬᠠᠮᠤᠭ ‍ᠤᠨ ᠬᠦᠢᠲᠡᠨ ᠦᠶ ‍ᠡ᠋ ᠳ᠋ᠦ ᠪᠡᠨ -42°C ᠬᠦᠷᠳᠡᠭ ᠪᠠᠢᠢᠨ᠎ ‍ᠠ᠋᠃[4]

ᠡᠨᠡ ᠮᠡᠲᠦ ᠰᠢᠨᠵᠢ ᠴᠢᠨᠠᠷ ‍ᠢᠢᠠᠷ ‍ᠢᠢᠠᠨ ᠮᠣᠩᠭᠤᠯ ‍ᠤᠨ ᠭᠣᠪᠢ ᠨᠤᠲᠤᠭ ᠠᠩᠭᠠᠷᠠᠭ ᠭᠠᠷᠠᠭ ᠲᠠᠢ ᠬᠠᠮᠤᠭ ‍ᠤᠨ ᠣᠢᠢᠷᠠᠯᠴᠠᠭ᠎ ‍ᠠ᠋᠂ ᠲᠥᠰᠦᠲᠡᠢ ᠨᠥᠬᠦᠴᠡᠯ ᠪᠦᠬᠦᠢ ᠭᠡᠵᠦ ᠦᠵᠡᠭᠰᠡᠨ ᠪᠠᠢᠢᠨ᠎ ‍ᠠ᠋᠃
ᠡᠨᠡ ᠡᠭᠦᠳᠡᠨ ᠡᠴᠡ ᠮᠣᠩᠭᠤᠯ ‍ᠤᠨ ᠭᠣᠪᠢ ᠳ᠋ᠤ ᠠᠩᠭᠠᠷᠠᠭ ᠭᠠᠷᠠᠭ ᠲᠤ ᠰᠠᠭᠤᠷᠢᠰᠢᠨ ᠠᠮᠢᠳᠤᠷᠠᠬᠤ ᠬᠦᠮᠦᠰ ‍ᠢ ᠪᠡᠯᠡᠳᠬᠡᠬᠦ ᠰᠤᠷᠭᠠᠭᠤᠯᠢᠯᠠᠯᠲᠠ ‍ᠢᠢᠨ ᠲᠥᠪ ᠪᠠᠢᠢᠭᠤᠯᠬᠤ ᠨᠢ ᠨᠡᠩ ᠵᠣᠬᠢᠮᠵᠢ ᠲᠠᠢ ᠭᠡᠵᠦ ᠦᠵᠡᠭᠰᠡᠨ ᠪᠠᠢᠢᠨ᠎ ‍ᠠ᠋᠃

ᠲᠡᠢᠢᠮᠦ ᠡᠴᠡ ᠮᠠᠷᠰ-V ᠲᠥᠰᠦᠯ ‍ᠦᠨ ᠪᠡᠶᠡᠲᠦ ᠪᠦᠲᠦᠭᠡᠨ ᠪᠠᠢᠢᠭᠤᠯᠤᠯᠲᠠ ᠳᠠᠷᠠᠭᠠᠬᠢ ᠨᠨ ᠭᠤᠷᠪᠠᠨ ᠪᠦᠷᠡᠯᠳᠡᠬᠦᠨ ᠬᠡᠰᠡᠭ ᠪᠣᠯᠤᠨ᠎ ‍ᠠ᠋᠄

• ᠳᠠᠰᠤᠨ ᠵᠣᠬᠢᠴᠠᠬᠤ ᠰᠤᠷᠭᠠᠯᠲᠠ ᠶᠢᠨ ᠲᠥᠪ ᠪᠠᠶ᠋ᠢᠭᠤᠯᠬᠤ᠃ ᠃

• ᠰᠠᠨᠰᠠᠷ ᠤᠨ ᠰᠤᠳᠤᠯᠭ᠎ᠠ᠂ ᠬᠥᠭᠵᠢᠭᠦᠯᠦᠯᠲᠡ ᠶᠢᠨ ᠴᠢᠯᠦᠭᠡᠲᠦ ᠪᠥᠰᠡ ᠪᠤᠢ ᠪᠣᠯᠭᠠᠬᠤ᠃ ᠭᠠᠳᠠᠭᠠᠳᠤ ‍ᠢᠢᠨ ᠰᠤᠳᠤᠯᠭᠠᠨ ‍ᠤ ᠪᠠᠢᠢᠭᠤᠯᠤᠯᠭ᠎ ‍ᠠ᠋ ‍ᠤᠳ ᠰᠠᠨᠰᠠᠷ ᠰᠤᠳᠤᠯᠤᠯ  ᠤᠨ ᠪᠦᠲᠦᠭᠡᠭᠳᠡᠬᠦᠨ ᠨᠤᠭᠦᠳ ᠦᠢᠯᠡᠳᠪᠦᠷᠢᠯᠡᠬᠦ ᠲᠤᠷᠰᠢᠯᠲᠠ ‍ᠤᠳ ‍ᠢ ᠡ᠊ᠨᠳᠡ ᠢᠷᠡᠵᠦ ᠬᠢᠬᠦ ᠪᠣᠯᠤᠮᠵᠢ ‍ᠢ ᠪᠦᠷᠢᠳᠦᠭᠦᠯᠬᠦ ᠶᠤᠮ᠃[3]

