ᠵᠦᠢᠯᠡᠰ ᠊ᠦᠨ ᠢᠨ᠍ᠲ᠋ᠧᠷᠨᠧᠲ

11:46, 11 Арванхоёрдугаар сар 2021-ий байдлаарх Uranbilig (яриа | оруулсан хувь нэмэр) хэрэглэгчийн хийсэн залруулга

ᠵᠦᠢᠯᠡᠰ ᠦᠨ ᠢᠨ᠍ᠲ᠋ᠧᠷᠨᠧᠲ (ᠮᠥᠨ ᠶᠠᠭᠤᠮᠠᠰ ᠤᠨ ᠢᠨ᠍ᠲ᠋ᠧᠷᠧᠲInternet ᠭᠡᠳᠡᠭ; ᠠᠩᠯᠢ ᠪᠠᠷ Internet of Things; ᠲᠣᠪᠴᠢ ᠬᠡᠯᠪᠡᠷᠢ ᠢᠨᠦ IoT) ᠨᠢ ᠪᠡᠶᠡᠲᠦ ᠪᠣᠯᠤᠨ ᠬᠡᠶ᠋ᠢᠰᠪᠦᠷᠢ ᠵᠦᠢᠯᠡᠰ ᠢ ᠰᠦᠯᠵᠢᠶᠡᠨ ᠳᠦ ᠬᠣᠯᠪᠣᠬᠤ ᠪᠣᠯᠤᠮᠵᠢ ᠶᠢ ᠪᠤᠢ ᠪᠣᠯᠭᠠᠭᠰᠠᠨ ᠲᠦᠭᠡᠮᠡᠯ ᠳᠡᠳ᠋ ᠪᠦᠲᠦᠴᠡ ᠶᠢᠨ ᠲᠧᠻᠨᠣᠯᠣᠭᠢtechnology ᠪᠢᠯᠡ᠃ ᠡᠨᠡᠬᠦ ᠲᠧᠻᠨᠣᠯᠣᠭᠢ ᠪᠠᠷ ᠬᠣᠯᠪᠣᠭᠳᠠᠭᠰᠠᠨ ᠵᠦᠢᠯᠡᠰ ᠨᠢ ᠮᠡᠳᠡᠭᠡᠯᠡᠯ ᠬᠣᠯᠪᠣᠭᠠᠨ ᠤ ᠲᠧᠻᠨᠣᠯᠣᠭᠢ ᠳᠤ ᠲᠦᠰᠢᠭᠯᠡᠨ ᠬᠠᠷᠢᠯᠴᠠᠨ ᠠᠵᠢᠯᠯᠠᠨ᠎ᠠ᠃[1]

ᠵᠦᠢᠯᠡᠰ ᠦᠨ ᠢᠨ᠍ᠲ᠋ᠧᠷᠨᠧᠲ ᠲᠧᠻᠨᠣᠯᠣᠭᠢ ᠳᠤ ᠬᠡᠷᠡᠭᠵᠢᠭᠰᠡᠨ ᠹᠦᠨᠻᠼ ᠤᠳfunction ᠨᠢ ᠬᠦᠮᠦᠰ ᠪᠣᠯᠤᠨ ᠰᠦᠯᠵᠢᠶᠡᠨ ᠳᠦ ᠬᠣᠯᠪᠣᠭᠳᠠᠭᠰᠠᠨ ᠠᠯᠢᠪᠠ ᠴᠠᠬᠢᠮ ᠰᠢᠰᠲ᠋ᠧᠮsystem᠂ ᠮᠥᠨ ᠲᠤᠬᠠᠢ ᠶᠢᠨ ᠰᠢᠰᠲ᠋ᠧᠮ ᠦᠳ ᠦᠨ ᠬᠣᠭᠣᠷᠣᠨᠳᠣ ᠬᠠᠷᠢᠯᠴᠠᠨ ᠦᠢᠯᠡᠴᠢᠯᠡᠯᠴᠡᠬᠦ ᠪᠣᠯᠤᠮᠵᠢ ᠶᠢ ᠪᠦᠷᠢᠳᠦᠭᠦᠯᠳᠡᠭ᠃ ᠶᠠᠭᠤᠮᠠᠰ ᠲᠤ ᠰᠠᠭᠤᠯᠭᠠᠭᠰᠠᠨ ᠪᠢᠴᠢᠯ ᠻᠣᠮᠫᠢᠶᠦ᠋ᠲ᠋ᠧᠷ ᠤᠳcomputer ᠬᠦᠮᠦᠰ ᠦᠨ ᠠᠩᠬᠠᠷᠤᠯ ᠢ ᠲᠠᠲᠠᠬᠤ ᠦᠭᠡᠢ ᠪᠡᠷ ᠠᠵᠢᠯᠯᠠᠵᠤ᠂ ᠬᠦᠮᠦᠨ ᠦ ᠦᠢᠯᠡ ᠠᠵᠢᠯᠯᠠᠭ᠎ᠠ ᠶᠢ ᠳᠡᠮᠵᠢᠨ᠎ᠡ᠃ ᠲᠤᠬᠠᠶ᠋ᠢᠯᠠᠪᠠᠯ ᠡᠯᠳᠡᠪ ᠮᠡᠳᠡᠷᠡᠭᠴᠢ ᠨᠦᠭᠦᠳ ᠪᠦᠬᠦᠢ ᠪᠢᠴᠢᠯ ᠻᠣᠮᠫᠢᠶᠦ᠋ᠲ᠋ᠧᠷ ᠢ ᠬᠤᠪᠴᠠᠰᠤᠨ ᠳᠤ ᠰᠠᠭᠤᠯᠭᠠᠨ ᠠᠵᠢᠯᠯᠠᠭᠤᠯᠵᠤ ᠪᠣᠯᠤᠨ᠎ᠠ᠃

