Баттулга, Боржигин Халтмаагийн

02:36, 9 Дөрөвдүгээр сар 2021-ий байдлаарх 92.108.217.92 (яриа) хэрэглэгчийн хийсэн залруулга

ᠲᠦᠷᠦᠭᠰᠡᠨ ᠣᠩᠨᠠᠭ᠎ᠠ᠄ 1963 ᠣᠨ ᠤ 3 ᠰᠠᠷ᠎ᠠ ᠶᠢᠨ 3 ᠲᠦᠷᠦᠭᠰᠡᠨ ᠭᠠᠵᠠᠷ᠄ ᠮᠣᠩᠭᠣᠯ ᠤᠯᠤᠰ᠂ ᠤᠯᠠᠭᠠᠨᠪᠠᠭᠠᠲᠤᠷ ᠬᠣᠲᠠ ᠢᠷᠭᠡᠨ ᠦ ᠬᠠᠷᠢᠶᠠᠯᠠᠯ᠄ ᠮᠣᠩᠭᠣᠯ ᠤᠯᠤᠰ ᠦᠢᠯᠡ ᠠᠵᠢᠯᠯᠠᠭ᠎ᠠ᠄ ᠤᠯᠤᠰ ᠲᠥᠷᠦᠴᠢ᠂ ᠵᠦᠳᠣ᠋ ᠶᠢᠨ ᠲᠠᠮᠢᠷᠴᠢᠨ᠂ ᠪᠢᠽᠢᠨ᠋ᠧᠰ ᠡᠷᠬᠢᠯᠡᠭᠴᠢ ᠭᠠᠳᠠᠭᠠᠳᠤ ᠬᠡᠯᠡ᠄ ᠠᠩᠯᠢ᠂ ᠣᠷᠣᠰ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ 3 ᠤᠳᠠᠭ᠎ᠠ᠂ ᠵᠠᠰᠠᠭ ᠤᠨ ᠭᠠᠵᠠᠷ ᠤᠨ ᠭᠡᠰᠢᠭᠦᠨ᠂ ᠰᠠᠶᠢᠳ ᠢᠶᠠᠷ 2 ᠤᠳᠠᠭ᠎ᠠ ᠠᠵᠢᠯᠯᠠᠭᠰᠠᠨ ᠣᠯᠠᠨ ᠤᠯᠤᠰ ᠤᠨ ᠪᠠᠶᠢᠭᠤᠯᠤᠯᠭ᠎ᠠ ᠲᠠᠢ ᠬᠠᠮᠲᠤᠷᠠᠨ ᠠᠵᠢᠯᠯᠠᠬᠤ ᠲᠤᠷᠰᠢᠯᠭ᠎ᠠ ᠲᠠᠢ ᠬᠤᠪᠢ ᠶᠢᠨ ᠬᠡᠪᠰᠢᠯ ᠦᠨ ᠲᠠᠯ᠎ᠠ ᠪᠠᠷ ᠭᠦᠨᠵᠡᠭᠡᠢ ᠮᠡᠳᠡᠯᠭᠡ᠂ ᠲᠤᠷᠰᠢᠯᠭ᠎ᠠ ᠲᠠᠢ᠃

ᠨᠠᠮᠲᠠᠷ