ᠮᠥᠨ ᠳᠠᠭᠠᠭᠤᠯᠢ ᠬᠣᠲᠠ ᠪᠤᠢ ᠪᠣᠯᠬᠤ ᠪᠣᠯᠮᠵᠢ ᠲᠠᠢ᠃ ᠲᠠᠪᠢᠨ ᠮᠢᠩᠭᠠᠨ ᠬᠦᠮᠦᠨ ᠠᠮᠠ ᠲᠠᠢ ᠳᠠᠭᠠᠭᠤᠯᠢ ᠬᠣᠲᠠ ᠪᠤᠢ ᠪᠣᠯᠪᠠᠯ ᠲᠥᠪᠯᠡᠷᠡᠯ ‍ᠢ ᠰᠠᠭᠠᠷᠠᠭᠤᠯᠬᠤ ᠳ᠋ᠤ ᠳᠣᠷᠪᠢ ᠲᠠᠢ ᠬᠤᠪᠢ ᠨᠡᠮᠡᠷᠢ ᠪᠣᠯᠤᠨ᠎ ‍ᠠ᠋᠃[3]

MARSA

MARSA ᠨᠢ ᠮᠣᠩᠭᠤᠯ ‍ᠤᠨ ᠠᠭᠠᠷ ᠰᠠᠨᠰᠠᠷ ‍ᠤᠨ ᠰᠤᠳᠤᠯᠭ᠎ ‍ᠠ᠋᠂ ᠰᠢᠨᠵᠢᠯᠡᠬᠦ ᠤᠬᠠᠭᠠᠨ ‍ᠤ ᠨᠡᠢᠢᠭᠡᠨᠮᠯᠢᠭ ᠶᠤᠮ᠃

MARSA ᠭᠡᠳᠡᠭ ᠨᠢ Mongolian Aerospace Research and Science Association ᠭᠡᠰᠡᠨ ᠨᠡᠷᠡᠰᠢᠯ ‍ᠦᠨ ᠲᠣᠪᠴᠢᠯᠠᠯ ᠪᠣᠯᠤᠨ᠎ ‍ᠠ᠋᠃

ᠲᠤᠰ ᠪᠠᠢᠢᠭᠤᠯᠤᠯᠭ᠎ ‍ᠠ᠋ ᠮᠠᠷᠰ-V ᠲᠥᠰᠦᠯ ‍ᠦᠨ ᠬᠦᠷᠢᠶᠡᠨ ᠳ᠋ᠦ ᠳᠠᠷᠠᠭᠠᠬᠢ ᠴᠢᠭ ᠡᠭᠦᠷᠭᠡ ‍ᠢᠢ ᠬᠡᠷᠡᠭᠵᠢᠭᠦᠯᠵᠦ ᠪᠠᠢᠢᠨ᠎ ‍ᠠ᠋᠄

• ᠣᠭᠲᠠᠷᠭᠤᠢ ‍ᠢᠢᠨ ᠲᠧᠻᠨᠣᠯᠣᠭᠢ ᠬᠥᠭᠵᠢᠭᠦᠯᠦᠯᠲᠡ ᠶᠢᠨ ᠪᠠᠭᠠᠵᠢ ᠪᠠᠶ᠋ᠢᠭᠤᠯᠬᠤ
• ᠰᠠᠨᠰᠠᠷ ᠰᠤᠳᠤᠯᠭ᠎ᠠ ᠬᠥᠭᠵᠢᠭᠦᠯᠦᠯᠲᠡ ᠶᠢᠨ ᠣᠯᠠᠨ ᠤᠯᠤᠰ ᠤᠨ ᠬᠠᠮᠲᠤ ᠶᠢᠨ ᠠᠵᠢᠯᠯᠠᠭᠠᠨ ᠳᠤ ᠤᠷᠤᠯᠴᠠᠬᠤ᠂ ᠡᠻᠰᠫᠣ ᠵᠣᠬᠢᠶᠠᠨ ᠪᠠᠶ᠋ᠢᠭᠤᠯᠬᠤ
• ᠡᠷᠳᠡᠮ ᠰᠢᠨᠵᠢᠯᠡᠭᠡ ᠰᠤᠳᠤᠯᠭᠠᠨ ᠤ ᠵᠠᠭᠪᠤᠷᠴᠢᠯᠠᠯ ᠭᠠᠷᠭᠠᠬᠤ᠂ ᠲᠤᠷᠰᠢᠯᠲᠠ ᠬᠢᠬᠦ ᠪᠣᠯᠤᠮᠵᠢ ᠶᠢ ᠪᠤᠢ ᠪᠣᠯᠭᠠᠬᠤ
• ᠲᠥᠷᠥ ‍ᠪᠠ ᠬᠤᠪᠢ ‍ᠢᠢᠨ ᠬᠠᠪᠰᠢᠯ ‍ᠦᠨ ᠬᠠᠮᠲᠤ ᠶᠢᠨ ᠠᠵᠢᠯᠯᠠᠭ᠎ᠠ ᠶᠢ ᠤᠶᠠᠯᠳᠤᠭᠤᠯᠬᠤ[1]

ᠨᠡᠷ ‍ᠡ᠋ ᠲᠣᠮᠢᠶᠠᠯᠠᠯ

ᠠᠩᠭᠠᠷᠠᠭ - Mars - Марс

ᠲᠥᠰᠦᠯ - project - проект





ᠡᠬᠢ ᠰᠤᠷᠪᠤᠯᠵᠢ