ᠡᠭᠦᠯᠡ

23:05, 28 Нэгдүгээр сар 2022-ий байдлаарх Uranbilig (яриа | оруулсан хувь нэмэр) хэрэглэгчийн хийсэн залруулга

ᠡᠭᠦᠯᠡ ᠭᠡᠳᠡᠭ ᠢᠨᠦ ᠢᠨ᠍ᠲ᠋ᠧᠷᠨᠧᠲ ᠬᠠᠨᠳᠤᠯᠲᠠ ᠲᠠᠢ ᠰᠧᠷᠸᠧᠷ ᠦᠳserver ᠪᠣᠯᠤᠨ ᠲᠡᠳᠡᠭᠡᠷ ᠰᠧᠷᠸᠧᠷ ᠳᠡᠭᠡᠷᠡᠬᠢ ᠫᠷᠣᠭ᠌ᠷᠠᠮprogram ᠬᠠᠩᠭᠠᠮᠵᠢ᠂ ᠮᠡᠳᠡᠭᠡᠯᠡᠯ ᠦᠨ ᠰᠠᠩ ‍ᠤᠳ ᠶᠤᠮ᠃ ᠡᠭᠦᠯᠡᠨ ᠰᠧᠷᠸᠧᠷ ᠦᠳ ᠢᠨᠦ ᠳᠡᠯᠡᠬᠡᠢ ᠶᠢᠨ ᠥᠨᠴᠥᠭ ᠪᠤᠯᠤᠨ ᠪᠦᠷᠢ ᠳ᠋ᠡᠬᠢ ᠥᠭᠭᠥᠭᠳᠡᠯ ᠦᠨ ᠲᠥᠪ ᠦᠳ ᠲᠦ ᠪᠠᠶ᠋ᠢᠷᠢᠯᠠᠳᠠᠭ᠃ ᠡᠭᠦᠯᠡᠨ ᠦᠢᠯᠡᠴᠢᠯᠡᠭᠡ ᠬᠡᠷᠡᠭᠯᠡᠭᠴᠢᠳ ᠪᠣᠯᠤᠨ ᠻᠣᠮᠫᠠᠨᠢ ᠨᠤᠭᠤᠳ ᠥᠪᠡᠷᠰᠡᠳ ᠢᠢᠡᠨ ᠹᠢᠽᠢᠻ ᠰᠧᠷᠸᠧᠷ ᠡᠵᠡᠮᠰᠢᠬᠦ᠂ ᠥᠪᠡᠷᠰᠡᠳ ᠦᠨ ᠻᠣᠮᠫᠢᠶᠦ᠋ᠲ᠋ᠧᠷ ᠳᠡᠭᠡᠷ᠎ᠡ ᠫᠷᠣᠭ᠌ᠷᠠᠮ ᠬᠠᠩᠭᠠᠮᠵᠢ ᠰᠠᠭᠤᠯᠭᠠᠨ ᠠᠵᠢᠯᠯᠠᠭᠤᠯᠬᠤ ᠱᠠᠭᠠᠷᠳᠠᠯᠭ᠎ᠠ ᠦᠭᠡᠢ ᠪᠣᠯᠤᠨ᠎ᠠ᠃[1]
ᠡᠭᠦᠯᠡ ᠭᠡᠳᠡᠭ ᠨᠢ ᠰᠧᠷᠸᠧᠷ ᠦᠳ ᠦᠨ ᠳᠠᠶᠠᠩ ᠳᠡᠯᠡᠬᠡᠢ ᠶᠢᠨ ᠰᠦᠯᠵᠢᠶ᠎ᠡ ᠶᠢ ᠲᠣᠳᠣᠷᠬᠠᠶ᠋ᠢᠯᠠᠬᠤ ᠳᠤ ᠬᠡᠷᠡᠭᠯᠡᠳᠡᠭ ᠨᠡᠷ᠎ᠡ ᠲᠣᠮᠢᠶ᠎ᠠ ᠪᠥᠭᠡᠳ ᠲᠡᠳᠡᠭᠡᠷ ᠰᠧᠷᠸᠧᠷ ᠲᠤᠰ ᠪᠦᠷᠢ ᠢᠨᠦ ᠳᠠᠪᠲᠠᠭᠳᠠᠰᠢ ᠦᠭᠡᠢ ᠥᠪᠡᠷᠮᠢᠴᠡ ᠴᠢᠭ᠌ ᠡᠭᠦᠷᠭᠡ ᠲᠡᠢ ᠪᠠᠶ᠋ᠢᠨ᠎ᠠ᠃ ᠡᠭᠦᠯᠡ ᠨᠢ ᠪᠡᠶᠡᠲᠦ ᠵᠦᠢᠯ ᠪᠢᠰᠢ᠂ ᠬᠠᠷᠢᠨ ᠨᠢᠭᠡᠨ ᠴᠣᠭᠴᠠ ᠪᠣᠯᠵᠤ ᠠᠵᠢᠯᠯᠠᠬᠤ ᠵᠣᠷᠢᠯᠭ᠎ᠠ ᠲᠠᠢ ᠳᠡᠯᠡᠬᠡᠢ ᠳᠠᠶᠠᠭᠠᠷᠬᠢ ᠬᠣᠭᠣᠷᠣᠨᠳᠣ ᠪᠠᠨ ᠠᠯᠤᠰ ᠤᠷᠤᠰᠢᠬᠤ ᠰᠧᠷᠸᠧᠷ ᠦᠳ ᠦᠨ ᠠᠰᠠᠷ ᠥᠷᠭᠡᠨ ᠰᠦᠯᠵᠢᠶ᠎ᠡ ᠶᠤᠮ᠃ ᠡᠳᠡᠭᠡᠷ ᠰᠧᠷᠸᠧᠷ ᠦᠳ ᠨᠢ ᠥᠭᠭᠥᠭᠳᠡᠯ ᠬᠠᠳᠠᠭᠠᠯᠠᠬᠤ᠂ ᠤᠳᠤᠷᠢᠳᠬᠤ᠂ ᠫᠷᠣᠭ᠌ᠷᠠᠮ ᠬᠠᠩᠭᠠᠮᠵᠢ ᠠᠵᠢᠯᠯᠠᠭᠤᠯᠬᠤ᠂ ᠻᠣᠨᠲ᠋ᠧᠨ᠍ᠲcontent ᠬᠦᠷᠭᠡᠬᠦ᠂ ᠡᠰᠡᠪᠡᠯ ᠳᠦᠷᠰᠦ ᠪᠢᠴᠢᠯᠭᠡ ᠳᠠᠮᠵᠢᠭᠤᠯᠬᠤ᠂ ᠴᠠᠬᠢᠮ ᠰᠢᠤᠳᠠᠨ᠂ ᠣᠹᠹᠢᠰ ᠤᠨoffice ᠪᠦᠲᠦᠭᠡᠮᠵᠢᠲᠦ ᠫᠷᠣᠭ᠌ᠷᠠᠮ᠂ ᠣᠯᠠᠨ ᠨᠡᠶ᠋ᠢᠲᠡ ᠶᠢᠨ ᠮᠡᠳᠡᠭᠡᠯᠡᠯ ᠦᠨ ᠰᠦᠯᠵᠢᠶ᠎ᠡ ᠭᠡᠬᠦ ᠵᠡᠷᠭᠡ ᠦᠢᠯᠡᠴᠢᠯᠡᠭᠡ ᠪᠡᠷ ᠬᠠᠩᠭᠠᠬᠤ ᠵᠣᠷᠢᠭᠤᠯᠤᠯᠲᠠ ᠲᠠᠢ ᠪᠠᠶ᠋ᠢᠳᠠᠭ᠃ ᠬᠡᠷᠡᠭᠯᠡᠭᠴᠢ ᠨᠢ ᠳᠣᠲᠣᠭᠠᠳᠤ᠂ ᠡᠰᠡᠪᠡᠯ ᠬᠤᠪᠢ ᠢᠢᠨ ᠻᠣᠮᠫᠢᠶᠦ᠋ᠲ᠋ᠧᠷ ᠡᠴᠡ ᠹᠠᠶ᠋ᠢᠯfile᠂ ᠥᠭᠭᠥᠭᠳᠡᠯ ᠳᠦ ᠬᠠᠨᠳᠤᠬᠤ ᠶᠢᠨ ᠣᠷᠣᠨ ᠳᠤ ᠢᠨ᠍ᠲ᠋ᠧᠷᠨᠧᠲ ᠲᠦ ᠬᠣᠯᠪᠣᠭᠳᠠᠬᠤ ᠠᠯᠢᠮᠠᠳ ᠲᠥᠬᠥᠭᠡᠷᠦᠮᠵᠢ ᠡᠴᠡ ᠣᠨ᠍ᠯᠠᠶ᠋ᠢᠨ ᠢᠢᠠᠷonline ᠬᠠᠨᠳᠤᠬᠤ ᠠᠭᠠᠳ ᠱᠠᠭᠠᠷᠳᠠᠯᠭ᠎ᠠ ᠲᠠᠢ ᠮᠡᠳᠡᠭᠡᠯᠡᠯ ᠢᠢᠡᠨ ᠬᠠᠮᠢᠭ᠎ᠠ ᠴᠤ᠂ ᠬᠡᠵᠢᠶ᠎ᠡ ᠴᠤ ᠭᠠᠷᠭᠠᠵᠤ ᠠᠪᠬᠤ ᠪᠣᠯᠤᠮᠵᠢ ᠲᠠᠢ ᠪᠠᠶ᠋ᠢᠬᠤ ᠶᠤᠮ᠃[2]


ᠲᠡᠢᠢᠨ ᠪᠦᠲᠦᠴᠡ (architecture)


align: top
ᠡᠭᠦᠯᠡᠨ ᠲᠣᠭᠠᠴᠠᠭᠠᠯᠠᠯ ‍ᠤᠨ ᠪᠦᠲᠦᠴᠡ᠄
ᠬᠡᠷᠡᠭᠯᠡᠭᠴᠢ ‍ᠢᠢᠨ ᠳᠡᠳ᠋ ᠪᠦᠲᠦᠴᠡ user infrastructure
ᠬᠡᠷᠡᠭᠯᠡᠭᠦᠷ application
ᠦᠢᠯᠡᠴᠢᠯᠡᠭᠡ service
ᠬᠠᠳᠠᠭᠠᠯᠠᠮᠵᠢ storage
ᠢᠳᠡᠪᠬᠢᠵᠢᠯᠲᠦ ᠴᠠᠭ ‍ᠤᠨ ᠡᠭᠦᠯᠡ runtime cloud
ᠤᠳᠤᠷᠢᠳᠤᠯᠭ ‍ᠠ᠋ management
ᠠᠶᠤᠯ ᠦᠭᠡᠢ ᠪᠠᠶ᠋᠋ᠢᠳᠠᠯ security
ᠨᠢᠭᠤᠷ ᠲᠠᠯ ‍ᠠ᠋ front end
ᠠᠷᠤ ᠲᠠᠯ ‍ᠠ᠋ back end


ᠡᠭᠦᠯᠡᠨ ᠦ ᠠᠷᠻᠢᠲ᠋ᠧᠻᠲ᠋ᠦ᠋ᠷ ᠭᠡᠳᠡᠭ ᠨᠢ ᠡᠭᠦᠯᠡᠨ ᠲᠧᠻᠨᠣᠯᠣᠭᠢ ᠶᠢᠨtechnology ᠠᠵᠢᠯᠯᠠᠭ᠎ᠠ ᠶᠢ ᠳᠡᠮᠵᠢᠬᠦ ᠦᠨᠳᠦᠰᠦᠨ ᠳᠡᠳ᠋ ᠪᠦᠲᠦᠴᠡ᠂ ᠪᠦᠷᠢᠯᠳᠦᠬᠦᠨ ᠬᠡᠰᠡᠭ ᠦᠳ ᠪᠣᠯᠬᠤ ᠥᠭᠭᠥᠭᠳᠡᠯ ᠦᠨ ᠲᠥᠪ ᠦᠨ ᠲᠧᠻᠨᠢᠭ ᠬᠠᠩᠭᠠᠮᠵᠢ᠂ ᠸᠢᠷᠲᠤᠠᠯᠴᠢᠯᠠᠯvirtualisation᠂ ᠬᠡᠷᠡᠭᠯᠡᠭᠦᠷ ᠦᠳ᠂ ᠦᠢᠯᠡᠴᠢᠯᠡᠭᠡᠨ ᠨᠤᠭᠦᠳ ᠢ ᠬᠡᠯᠡᠳᠡᠭ᠃[3]
ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠨᠢ ᠦᠢᠯᠡᠴᠢᠯᠡᠭᠡᠨ ᠳᠦ ᠴᠢᠭᠯᠡᠭᠰᠡᠨ ᠠᠷᠻᠢᠲ᠋ᠧᠻᠲ᠋ᠦ᠋ᠷ ᠪᠠ ᠦᠢᠯᠡ ᠶᠠᠪᠤᠳᠠᠯ ᠳᠤ ᠬᠥᠲᠦᠯᠦᠭᠳᠡᠭᠰᠡᠨ ᠠᠷᠻᠢᠲ᠋ᠧᠻᠲ᠋ᠣᠷ ᠤᠨ ᠬᠣᠣᠰᠯᠠᠯ ᠶᠤᠮ᠃

ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠢ ᠳᠠᠷᠠᠭᠠᠬᠢ ᠬᠣᠶᠠᠷ ᠬᠡᠰᠡᠭ ᠲᠦ ᠬᠤᠪᠢᠶᠠᠳᠠᠭ᠄

* ᠨᠢᠭᠤᠷᠠᠨ ᠲᠠᠯ᠎ᠠ

* ᠠᠷᠤ ᠲᠠᠯ᠎ᠠ

ᠨᠢᠭᠤᠷᠠᠨ ᠲᠠᠯ᠎ᠠ ᠶᠢᠨ ᠬᠡᠰᠡᠭ ᠢ ᠦᠢᠯᠡᠴᠢᠯᠡᠭᠦᠯᠦᠭᠴᠢ ᠠᠰᠢᠭᠯᠠᠳᠠᠭ᠃ ᠡᠭᠦᠨ ᠳᠦ ᠡᠭᠦᠯᠡᠨ ᠲᠣᠭᠠᠴᠠᠭᠠᠯᠠᠯ ᠤᠨ ᠫ᠊ᠯᠠᠲ᠋ᠹᠣᠷᠮ ᠳᠤplarform ᠬᠠᠨᠳᠤᠬᠤ ᠳᠤ ᠱᠠᠭᠠᠷᠳᠠᠯᠭ᠎ᠠ ᠲᠠᠢ ᠦᠢᠯᠡᠴᠢᠯᠡᠭᠦᠯᠦᠭᠴᠢ ᠲᠠᠯ᠎ᠠ ᠶᠢᠨ ᠢᠨ᠍ᠲ᠋ᠧᠷᠹᠧᠢᠢᠰinterface ᠪᠣᠯᠤᠨ ᠫᠷᠣ᠌ᠭ᠌ᠷᠠᠮ ᠤᠳ ᠪᠠᠭᠲᠠᠳᠠᠭ᠃ ᠨᠢᠭᠤᠷᠠᠨ ᠲᠠᠯ᠎ᠠ ᠳᠤ ᠸᠧᠪweb ᠰᠧᠷᠸᠧᠷ ᠦᠳserver (Chrome᠂ Firefox᠂ internet explorer ᠭᠡᠬᠦ ᠮᠡᠲᠦ)᠂ thin/fat clients᠂ ᠲᠠᠪᠯᠧᠲtablet᠂ ᠬᠥᠳᠡᠯᠭᠡᠭᠡᠨ ᠳᠦ ᠲᠥᠬᠥᠭᠡᠷᠦᠮᠵᠢ ᠨᠦᠭᠦᠳ ᠪᠠᠶ᠋ᠢᠨ᠎ᠠ᠃
ᠠᠷᠤ ᠲᠠᠯ᠎ᠠ ᠶᠢ ᠦᠢᠯᠡᠴᠢᠯᠡᠭᠡ ᠦᠵᠡᠭᠦᠯᠦᠭᠴᠢ ᠠᠰᠢᠭᠯᠠᠳᠠᠭ᠃ ᠡ᠊ᠨᠳᠡ ᠡᠭᠦᠯᠡᠨ ᠲᠣᠭᠠᠴᠠᠭᠠᠯᠠᠯ ᠤᠨ ᠦᠢᠯᠡᠴᠢᠯᠡᠭᠡᠨ ᠳᠦ ᠱᠠᠭᠠᠷᠳᠠᠯᠭ᠎ᠠ ᠲᠠᠢ ᠪᠦᠬᠦ ᠨᠥᠭᠡᠴᠡ ᠶᠢᠨ ᠤᠳᠤᠷᠢᠳᠤᠯᠭ᠎ᠠ ᠪᠠᠭᠳᠠᠨ᠎ᠠ᠃ ᠡᠭᠦᠨ ᠳᠦ ᠨᠡᠩ ᠶᠡᠬᠡ ᠬᠡᠮᠵᠢᠶᠡᠨ ᠦ ᠥᠭᠭᠥᠭᠳᠡᠯ ᠬᠠᠳᠠᠭᠠᠯᠠᠮᠵᠢ᠂ ᠠᠶᠤᠯ ᠦᠭᠡᠢ ᠶᠢᠨ ᠮᠧᠻᠠᠨᠢᠰᠮmechanism᠂ ᠸᠢᠷᠲᠤᠠᠯ ᠮᠠᠱᠢᠨ᠂ ᠲᠦᠭᠡᠭᠡᠯ ᠦᠨ ᠵᠠᠭᠪᠤᠷ᠂ ᠰᠧᠷᠸᠧᠷ᠂ ᠲᠷᠠᠹᠢᠻtraffic ᠬᠢᠨᠠᠯᠲᠠ ᠶᠢᠨ ᠮᠧᠻᠠᠨᠢᠰᠮ ᠣᠷᠣᠨ᠎ᠠ᠃
ᠨᠢᠭᠤᠷ ᠪᠠ ᠠᠷᠤ ᠶᠢᠨ ᠬᠡᠰᠡᠭ ᠬᠣᠶᠠᠭᠤᠯᠠ ᠶᠡᠷᠦᠩᠬᠡᠢ ᠳᠦ ᠪᠡᠨ ᠢᠨ᠍ᠲ᠋ᠧᠷᠨᠧᠲ ᠬᠣᠯᠪᠣᠯᠲᠠ᠂ ᠰᠦᠯᠵᠢᠶ᠎ᠡ ᠪᠡᠷ ᠪᠤᠰᠤᠳ ᠲᠠᠢ ᠬᠣᠯᠪᠣᠭᠳᠠᠨ᠎ᠠ᠃[4]

ᠡᠭᠦᠯᠡᠨ ᠠᠷᠻᠢᠲ᠋ᠧᠻᠲ᠋ᠦ᠋ᠷ ᠤᠨ ᠪᠦᠷᠢᠯᠳᠦᠬᠦᠨ ᠬᠡᠰᠡᠭ ᠦᠳ

ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠤᠨ ᠳᠠᠷᠠᠭᠠᠬᠢ ᠪᠦᠷᠢᠯᠳᠦᠬᠦᠨ ᠬᠡᠰᠡᠭ ᠦᠳ ᠪᠠᠶ᠋ᠢᠳᠠᠭ᠄

1᠃ ᠦᠢᠯᠡᠴᠢᠯᠡᠭᠦᠯᠦᠭᠴᠢ ᠶᠢᠨ ᠳᠡᠳ᠋ ᠪᠦᠲᠦᠴᠡ᠄

ᠦᠢᠯᠡᠴᠢᠯᠡᠭᠦᠯᠦᠭᠴᠢ ᠶᠢᠨ ᠳᠡᠳ᠋ ᠪᠦᠲᠦᠴᠡ ᠨᠢ ᠨᠢᠭᠤᠷᠠᠨ ᠲᠠᠯ᠎ᠠ ᠶᠢᠨ ᠪᠦᠷᠢᠯᠳᠦᠬᠦᠨ ᠬᠡᠰᠡᠭ ᠶᠤᠮ᠃ ᠡᠨᠡ ᠨᠢ ᠡᠭᠦᠯᠡ ᠲᠡᠢ ᠬᠠᠷᠢᠯᠴᠠᠬᠤ ᠬᠡᠷᠡᠭᠯᠡᠭᠴᠢ ᠶᠢᠨ ᠭᠷᠠᠹᠢᠻ ᠢᠨ᠍ᠲ᠋ᠧᠷᠹᠡᠢᠢᠰ (GUI) ᠍ ᠪᠡᠷ ᠬᠠᠩᠭᠠᠳᠠᠭ᠃

2᠃ ᠬᠡᠷᠡᠭᠯᠡᠭᠦᠷ᠄

ᠬᠡᠷᠡᠭᠯᠡᠭᠦᠷ ᠨᠢ ᠦᠢᠯᠡᠴᠢᠯᠡᠭᠦᠯᠦᠭᠴᠢ ᠶᠢᠨ ᠬᠠᠨᠳᠤᠬᠤ ᠶᠢ ᠬᠦᠰᠡᠭᠰᠡᠨ ᠶᠠᠮᠪᠠᠷᠪᠠ ᠫᠷᠣ᠌ᠭ᠌ᠷᠠᠮ ᠬᠠᠩᠭᠠᠮᠵᠢ ᠡᠰᠡᠪᠡᠯ ᠫ᠊ᠯᠠᠲ᠋ᠹᠣᠷᠮ ᠪᠠᠶ᠋ᠢᠵᠤ ᠪᠣᠯᠤᠨ᠎ᠠ᠃

3᠃ ᠦᠢᠯᠡᠴᠢᠯᠡᠭᠡ᠄

ᠡᠭᠦᠯᠡᠨ ᠲᠣᠭᠠᠴᠠᠭᠠᠯᠠᠯ ᠨᠢ ᠳᠠᠷᠠᠭᠠᠬᠢ ᠭᠤᠷᠪᠠᠨ ᠬᠡᠪ ᠵᠠᠭᠪᠤᠷ ‍ᠤᠨ ᠦᠢᠯᠡᠴᠢᠯᠡᠭᠡ ᠶᠢ ᠰᠠᠨᠠᠯ ᠪᠣᠯᠭᠠᠳᠠᠭ᠃

i᠃ ᠫᠷᠣ᠌ᠭ᠌ᠷᠠᠮ ᠬᠠᠩᠭᠠᠮᠵᠢ ᠦᠢᠯᠡᠴᠢᠯᠡᠭᠡ (SaaS) – SaaS ‍ᠤᠨ ᠫᠷᠣ᠌ᠭ᠌ᠷᠠᠮ ᠤᠳ ᠶᠡᠬᠡᠪᠴᠢᠯᠡᠨ ᠰᠢᠭᠤᠳ ᠸᠧᠪ ᠬᠥᠲᠥᠴᠢ ᠪᠡᠷ ᠳᠠᠮᠵᠢᠨ ᠠᠵᠢᠯᠯᠠᠳᠠᠭ ᠲᠤᠯᠠ ᠲᠡᠳᠡᠭᠡᠷ ᠫᠷᠣ᠌ᠭ᠌ᠷᠠᠮ ᠢ ᠲᠠᠲᠠᠵᠤ ᠠᠪᠬᠤ᠂ ᠰᠠᠭᠤᠯᠭᠠᠬᠤ ᠱᠠᠭᠠᠷᠳᠠᠯᠭ᠎ᠠ ᠦᠭᠡᠢ᠃

ii. ᠫ᠊ᠯᠠᠲ᠋ᠹᠣᠷᠮ ᠦᠢᠯᠡᠴᠢᠯᠡᠭᠡ (PaaS) –

SaaS ᠲᠠᠢ ᠲᠥᠰᠲᠡᠢ ᠪᠣᠯᠪᠠᠴᠤ PaaS ᠨᠢ ᠫᠷᠣ᠌ᠭ᠌ᠷᠠᠮ ᠬᠠᠩᠭᠠᠮᠵᠢ ᠡᠭᠦᠰᠭᠡᠬᠦ ᠫ᠊ᠯᠠᠲ᠋ᠹᠣᠷᠮ ᠢᠢᠠᠷ ᠬᠠᠩᠭᠠᠳᠠᠭ᠂ ᠬᠠᠷᠢᠨ SaaS ᠍ ᠢ ᠠᠰᠢᠭᠯᠠᠭᠰᠠᠨ ᠢᠢᠠᠷ ᠫ᠊ᠯᠠᠲ᠋ᠹᠣᠷᠮ ᠱᠠᠭᠠᠷᠳᠠᠯᠭ᠎ᠠ ᠦᠭᠡᠢ ᠪᠡᠷ ᠢᠨ᠍ᠲ᠋ᠧᠷᠨᠧᠲ ᠢᠢᠡᠷ ᠫᠷᠣ᠌ᠭ᠌ᠷᠠᠮ ᠬᠠᠩᠭᠠᠮᠵᠢ ᠳᠤ ᠬᠠᠨᠳᠤᠬᠤ ᠪᠣᠯᠤᠮᠵᠢ ᠲᠠᠢ ᠪᠠᠶ᠋ᠢᠳᠠᠭ᠃

iii. ᠳᠡᠳ᠋ ᠪᠦᠲᠦᠴᠡ ᠦᠢᠯᠡᠴᠢᠯᠡᠭᠡ (IaaS) - ᠡᠨᠡ ᠨᠢ ᠫᠷᠣ᠌ᠭ᠌ᠷᠠᠮ ᠤᠨ ᠥᠭᠭᠥᠭᠳᠡᠯ᠂ ᠳᠤᠮᠳᠠ ᠶᠢᠨ ᠫᠷᠣ᠌ᠭ᠌ᠷᠠᠮ᠂ ᠢᠳᠡᠪᠬᠢᠵᠢᠯᠲᠦ ᠴᠠᠭ ᠤᠨ ᠣᠷᠴᠢᠨ ᠢ ᠵᠣᠬᠢᠴᠠᠭᠤᠯᠬᠤ ᠡᠭᠦᠷᠭᠡ ᠲᠡᠢ᠃

4᠃ ᠢᠳᠡᠪᠬᠢᠵᠢᠯᠲᠦ ᠴᠠᠭ ᠤᠨ ᠡᠭᠦᠯᠡ᠄

ᠢᠳᠡᠪᠬᠢᠵᠢᠯᠲᠦ ᠴᠠᠭ ᠤᠨ ᠡᠭᠦᠯᠡ ᠨᠢ ᠸᠢᠷᠲᠤᠠᠯ ᠮᠠᠱᠢᠨ ᠨᠤᠭᠤᠳ ᠢ ᠭᠦᠢᠴᠡᠳᠬᠡᠯ ᠪᠣᠯᠤᠨ ᠢᠳᠡᠪᠬᠢᠵᠢᠯᠲᠦ ᠴᠠᠭ ᠤᠨ ᠣᠷᠴᠢᠨ ᠢᠢᠠᠷ ᠬᠠᠩᠭᠠᠳᠠᠭ᠃

5᠃ ᠬᠠᠳᠠᠭᠠᠯᠠᠮᠵᠢ᠄

ᠬᠠᠳᠠᠭᠠᠯᠠᠮᠵᠢ ᠨᠢ ᠡᠭᠦᠯᠡᠨ ᠲᠣᠭᠠᠴᠠᠭᠠᠯᠠᠯ ᠤᠨ ᠬᠠᠮᠤᠭ ᠤᠨ ᠴᠢᠬᠤᠯᠠ ᠪᠦᠷᠢᠯᠳᠦᠬᠦᠨ ᠬᠡᠰᠡᠭ ᠦᠳ ᠦᠨ ᠨᠢᠭᠡ ᠶᠤᠮ᠃ ᠡᠨᠡ ᠨᠢ ᠡᠭᠦᠯᠡᠨ ᠳᠦ ᠥᠭᠭᠥᠭᠳᠡᠯ ᠬᠠᠳᠠᠭᠠᠯᠠᠬᠤ᠂ ᠤᠳᠤᠷᠢᠳᠬᠤ ᠨᠡᠩ ᠶᠡᠬᠡ ᠬᠡᠮᠵᠢᠶᠡᠨ ᠦ ᠬᠠᠳᠠᠭᠠᠯᠠᠬᠤ ᠪᠠᠭᠲᠠᠭᠠᠮᠵᠢ ᠪᠠᠷ ᠬᠠᠩᠭᠠᠳᠠᠭ᠃