ᠪᠣᠷᠵᠢᠭᠢᠨ ᠬᠠᠯᠲᠠᠮ᠎ᠠ ᠶᠢᠨ ᠪᠠᠲᠤᠲᠤᠯᠭ᠎ᠠ 1963 ᠣᠨ ᠳᠤ ᠤᠯᠠᠭᠠᠨᠪᠠᠭᠠᠲᠤᠷ ᠬᠣᠲᠠ ᠳᠤ ᠡᠴᠢᠭᠡ ᠬᠠᠯᠲᠠᠮ᠎ᠠ᠂ ᠡᠬᠡ ᠳᠣᠯᠵᠢᠨᠰᠦ᠋ᠷᠦᠩ ᠦᠨ ᠬᠣᠶᠠᠷ ᠳᠠᠬᠢ ᠬᠡᠦᠬᠡᠳ ᠪᠣᠯᠤᠨ ᠮᠡᠨᠳᠦᠯᠡᠵᠡᠢ᠃ ᠬᠠ᠊ ∙ ᠪᠠᠲᠤᠲᠤᠯᠭ᠎ᠠ ᠤᠯᠠᠭᠠᠨᠪᠠᠭᠠᠲᠤᠷ ᠬᠣᠲᠠ ᠶᠢᠨ 34 ᠳᠦᠭᠡᠷ ᠰᠤᠷᠭᠠᠭᠤᠯᠢ᠂ ᠳᠦᠷᠰᠦᠯᠡᠬᠦ ᠤᠷᠠᠯᠢᠭ ᠤᠨ ᠳᠤᠮᠳᠠ ᠰᠤᠷᠭᠠᠭᠤᠯᠢ ᠶᠢ ᠲᠤᠰ ᠲᠤᠰ ᠳᠦᠭᠦᠷᠭᠡᠵᠦ᠂ ᠵᠢᠷᠤᠭᠠᠴᠢ ᠮᠡᠷᠭᠡᠵᠢᠯ ᠡᠵᠡᠮᠰᠢᠵᠡᠢ᠃ ᠬᠠ᠊ ∙ ᠪᠠᠲᠤᠲᠤᠯᠭ᠎ᠠ 1982 ᠣᠨ ᠳᠤ 19 ᠨᠠᠰᠤᠨ ᠳᠤ ᠪᠠᠨ ᠤᠷᠠᠴᠤᠳ ᠤᠨ ᠡᠪᠯᠡᠯ ᠦᠨ ᠬᠣᠷᠢᠶᠠᠨ ᠳᠤ ᠵᠢᠷᠤᠭᠠᠴᠢ ᠶᠢᠨ ᠠᠵᠢᠯ ᠢᠶᠠᠷ ᠬᠥᠳᠡᠯᠮᠦᠷᠢ ᠶᠢᠨ ᠭᠠᠷᠤᠭ᠎ᠠ ᠪᠠᠨ ᠡᠬᠢᠯᠡᠭᠰᠡᠨ᠃ ᠮᠥᠨ ᠡᠨᠡ ᠬᠤᠭᠤᠴᠠᠭᠠᠨ ᠳᠤ ᠪᠠᠨ ᠰᠠᠮᠪᠣ ᠵᠢᠦ᠋ᠳᠣ᠋ ᠪᠥᠬᠡ ᠶᠢᠨ ᠤᠯᠤᠰ ᠤᠨ ᠰᠢᠭᠰᠢᠭᠡ ᠪᠠᠭ ᠲᠤ ᠤᠷᠢᠭᠳᠠᠨ 1983-1989 ᠣᠨ ᠳᠤ ᠳᠡᠯᠡᠬᠡᠢ ᠶᠢᠨ ᠠᠪᠤᠷᠭᠤ᠂ ᠳᠡᠯᠡᠬᠡᠢ ᠶᠢᠨ ᠴᠣᠮᠣ ᠶᠢᠨ ᠲᠡᠮᠡᠴᠡᠭᠡᠨ ᠨᠦᠭᠦᠳ ᠡᠴᠡ ᠬᠣᠶᠠᠷ ᠠᠯᠲᠠ᠂ ᠬᠣᠶᠠᠷ ᠮᠥᠩᠭᠥ᠂ ᠬᠣᠶᠠᠷ ᠬᠦᠷᠡᠯ ᠮᠧᠳᠠᠯ ᠠᠪᠴᠤ ᠠᠯᠲᠠᠨ ᠰᠣᠶᠣᠮᠪᠣ ᠳᠤ ᠳᠠᠯᠪᠠᠭ᠎ᠠ ᠶᠢ ᠪᠠᠨ ᠮᠠᠨᠳᠤᠭᠤᠯᠤᠨ᠂ ᠲᠥᠷᠥ ᠶᠢᠨ ᠳᠠᠭᠤᠯᠠᠯ ᠢᠶᠠᠨ ᠤᠳᠠᠭ᠎ᠠ ᠳᠠᠷᠠᠭ᠎ᠠ ᠡᠭᠡᠰᠢᠭᠯᠡᠭᠦᠯᠵᠦ ᠪᠠᠶᠢᠴᠠᠢ᠃ ᠮᠥᠨ ᠮᠣᠩᠭᠣᠯ ᠤᠯᠤᠰ ᠤᠨ ᠰᠠᠮᠪᠣ ᠪᠥᠬᠡ ᠶᠢᠨ ᠠᠪᠤᠷᠭᠤ ᠶᠢᠨ ᠠᠯᠲᠠᠨ ᠮᠧᠳᠠᠯ ᠢ ᠣᠯᠠᠨ ᠤᠳᠠᠭ᠎ᠠ ᠬᠦᠷᠲᠡᠵᠦ ᠪᠠᠶᠢᠴᠠᠢ᠃ ᠠᠷᠠᠳᠴᠢᠯᠠᠯ᠂ ᠵᠠᠬ᠎ᠠ ᠵᠡᠭᠡᠯᠢ ᠶᠢᠨ ᠨᠡᠶᠢᠭᠡᠮ ᠳᠦ ᠮᠣᠩᠭᠣᠯ ᠤᠯᠤᠰ ᠰᠢᠯᠵᠢᠭᠰᠡᠨ ᠠᠩᠬᠠᠨ ᠤ ᠡᠳᠦᠷ ᠡᠴᠡ ᠡᠬᠢᠯᠡᠨ ᠬᠠᠯᠲᠠᠮ᠎ᠠ ᠶᠢᠨ ᠪᠠᠲᠤᠲᠤᠯᠭ᠎ᠠ ᠡᠬᠡ ᠣᠷᠣᠨ ᠤ ᠪᠠᠨ ᠡᠳ᠋ ᠍ ᠦᠨ ᠵᠠᠰᠠᠭ ᠲᠤ ᠬᠤᠪ ᠤᠨ ᠬᠡᠪᠰᠢᠯ ᠦᠨ ᠰᠠᠭᠤᠷᠢ ᠶᠢ ᠪᠤᠢ ᠪᠣᠯᠭᠠᠵᠤ ᠪᠦᠷᠢᠳᠦᠭᠦᠯᠬᠦ ᠳᠦ ᠦᠶ᠎ᠡ ᠶᠢᠨ ᠵᠠᠯᠠᠭᠤᠰ ᠤᠨ ᠢᠶᠠᠨ ᠨᠢᠭᠡᠨ ᠠᠳᠠᠯᠢ ᠬᠠᠨᠴᠤᠢ ᠰᠢᠮᠠᠯᠠᠨ ᠣᠷᠣᠵᠤ᠂ ᠡᠳ᠋ ᠍ ᠦᠨ ᠵᠠᠰᠠᠭ ᠲᠤ ᠥᠪᠡᠷ ᠦᠨ ᠬᠤᠪᠢ ᠨᠡᠮᠡᠷᠢ ᠶᠢ ᠪᠣᠳᠠᠲᠠᠢ ᠪᠠᠷ ᠣᠷᠣᠭᠤᠯᠵᠤ ᠡᠬᠢᠯᠡᠵᠡᠢ᠃ ᠠᠩᠬᠠᠨ ᠤ ᠪᠢᠽᠢᠨ᠋ᠧᠰ ᠦᠨ ᠭᠠᠷᠤᠭ᠎ᠠ ᠪᠠᠨ ᠬᠡᠦᠬᠡᠳ ᠦᠨ ᠬᠤᠪᠴᠠᠰᠤ ᠤᠶᠤᠬᠤ᠂ ᠤᠩᠭᠠᠷᠢ ᠤᠯᠤᠰ ᠲᠤ ᠪᠣᠷᠣᠯᠠᠭᠤᠯᠬᠤ᠂ ᠳᠦᠷᠰᠦ ᠪᠢᠴᠢᠯᠭᠡ ᠶᠢᠨ ᠲᠣᠨᠣᠭ ᠲᠥᠬᠥᠭᠡᠷᠦᠮᠵᠢ ᠶᠢ ᠰᠢᠩᠭᠠᠫᠦᠷ ᠤᠯᠤᠰ ᠠᠴᠠ ᠢᠮᠫᠤᠷᠲᠯᠠᠬᠤ ᠵᠡᠷᠭᠡ ᠪᠡᠷ ᠡᠬᠢᠯᠡᠵᠦ ᠪᠠᠶᠢᠭᠰᠠᠨ ᠪᠥᠭᠡᠳ ᠰᠢᠨᠡᠬᠡᠨ ᠪᠠᠲᠤᠯᠠᠭᠳᠠᠵᠤ ᠪᠠᠶᠢᠭᠰᠠᠨ 《ᠻᠣᠮᠫᠠᠨᠢᠢ ᠲᠤᠬᠠᠢ ᠬᠠᠤᠯᠢ》 ᠍ ᠦᠨ ᠳᠠᠭᠠᠤ 1992 ᠣᠨ ᠳᠤ 《ᠵᠧᠩᠻᠣ》 ᠻᠣᠮᠫᠠᠨᠢ ᠶᠢ ᠡᠭᠦᠰᠬᠡᠨ ᠪᠠᠶᠢᠭᠤᠯᠵᠤ ᠵᠠᠬᠢᠷᠤᠯ ᠢᠶᠠᠷ ᠨᠢ ᠠᠵᠢᠯᠯᠠᠵᠠᠢ᠃ ᠲᠡᠷᠡᠪᠡᠷ ᠴᠢᠨᠠᠭᠰᠢᠳᠠ ᠪᠠᠶᠠᠩ ᠢᠶᠠᠯ ᠵᠣᠴᠢᠳ ᠪᠠᠭᠤᠳᠠᠯ ᠤᠨ ᠭᠦᠢᠴᠡᠳᠭᠡᠬᠦ ᠵᠠᠬᠢᠷᠤᠯ᠂ ᠮᠢᠬ᠎ᠠ ᠢᠮᠫᠧᠻᠰ ᠬᠤᠪᠢᠴᠠᠭᠲᠤ ᠻᠣᠮᠫᠠᠨᠢ ᠍᠊ᠢᠢᠨ ᠭᠦᠢᠴᠡᠳᠭᠡᠬᠦ ᠵᠠᠬᠢᠷᠤᠯ ᠢᠶᠠᠷ ᠲᠤᠰ ᠲᠤᠰ ᠠᠵᠢᠯᠯᠠᠵᠤ ᠤᠳᠤᠷᠢᠳᠬᠤ ᠠᠵᠢᠯ ᠤᠨ ᠲᠤᠷᠰᠢᠯᠭ᠎ᠠ ᠰᠠᠭᠤᠭᠰᠠᠨ ᠤ ᠳᠠᠷᠠᠭ᠎ᠠ 2004 ᠣᠨ ᠳᠤ ᠪᠠᠶᠠᠨᠬᠣᠩᠭᠣᠷ ᠠᠶᠢᠮᠠᠭ ᠠᠴᠠ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ ᠰᠣᠩᠭᠣᠭᠳᠠᠵᠠᠢ᠃ ᠬᠠᠯᠲᠠᠮ᠎ᠠ ᠶᠢᠨ ᠪᠠᠲᠤᠲᠤᠯᠭ᠎ᠠ 2004-2008 ᠣᠨ ᠳᠤ ᠤᠯᠤᠰ ᠤᠨ ᠶᠡᠬᠡ ᠬᠤᠷᠠᠯ ᠲᠤ ᠰᠣᠩᠭᠣᠭᠳᠠᠨ ᠠᠵᠢᠯᠯᠠᠬᠤ ᠬᠤᠭᠤᠴᠠᠭᠠᠨ ᠳᠤ ᠪᠠᠨ ᠬᠦᠮᠦᠨ ᠦ ᠡᠷᠬᠡ ᠶᠢᠨ ᠳᠡᠳ᠋ ᠬᠣᠷᠢᠶᠠᠨ ᠤ ᠳᠠᠷᠤᠭ᠎ᠠ ᠪᠠᠷ ᠠᠵᠢᠯᠯᠠᠵᠤ᠂ ᠠᠷᠠᠳᠴᠢᠯᠠᠯ᠂ ᠬᠦᠮᠦᠨ ᠦ ᠡᠷᠬᠡ ᠶᠢᠨ ᠦᠨᠡᠲᠦ ᠵᠦᠢᠯᠡᠰ ᠢ ᠤᠯᠤᠰ ᠤᠨ ᠶᠡᠬᠡ ᠬᠤᠷᠠᠯ ᠤᠨ ᠬᠠᠤᠯᠢ ᠲᠣᠭᠲᠠᠭᠠᠮᠵᠢᠨ ᠳᠤ ᠰᠢᠩᠭᠡᠭᠡᠬᠦ᠂ ᠡᠷᠬᠡ ᠨᠢ ᠵᠥᠷᠢᠴᠡᠭᠳᠡᠭᠰᠡᠨ ᠢᠷᠭᠡᠳ ᠦᠨ ᠢᠶᠡᠨ ᠭᠣᠮᠣᠳᠠᠯ ᠢ ᠬᠦᠯᠢᠶᠡᠨ ᠠᠪᠴᠤ ᠡᠷᠬᠡ ᠶᠢ ᠨᠢ ᠬᠠᠮᠠᠭᠠᠯᠠᠬᠤ ᠲᠠᠯ᠎ᠠ ᠪᠠᠷ ᠠᠵᠢᠯᠯᠠᠵᠤ ᠪᠠᠶᠢᠴᠠᠢ᠃
2008 ᠣᠨ ᠤ ᠤᠯᠤᠰ ᠤᠨ ᠶᠡᠬᠡ ᠬᠤᠷᠠᠯ ᠤᠨ ᠰᠣᠩᠭᠣᠭᠤᠯᠢ ᠪᠠᠷ ᠬᠠᠯᠲᠠᠮ᠎ᠠ ᠶᠢᠨ ᠪᠠᠲᠤᠲᠤᠯᠭ᠎ᠠ ᠳ᠋ᠠᠬᠢᠨ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ ᠰᠣᠩᠭᠣᠭᠳᠠᠵᠤ᠂ 2008-2012 ᠣᠨ ᠳᠤ ᠵᠠᠰᠠᠭ ᠤᠨ ᠭᠠᠵᠠᠷ ᠤᠨ ᠭᠡᠰᠢᠭᠦᠨ᠂ ᠵᠠᠮ᠂ ᠲᠡᠭᠡᠭᠡᠪᠦᠷᠢ᠂ ᠪᠠᠷᠢᠯᠭ᠎ᠠ᠂ ᠬᠣᠲᠠ ᠪᠠᠶᠢᠭᠤᠯᠤᠯᠲᠠ ᠶᠢᠨ ᠰᠠᠶᠢᠳ ᠢᠶᠠᠷ ᠲᠣᠮᠢᠯᠠᠭᠳᠠᠨ ᠠᠵᠢᠯᠯᠠᠭᠰᠠᠨ ᠪᠠᠶᠢᠨ᠎ᠠ᠃ 2012 ᠣᠨ ᠳᠤ ᠬᠠ᠊ ∙ ᠪᠠᠲᠤᠲᠤᠯᠭ᠎ᠠ ᠭᠤᠷᠪᠠ ᠳ᠋ᠠᠬᠢ ᠤᠳᠤᠭ᠎ᠠ ᠪᠠᠨ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ ᠰᠣᠩᠭᠣᠭᠳᠠᠭᠰᠠᠨ ᠪᠥᠭᠡᠳ 2012-2014 ᠣᠨ ᠨᠤᠭᠤᠳ ᠲᠤ ᠦᠢᠯᠡᠳᠪᠦᠷᠢ᠂ ᠬᠥᠳᠡᠭᠡ ᠠᠵᠤ ᠠᠬᠤᠢ ᠶᠢᠨ ᠰᠠᠶᠢᠳ ᠢᠶᠠᠷ ᠲᠣᠮᠢᠯᠠᠭᠳᠠᠨ ᠠᠵᠢᠯᠯᠠᠵᠠᠢ᠃

Niels is een cumslut