ᠮᠠᠷᠻ ᠸᠠᠶ᠋ᠢᠽᠧᠷMark Weiser 1991 ᠣᠨ ᠳᠤ ᠪᠢᠴᠢᠭᠰᠡᠨ ᠌᠌᠌᠌"21 ᠍ ᠳᠦᠭᠡᠷ ᠵᠠᠭᠤᠨ ᠤ ᠻᠣᠮᠫᠢᠶᠦ᠋ᠲ᠋ᠧᠷ" ᠬᠡᠮᠡᠬᠦ ᠨᠡᠶ᠋ᠢᠲᠡᠯᠡᠯ ᠳᠦ ᠪᠡᠨ[2] ᠮᠡᠳᠡᠷᠡᠷᠡᠭᠴᠢ ᠪᠡᠷ ᠲᠣᠨᠣᠭᠯᠠᠭᠳᠠᠵᠤ ᠬᠦᠷᠢᠶᠡᠯᠡᠩ ᠪᠤᠢ ᠤᠷᠴᠢᠨ ᠳᠤ ᠪᠠᠨ ᠰᠠᠭᠠᠳ ᠦᠭᠡᠢ ᠬᠣᠯᠪᠣᠭᠳᠠᠭᠰᠠᠨ ᠵᠦᠢᠯᠡᠰ ᠦᠨ ᠲᠤᠬᠠᠢ "ᠲᠦᠭᠡᠮᠡᠯ ᠡᠯᠪᠡᠭᠲᠦ ᠲᠣᠭᠠᠴᠠᠭᠠᠯᠠᠯ" ᠨᠡᠷ᠎ᠡ ᠲᠣᠮᠢᠶ᠎ᠠ ᠶᠢ ᠠᠩᠬ᠎ᠠ ᠠᠰᠢᠭᠯᠠᠨ ᠢᠯᠡᠷᠬᠡᠶ᠋ᠢᠯᠡᠭᠰᠡᠨ ᠪᠠᠶ᠋ᠢᠳᠠᠭ᠃

