ᠰᠣᠶᠣᠩᠪᠣ ᠦᠰᠦᠭ
ᠰᠣᠶᠣᠩᠪᠣ ᠦᠰᠦᠭ
ᠰᠣᠶᠣᠩᠪᠣ ᠦᠰᠦᠭ ᠨᠢ ᠥᠨᠳᠥᠷ ᠭᠡᠭᠡᠨ ᠵᠠᠨᠠᠪᠠᠵᠠᠷ ᠤᠨ ᠵᠣᠬᠢᠶᠠᠭᠰᠠᠨ᠂ ᠮᠣᠩᠭᠣᠯ᠂ ᠰᠠᠮᠭᠠᠷᠳᠢ᠂ ᠲᠥᠪᠡᠳ ᠦᠭᠡ ᠪᠢᠴᠢᠬᠦ ᠳᠦ ᠵᠣᠷᠢᠭᠤᠯᠤᠭᠳᠠᠭᠰᠠᠨ ᠪᠢᠴᠢᠭ ᠶᠤᠮ᠃
ᠰᠤᠶᠤᠩᠪᠤ ᠦᠰᠦᠭ ᠢᠢᠡᠷ ᢀᠣᠸᠠ ᠬᠡᠮᠡᠨ ᠪᠢᠴᠢᠭᠰᠡᠨ ᠪᠠᠢᠢᠳᠠᠯ |
ᠰᠤᠶᠤᠩᠪᠤ ᠬᠡᠮᠡᠬᠦ ᠨᠡᠷ᠎ᠡ ᠶ᠋ᠢᠨ ᠤᠴᠢᠷ
ᠰᠤᠶᠤᠩᠪᠤ ᠬᠡᠮᠡᠬᠦ ᠨᠡᠷ᠎ᠡ ᠢᠨᠦ ᠰᠠᠮᠭᠠᠷᠳᠢ ᠬᠡᠯᠡ ᠪᠡᠷ︿ᠦᠪᠡᠷ ᠶ᠋ᠢᠡᠨ ᠪᠦᠲᠦᠭᠰᠡᠨ ᠭᠡᠭᠡᠭᠡᠨ﹀ᠬᠡᠮᠡᠭᠰᠡᠨ ᠦᠭᠡ ᠪᠤᠯᠠᠢ᠃ ᠡᠭᠦᠨ ᠦ ᠤᠴᠢᠷ ᠲᠤ ᠨᠢᠭᠡᠨ ᠳᠤᠮᠤᠭ ᠪᠤᠢ᠃ ᠶᠡᠬᠡ ᠬᠤᠳᠤᠭᠲᠤ ᠦᠨᠳᠦᠷ ᠭᠡᠭᠡᠭᠡᠨ ︿ᠲᠡᠮᠦᠷ ᠪᠠᠷᠰ ᠵᠢᠯ ᠤᠨ ᠡᠪᠦᠯ ᠤᠨ ᠳᠤᠮᠳᠠᠳᠤ ᠰᠠᠷ᠎ᠠ ᠶᠢᠨ ᠠᠷᠪᠠᠨ ᠭᠤᠷᠪᠠᠨ ᠳᠤ ᠭᠠᠳᠠᠭᠰᠢ ᠵᠠᠯᠠᠷᠠᠬᠤ ᠳᠤ ᠠᠷᠢᠯᠤᠭᠰᠠᠨ ᠦᠵᠡᠯ ᠤᠨ ᠲᠤᠳᠤᠷ᠎ᠠ ᠤᠭᠲᠠᠷᠭᠤᠢ ᠳᠤ ᠯᠠᠩᠵᠠ ᠦᠰᠦᠭ ᠲᠡᠢ ᠠᠳᠠᠯᠢ ᠳᠦᠷᠰᠦ ᠤᠯᠠᠨ ᠶᠢᠡᠷ ᠤᠷᠭᠤᠭᠰᠠᠨ﹀ᠭᠡᠳᠡᠭ ᠲᠡᠢ ᠬᠤᠯᠪᠤᠭ᠎ᠠ ᠲᠠᠢ ᠠᠵᠡᠢ᠃ ᠡᠢᠢᠮᠦ ᠳᠤ ᠪᠤᠭᠳᠠ ᠭᠡᠭᠡᠭᠡᠡᠳᠡᠨ ᠯᠠᠩᠵᠠ ᠦᠰᠦᠭ ᠲᠡᠢ ᠬᠤᠪᠢ ᠠᠳᠠᠯᠢ ᠨᠢᠭᠡᠨ ᠰᠢᠨ᠎ᠡ ᠦᠰᠦᠭ ᠰᠤᠶᠤᠩᠪᠤ ᠦᠰᠦᠭ ᠪᠤᠶᠤ ᠦᠪᠡᠷ ᠶᠢᠡᠨ ᠭᠠᠷᠤᠭᠰᠠᠨ ᠭᠡᠭᠡᠭᠡᠨ ᠦᠰᠦᠭ ᠬᠡᠮᠡᠬᠦ ᠢᠢ ᠵᠤᠬᠢᠶᠠᠵᠡᠢ᠁﹀ᠬᠡᠮᠡᠨ ᠪᠢᠴᠢᠭᠰᠡᠨ ᠪᠠᠢᠢᠳᠠᠭ᠃
ᠰᠤᠶᠤᠩᠪᠤ ᠦᠰᠦᠭ ᠢᠢᠡᠷ ᠦᠨᠳᠦᠷ ᠭᠡᠭᠡᠭᠡᠨ ᠵᠠᠨᠠᠪᠠᠵᠠᠷ ᠬᠡᠮᠡᠨ ᠪᠢᠴᠢᠭᠰᠡᠨ ᠪᠠᠢᠢᠳᠠᠯ |
ᠰᠤᠶᠤᠩᠪᠤ ᠦᠰᠦᠭ ᠢ ᠵᠤᠬᠢᠶᠠᠭᠰᠠᠨ ᠴᠠᠭ ᠦᠶ᠎ᠡ
ᠮᠤᠩᠭᠤᠯ ᠲᠤᠭᠤᠷᠭᠠᠳᠠᠨ ᠤ ᠬᠡᠷᠡᠭᠯᠡᠵᠦ ᠢᠷᠡᠭᠰᠡᠨ ᠤᠯᠠᠨ ᠵᠦᠢᠯ ᠪᠢᠴᠢᠭ ᠤᠨ ᠨᠢᠭᠡ ᠰᠤᠶᠤᠩᠪᠤ ᠬᠡᠮᠡᠬᠦ ᠪᠢᠴᠢᠭ ᠦᠰᠦᠭ ᠨᠢ ᠠᠩᠬᠠᠳᠤᠭᠠᠷ ᠪᠤᠭᠳᠠ ᠵᠢᠪᠵᠦᠨᠳᠠᠮᠪᠠ ᠬᠤᠲᠤᠭᠲᠤ ᠵᠠᠨᠠᠪᠠᠵᠠᠷ ᠠᠯᠳᠠᠷᠳᠤ ᠦᠨᠳᠦᠷ ᠭᠡᠭᠡᠭᠡᠨᠳᠡᠨ 52 ᠨᠠᠰᠤᠨ ᠰᠡᠭᠦᠳᠡᠷ ᠲᠡᠭᠡᠨ ᠪᠤᠶᠤ ᠨᠡᠢᠢᠲᠡ ᠢᠢᠨ ᠲᠤᠭᠠᠯᠠᠯ ᠤᠨ 1686 ᠤᠨ ᠳᠤ ᠵᠤᠬᠢᠶᠠᠵᠡᠢ᠃ ᠡᠨᠡ ᠦᠶ᠎ᠡ ᠪᠤᠯᠪᠠᠰᠤ ᠤᠢᠢᠷᠠᠳ ᠤᠨ ᠵᠠᠶ᠎ᠠ ᠪᠠᠨᠳᠢᠳᠠ ᠤᠭᠲᠠᠷᠭᠤᠢ ᠢᠢᠨ ᠳᠠᠯᠠᠢ ᠬᠡᠮᠡᠭᠴᠢ ᠨᠠᠮᠬᠠᠢᠢᠵᠠᠮᠴᠤ 38 ᠵᠢᠯ ᠤᠨ ᠡᠮᠦᠨ᠎ᠡ ᠲᠤᠳᠤ ᠦᠰᠦᠭ ᠬᠡᠮᠡᠬᠦ ᠤᠢᠢᠷᠠᠳ ᠮᠤᠩᠭᠤᠯ ᠤᠨ ᠬᠡᠯᠡ ᠠᠶᠠᠯᠭᠤ ᠳᠤ ᠲᠤᠬᠢᠷᠠᠭᠰᠠᠨ ᠦᠰᠦᠭ ᠢ ᠵᠤᠬᠢᠠᠭᠰᠠᠨ ᠴᠠᠭ ᠪᠠᠢᠢᠯ᠎ᠠ᠃ ᠲᠡᠷᠡ ᠦᠶ᠎ᠡ ᠤᠯᠤᠰ ᠲᠦᠷᠦ ᠶᠢᠨ ᠬᠤᠪᠢ ᠳᠤ ᠮᠠᠨᠵᠤ ᠨᠠᠷ ᠮᠤᠩᠭᠤᠯ ᠢ ᠵᠠᠬ᠎ᠠ ᠠᠴᠠ ᠨᠢ ᠵᠠᠯᠭᠢᠬᠤ᠂ ᠦᠵᠦᠭᠦᠷ ᠡᠴᠡ ᠨᠢ ᠡᠮᠬᠦᠬᠦ ᠭᠡᠵᠦ᠂ ᠪᠠᠰᠠ ᠵᠡᠭᠦᠨ ᠪᠠᠷᠠᠭᠤᠨ ᠮᠤᠩᠭᠤᠯ ᠤᠨ ᠡᠢ᠎ᠡ ᠡᠪ ᠢ ᠵᠤᠷᠢᠭᠤᠳᠠ ᠡᠪᠳᠡᠨ ᠪᠤᠰᠨᠢᠭᠤᠯᠵᠤ ᠪᠠᠢᠢᠭᠰᠠᠨ ᠴᠠᠭ ᠪᠠᠢᠢᠪᠠ᠃
ᠦᠰᠦᠭ ᠵᠤᠬᠢᠶᠠᠭᠰᠠᠨ ᠤ ᠤᠴᠢᠷ
ᠰᠤᠶᠤᠩᠪᠤ ᠪᠢᠴᠢᠭ ᠢ ᠵᠤᠬᠢᠶᠠᠭᠰᠠᠨ ᠤ ᠤᠴᠢᠷ ᠨᠢ ᠦᠨᠳᠦᠷ ᠭᠡᠭᠡᠭᠡᠨᠳᠡᠨ ᠤᠯᠤᠰ ᠮᠤᠩᠭᠤᠯ ᠤᠨ ᠶᠢᠡᠨ ᠲᠤᠰᠠᠭᠠᠷ ᠲᠤᠭᠲᠠᠨᠢᠯ ᠤᠨ ᠠᠯᠤᠰ ᠬᠡᠲᠤ ᠢᠢ ᠪᠡᠯᠭᠡᠳᠡᠭᠰᠡᠨ ᠤ ᠰᠠᠴᠠᠭᠤ ᠪᠤᠷᠬᠠᠨ ᠤ ᠶᠡᠬᠡ ᠰᠤᠳᠤᠷ ᠱᠠᠰᠲᠢᠷ ᠢ ᠪᠦᠷᠢᠨ᠎ᠡ ᠮᠤᠩᠭᠤᠯᠴᠢᠯᠠᠵᠤ ᠰᠢᠭᠦᠨ ᠵᠠᠰᠠᠵᠤ ᠰᠤᠶᠤᠩᠪᠤ ᠦᠰᠦᠭ ᠶᠢᠡᠷ ᠬᠡᠪᠯᠡᠬᠦ ᠲᠠᠭᠠᠯᠠᠯ ᠲᠠᠢ ᠪᠠᠢᠢᠭᠰᠠᠨ ᠪᠤᠯᠪᠠᠴᠤ ᠴᠠᠭ ᠲᠦᠷᠦ ᠲᠠᠢᠢᠪᠤᠩ ᠦᠭᠡᠢ ᠶᠢᠨ ᠤᠴᠢᠷ ᠲᠠᠭᠠᠯᠠᠯᠴᠢᠯᠠᠨ ᠡᠰᠡ ᠪᠦᠲᠦᠵᠡᠢ᠃ ᠡᠨᠡ ᠦᠰᠦᠭ ᠶᠢᠡᠷ ᠲᠡᠷᠡ ᠴᠠᠭ ᠤᠨ ᠮᠤᠩᠭᠤᠯᠴᠤᠳ ᠤᠨ ᠬᠤᠪᠢ ᠳᠤ ᠨᠤᠮ ᠤᠨ ᠭᠤᠷᠪᠠᠨ ᠭᠡᠭᠡᠭᠡᠨ ᠬᠡᠯᠡ ᠬᠡᠮᠡᠭᠳᠡᠬᠦ ᠲᠦᠪᠡᠳ᠂ ᠰᠠᠮᠭᠠᠷᠳᠢ᠂ ᠮᠤᠩᠭᠤᠯ ᠬᠡᠯᠡ ᠪᠡᠷ ᠪᠢᠴᠢᠵᠦ ᠤᠩᠰᠢᠵᠤ ᠪᠤᠯᠳᠠᠭ ᠪᠤᠯᠠᠢ᠃ ᠮᠦᠨ ᠡᠨᠡ ᠪᠢᠴᠢᠭ ᠶᠢᠡᠷ ᠲᠤᠬᠠᠢ ᠲᠤᠬᠠᠢ ᠶᠢᠨ ᠠᠶᠠᠯᠭᠤ ᠶᠢᠨ ᠤᠨᠴᠠᠯᠢᠭ ᠪᠠᠢᠢᠳᠠᠯ ᠢ ᠴᠤ ᠭᠠᠷᠭᠠᠨ ᠪᠢᠴᠢᠬᠦ ᠪᠤᠯᠤᠮᠵᠢ ᠲᠡᠢ ᠪᠠᠢᠢᠵᠡᠢ᠃
ᠰᠤᠶᠤᠩᠪᠤ ᠦᠰᠦᠭ ᠤᠨ ᠰᠤᠶᠤᠯ ᠤᠨ ᠠᠴᠢ ᠬᠤᠯᠪᠤᠭᠳᠠᠯ
ᠰᠤᠶᠤᠩᠪᠤ ᠪᠢᠴᠢᠭ ᠤᠨ ᠠᠴᠢ ᠬᠤᠯᠪᠤᠭᠳᠠᠯ ᠨᠢ ᠮᠤᠩᠭᠤᠯ ᠬᠡᠯᠡᠨ ᠤ ᠬᠤᠪᠢ ᠳᠤ ᠮᠠᠵᠠᠷ ᠤᠨ ᠠᠻᠠᠳᠧᠮᠢᠴᠢ ᠯᠠ᠊᠂ᠯᠢᠭᠧᠲᠢ ᠶᠢᠨ ᠲᠡᠮᠳᠡᠭᠯᠡᠭᠰᠡᠨ 17-18 