6᠃ ᠳᠡᠳ᠋ ᠪᠦᠲᠦᠴᠡ᠄

ᠾᠣᠰᠲ ‍ᠤᠨhost ᠲᠦᠪᠰᠢᠨ᠂ ᠫᠷᠣ᠌ᠭ᠌ᠷᠠᠮ ᠤᠨ ᠲᠦᠪᠰᠢᠨ᠂ ᠰᠦᠯᠵᠢᠶᠡᠨ ᠦ ᠲᠦᠪᠰᠢᠨ ᠳᠦ ᠦᠢᠯᠡᠴᠢᠯᠡᠭᠡ ᠦᠵᠡᠭᠦᠯᠳᠡᠭ᠃ ᠡᠭᠦᠯᠡᠨ ᠦ ᠳᠡᠳ᠋ ᠪᠦᠲᠦᠴᠡ ᠳᠦ ᠡᠭᠦᠯᠡᠨ ᠲᠣᠭᠠᠴᠠᠭᠠᠯᠠᠯ ᠤᠨ ᠵᠠᠭᠪᠤᠷ ᠢ ᠳᠡᠮᠵᠢᠬᠦ ᠳᠦ ᠱᠠᠭᠠᠷᠳᠠᠯᠭ᠎ᠠ ᠲᠠᠢ ᠰᠧᠷᠸᠧᠷ᠂ ᠬᠠᠳᠠᠭᠠᠯᠠᠬᠤ ᠰᠠᠩ᠂ ᠰᠦᠯᠵᠢᠶᠡᠨ ᠦ ᠲᠥᠬᠥᠭᠡᠷᠦᠮᠵᠢ᠂ ᠸᠢᠷᠲᠤᠠᠯᠴᠢᠯᠠᠯ ᠤᠨ ᠫᠷᠣ᠌ᠭ᠌ᠷᠠᠮ ᠬᠠᠩᠭᠠᠮᠵᠢ ᠪᠣᠯᠤᠨ ᠪᠤᠰᠤᠳ ᠬᠠᠳᠠᠭᠠᠯᠠᠬᠤ ᠨᠥᠭᠡᠴᠡ ᠵᠡᠷᠭᠡ ᠲᠧᠻᠨᠢᠭ ᠬᠠᠩᠭᠠᠮᠵᠢ᠂ ᠫᠷᠣ᠌ᠭ᠌ᠷᠠᠮ ᠬᠠᠩᠭᠠᠮᠵᠢ ᠶᠢᠨ ᠵᠦᠢᠯᠡᠰ ᠬᠠᠮᠤᠷᠤᠭᠳᠠᠨ᠎ᠠ᠃

7᠃ ᠤᠳᠤᠷᠢᠳᠤᠯᠭ᠎ᠠ᠄

ᠤᠳᠤᠷᠢᠳᠤᠯᠭ᠎ᠠ ᠵᠣᠬᠢᠴᠠᠭᠤᠯᠤᠯᠲᠠ ᠨᠢ ᠫᠷᠣ᠌ᠭ᠌ᠷᠠᠮ᠂ ᠦᠢᠯᠡᠴᠢᠯᠡᠭᠡ᠂ ᠢᠳᠡᠪᠬᠢᠵᠢᠯᠲᠦ ᠴᠠᠭ ᠤᠨ ᠡᠭᠦᠯᠡ᠂ ᠬᠠᠳᠠᠭᠠᠯᠠᠬᠤ ᠰᠠᠩ᠂ ᠳᠡᠳ᠋ ᠪᠦᠲᠦᠴᠡ᠂ ᠪᠤᠰᠤᠳ ᠠᠶᠤᠯ ᠦᠭᠡᠢ ᠪᠠᠶ᠋ᠢᠳᠠᠯ ᠤᠨ ᠠᠰᠠᠭᠤᠳᠠᠯ ᠢ ᠵᠣᠬᠢᠴᠠᠭᠤᠯᠬᠤ᠂ ᠲᠡᠳᠡᠭᠡᠷ ᠦᠨ ᠬᠣᠭᠣᠷᠣᠨᠳᠣ ᠶᠢᠨ ᠤᠶᠠᠯᠳᠤᠭ᠎ᠠ ᠶᠢ ᠬᠠᠩᠭᠠᠬᠤ ᠳᠤ ᠬᠡᠷᠡᠭᠲᠡᠢ᠃