ᠵᠦᠢᠯᠡᠰ ᠦᠨ ᠢᠨ᠍ᠲ᠋ᠧᠷᠨᠧᠲ ᠭᠡᠳᠡᠭ ᠨᠢ ᠢᠯᠡᠳᠲᠡ ᠲᠣᠳᠣᠷᠬᠠᠶ᠋ᠢᠯᠠᠭᠳᠠᠬᠤ ᠪᠡᠶᠡᠲᠦ ᠵᠦᠢᠯᠡᠰ ᠢ ᠢᠨ᠍ᠲ᠋ᠧᠷᠨᠧᠲ ᠠᠳᠠᠯᠢ ᠵᠠᠷᠴᠢᠮ ᠲᠠᠢ ᠪᠦᠲᠦᠴᠡ ᠳ᠋ᠡᠬᠢ ᠬᠡᠶ᠋ᠢᠰᠪᠦᠷᠢ ᠳᠦᠷᠰᠦᠯᠡᠯ ᠲᠡᠢ ᠬᠤᠯᠪᠤᠬᠤ ᠰᠦᠯᠵᠢᠶ᠎ᠡ ᠶᠤᠮ᠃ ᠡᠨᠡᠬᠦ ᠰᠦᠯᠵᠢᠶ᠎ᠡ ᠨᠢ ᠣᠷᠣᠯᠴᠠᠭᠴᠢ ᠬᠦᠮᠦᠰ ᠦᠨ ᠵᠡᠷᠭᠡᠴᠡᠭᠡ ᠡᠳ᠋ ᠵᠦᠢᠯᠡᠰ ᠡᠴᠡ ᠪᠥᠷᠢᠳᠦᠨ᠎ᠡ᠃ "ᠵᠦᠢᠯᠡᠰ ᠦᠨ ᠢᠨ᠍ᠲ᠋ᠧᠷᠨᠧᠲ" ᠭᠡᠳᠡᠭ ᠨᠡᠷ᠎ᠡ ᠲᠣᠮᠢᠶ᠎ᠠ ᠶᠢ ᠠᠩᠬ᠎ᠠ 1999 ᠣᠨ ᠳᠤ ᠻᠧᠸᠢᠨ ᠡᠱᠲ᠋ᠣᠨKevin Ashton ᠬᠡᠷᠡᠭᠯᠡᠭᠰᠡᠨ ᠪᠠᠶ᠋ᠢᠳᠠᠭ ᠴᠤ ᠪᠢᠴᠢᠭ ᠢᠶᠡᠷ ᠪᠠᠷᠢᠮᠲᠠᠵᠢᠭᠭᠠᠳᠦᠢ ᠪᠠᠶ᠋ᠢᠨ᠎ᠠ᠃[3] "Auto-ID Labs" ᠍ ᠤᠨ ᠦᠢᠯᠡ ᠠᠵᠢᠯᠯᠠᠭᠠᠨ ᠤ ᠶᠠᠪᠤᠴᠠ ᠳᠤ ᠵᠦᠢᠯᠡᠰ ᠦᠨ ᠢᠨ᠍ᠲ᠋ᠧᠷᠨᠧᠲ ᠦᠨ ᠲᠠᠯ᠎ᠠ ᠪᠠᠨ ᠮᠡᠳᠡᠳᠡᠭ ᠪᠣᠯᠴᠣᠭᠠᠭᠰᠠᠨ ᠪᠠᠶ᠋ᠢᠳᠠᠭ᠃[4]

ᠷᠠᠳᠢᠣ᠋ ᠦᠶᠡᠯᠡᠵᠡᠯ ᠳᠦ ᠲᠦᠰᠢᠭᠯᠡᠨ ᠲᠠᠨᠢᠬᠤ (RFID) ᠠᠷᠭ᠎ᠠ ᠠᠰᠢᠭᠯᠠᠨ ᠢᠯᠭᠠᠨ ᠲᠠᠨᠢᠬᠤ ᠶᠢ ᠵᠦᠢᠯᠡᠰ ᠦᠨ ᠢᠨ᠍ᠲ᠋ᠧᠷᠨᠧᠲ ᠦᠨ ᠰᠠᠭᠤᠷᠢ ᠭᠡᠵᠦ ᠦᠵᠡᠬᠦ ᠲᠣᠬᠢᠶᠠᠯᠳᠤᠯ ᠪᠠᠶ᠋ᠢᠳᠠᠭ᠃ ᠭᠡᠪᠡᠴᠦ ᠡᠨᠡ ᠲᠧᠻᠨᠣᠯᠣᠭᠢ ᠨᠢ ᠢᠨ᠍ᠲ᠋ᠧᠷᠨᠧᠲ ᠦᠨ ᠫᠷᠣᠲ᠋ᠣᠻᠣᠯ ᠳᠤ ᠰᠠᠭᠤᠷᠢᠯᠠᠨ ᠰᠢᠭᠤᠳ ᠬᠠᠷᠢᠯᠴᠠᠳᠠᠭ ᠦᠭᠡᠢ ᠲᠤᠯᠠ ᠵᠦᠢᠯᠡᠰ ᠦᠨ ᠢᠨ᠍ᠲ᠋ᠧᠷᠨᠧᠲ ᠦᠨ ᠦᠷ᠎ᠡ ᠬᠥᠪᠦᠷᠡᠯ ᠲᠡᠳᠦᠢ ᠪᠡᠷ ᠯᠠ ᠭᠡᠵᠦ ᠦᠵᠡᠵᠦ ᠪᠣᠯᠤᠨ᠎ᠠ᠃ ᠮᠡᠳᠡᠷᠡᠭᠴᠢ᠂ ᠢᠳᠡᠪᠬᠢᠵᠢᠭᠦᠯᠦᠭᠴᠢ ᠵᠡᠷᠭᠡ ᠪᠦᠷᠢᠯᠳᠦᠬᠦᠨ ᠬᠡᠰᠡᠭ ᠦᠳ ᠨᠢ ᠲᠥᠯᠥᠪ ᠢ ᠨᠢ ᠢᠯᠡᠷᠡᠭᠦᠯᠬᠦ᠂ ᠦᠢᠯᠡᠳᠦᠯ ᠭᠦᠢᠴᠡᠳᠭᠡᠭᠦᠯᠬᠦ ᠵᠡᠷᠭᠡ ᠠᠵᠢᠯᠯᠠᠭ᠎ᠠ ᠶᠢ ᠥᠷᠭᠡᠵᠢᠭᠦᠯᠵᠦ ᠥᠭᠴᠦ ᠪᠠᠶ᠋ᠢᠨ᠎ᠠ᠃ ᠵᠦᠢᠯᠡᠰ ᠦᠨ ᠢᠨ᠍ᠲ᠋ᠧᠷᠨᠧᠲ ᠦᠨ ᠥᠷᠭᠡᠳᠬᠡᠭᠰᠡᠨ ᠲᠣᠳᠣᠷᠬᠠᠶ᠋ᠢᠯᠠᠯᠲᠠ ᠨᠤᠭᠤᠳ ᠨᠢ ᠢᠷᠡᠭᠡᠳᠦᠢ ᠶᠢᠨ ᠢᠨ᠍ᠲ᠋ᠧᠷᠨᠧᠲ (Future Internet)[5] ᠍ ᠲᠠᠢ ᠬᠣᠯᠪᠣᠭᠠᠲᠠᠢ ᠪᠣᠯᠬᠤ ᠶᠢ ᠲᠣᠳᠣᠳᠬᠠᠵᠤ᠂ ᠨᠥᠭᠦᠭᠡᠲᠡᠭᠦᠷ ᠣᠶᠢᠷᠠᠯᠴᠠᠭ᠎ᠠ ᠰᠤᠳᠤᠯᠭᠠᠨ ᠤ ᠰᠡᠳᠦᠪ ᠦᠳ ᠡᠴᠡ ᠵᠠᠭᠠᠭᠯᠠᠵᠤ ᠥᠭᠭᠦᠳᠡᠭ᠃

  1. ᠣᠯᠠᠨ ᠤᠯᠤᠰ ‍ᠤᠨ ᠴᠠᠬᠢᠯᠭᠠᠨ ᠬᠣᠯᠪᠤᠭᠠᠨ ‍ᠤ ᠡᠪᠰᠡᠯ᠃ Overview of the Internet of things. https://www.itu.int/ITU-T/recommendations/rec.aspx?rec=y.2060 ᠬᠠᠨᠳᠤᠭᠰᠠᠨ 2021/12/11
  2. Mark Weiser. The Computer for the 21st Century. 1991. https://www.lri.fr/~mbl/Stanford/CS477/papers/Weiser-SciAm.pdf
  3. Kevin Ashton: That „Internet of Things“ Thing. In: RFID Journal. 22. 2009.
  4. F. Mattern, Ch. Flörkemeier: Vom Internet der Computer zum Internet der Dinge (PDF; 868 kB). In: Informatik-Spektrum. Vol. 33, No. 2, S. 107–121, April 2010. http://www.vs.inf.ethz.ch/publ/papers/Internet-der-Dinge.pdf
  5. CERP-IOT: Internet of Things Strategic Research Roadmap. 15. September 2009. https://web.archive.org/web/20120227190246/http://www.grifs-project.eu/data/File/CERP-IoT%20SRA_IoT_v11.pdf