ᠳ᠋ᠤᠭᠠᠷ ᠵᠠᠭᠤᠨ ᠤ ᠮᠤᠩᠭᠤᠯ ᠬᠡᠯᠡ᠂ᠲᠦᠪ ᠬᠠᠯᠬ᠎ᠠ ᠶᠢᠨ ᠠᠶᠠᠯᠭᠤ᠂ ᠲᠡᠭᠦᠨ ᠤ ᠦᠭᠡᠰ ᠤᠨ ᠰᠠᠩ ᠤᠨ ᠤᠨᠴᠠᠯᠢᠭ ᠢ ᠰᠤᠳᠤᠯᠬᠤ ᠳᠤ ᠴᠢᠬᠤᠯᠠ ᠪᠠᠷᠢᠮᠳᠠ ᠪᠤᠯᠵᠤ ᠦᠭᠬᠦ ᠡᠴᠡ ᠭᠠᠳᠠᠨ᠎ᠠ ᠮᠤᠩᠭᠤᠯ ᠤᠷᠴᠢᠭᠤᠯᠭ᠎ᠠ ᠶᠢᠨ ᠤᠯᠠᠮᠵᠢᠯᠠᠯ᠂ ᠮᠤᠩᠭᠤᠯᠴᠤᠳ ᠤᠨ ᠦᠰᠦᠭ ᠪᠢᠴᠢᠭ ᠤᠨ ᠲᠡᠦᠬᠡ ᠶᠢᠨ ᠦᠨᠡᠳᠦ ᠰᠤᠳᠤᠯᠤᠭᠳᠠᠬᠤᠨ ᠪᠤᠯᠤᠨ᠎ᠠ᠃ ᠮᠦᠨ ᠤᠳᠬ᠎ᠠ ᠵᠤᠬᠢᠶᠠᠯ᠂ ᠰᠤᠶᠤᠯ ᠤᠨ ᠬᠤᠪᠢ ᠳᠤ ᠵᠦᠪᠬᠡᠨ ᠮᠤᠩᠭᠤᠯ ᠤᠨ ᠲᠡᠳᠦᠢ ᠦᠭᠡᠢ ᠮᠤᠩᠭᠤᠯ ᠬᠢᠭᠡᠳ ᠲᠦᠪ ᠠᠼᠢ ᠶᠢᠨ ᠤᠯᠠᠨ ᠠᠷᠠᠳ ᠲᠦᠮᠡᠨ ᠦ ᠬᠠᠷᠢᠯᠴᠠᠭᠠᠨ ᠤ ᠲᠡᠦᠬᠡ ᠶᠢᠨ ᠰᠤᠳᠤᠯᠤᠯ ᠳᠤ ᠰᠤᠨᠢᠷᠬᠠᠯᠲᠠᠢ᠂ ᠴᠢᠬᠤᠭ ᠬᠡᠷᠡᠭᠯᠡᠬᠦᠨ ᠪᠤᠯᠵᠤ ᠦᠭᠭᠦᠨ᠎ᠡ᠃
ᠡᠬᠢ ᠰᠤᠷᠪᠤᠯᠵᠢ
- ᠴᠤᠢᠢ᠊᠂ ᠯᠤᠪᠰᠠᠨᠵᠠᠪ᠂ ᠰᠤᠶᠤᠩᠪᠤ ᠪᠢᠴᠢᠭ ᠤᠨ ᠴᠠᠭᠠᠨ ᠲᠤᠯᠤᠭᠠᠢ᠃ 1992 ᠤᠨ᠃
- ᠰᠤᠷᠬᠤ ᠪᠢᠴᠢᠭ ᠲᠠᠲᠠᠬᠤ - ᠰᠤᠶᠤᠩᠪᠤ ᠪᠢᠴᠢᠭ ᠤᠨ ᠴᠠᠭᠠᠨ ᠲᠤᠯᠤᠭᠠᠢ