8᠃ ᠠᠶᠤᠯ ᠦᠭᠡᠢ ᠪᠠᠶ᠋ᠢᠳᠠᠯ᠄

ᠠᠶᠤᠯ ᠦᠭᠡᠢ ᠪᠠᠶ᠋ᠢᠳᠠᠯ ᠨᠢ ᠡᠭᠦᠯᠡᠨ ᠲᠣᠭᠠᠴᠠᠭᠠᠯᠠᠯ ᠤᠨ ᠰᠠᠯᠤᠰᠢ ᠦᠭᠡᠢ ᠪᠦᠷᠢᠯᠳᠦᠬᠦᠨ ᠬᠡᠰᠡᠭ ᠶᠤᠮ᠃ ᠠᠷᠤ ᠶᠢᠨ ᠬᠡᠰᠡᠭ ᠲᠦ ᠬᠠᠮᠠᠭᠠᠯᠠᠯᠲᠠ ᠶᠢᠨ ᠮᠧᠻᠠᠨᠢᠰᠮ ᠢ ᠬᠡᠷᠡᠭᠵᠢᠭᠦᠯᠳᠡᠭ᠃

9᠃ ᠢᠨ᠍ᠲ᠋ᠧᠷᠨᠧᠲ᠄

ᠢᠨ᠍ᠲ᠋ᠧᠷᠨᠧᠲ ᠨᠢ ᠨᠢᠭᠤᠷᠠᠨ ᠲᠠᠯ᠎ᠠ ᠪᠠ ᠠᠷᠤ ᠲᠠᠯ᠎ᠠ ᠬᠣᠭᠣᠷᠣᠨᠳᠣ ᠪᠠᠨ ᠬᠠᠷᠢᠯᠴᠠᠨ ᠦᠢᠯᠡᠴᠢᠯᠡᠵᠦ᠂ ᠮᠡᠳᠡᠭᠡᠯᠡᠯ ᠰᠤᠯᠢᠯᠴᠠᠬᠤ ᠣᠷᠴᠢᠨ ᠶᠤᠮ᠃[4]

ᠦᠢᠯᠡᠴᠢᠯᠡᠭᠡᠨ ‍ᠦ ᠬᠡᠪ ᠵᠠᠭᠪᠤᠷ


align: top
ᠡᠭᠦᠯᠡᠨ ᠲᠣᠭᠠᠴᠠᠭᠠᠯᠠᠯ ‍ᠤᠨ ᠦᠢᠯᠡᠴᠢᠯᠡᠭᠡᠨ ‍ᠦ ᠵᠠᠭᠪᠤᠷ ‍ᠤᠳ ᠪᠣᠯᠤᠨ ᠲᠦᠭᠡᠭᠡᠯ ‍ᠦᠨ ᠵᠠᠭᠪᠤᠷ ‍ᠤᠳ ‍ᠤᠨ ᠦᠶᠠᠯᠳᠤᠭ ‍ᠠ᠋


IaaS (ᠳᠡᠳ᠋ ᠪᠦᠲᠦᠴᠡ ᠦᠢᠯᠡᠴᠢᠯᠡᠭᠡ)

IaaS ᠨᠢ ᠦᠢᠯᠡᠴᠢᠯᠡᠭᠦᠯᠦᠭᠴᠢ ᠬᠦᠰᠡᠭᠰᠡᠨ ᠴᠠᠭ ᠲᠤ ᠪᠡᠯᠡᠨ ᠦᠢᠯᠡᠴᠢᠯᠡᠳᠡᠭ ᠰᠧᠷᠸᠧᠷ ᠦᠳ᠂ ᠬᠠᠳᠠᠭᠠᠯᠠᠬᠤ ᠪᠠᠭᠲᠠᠭᠠᠮᠵᠢ᠂ ᠰᠦᠯᠵᠢᠶᠡᠨ ᠦ ᠲᠥᠬᠥᠭᠡᠷᠦᠮᠵᠢ ᠨᠦᠭᠦᠳ ᠵᠡᠷᠭᠡ ᠡᠭᠦᠯᠡᠨ ᠳᠦ ᠪᠠᠶ᠋ᠢᠷᠢᠰᠢᠭᠤᠯᠤᠭᠰᠠᠨ ᠲᠣᠭᠠᠴᠠᠭᠠᠯᠠᠯ ᠤᠨ ᠳᠡᠳ᠋ ᠪᠦᠲᠦᠴᠡ ᠮᠥᠨ ᠪᠥᠭᠡᠳ ᠦᠢᠯᠡᠴᠢᠯᠡᠭᠦᠯᠦᠭᠴᠢᠳ ᠥᠪᠡᠷᠰᠡᠳ ᠦᠨ ᠪᠠᠶ᠋ᠢᠷᠢᠨ ᠳᠠᠬᠢ ᠲᠧᠻᠨᠢᠭ ᠬᠠᠩᠭᠠᠮᠵᠢ ᠶᠢ ᠠᠰᠢᠭᠯᠠᠵᠤ ᠪᠠᠶ᠋ᠢᠭ᠎ᠠ ᠮᠡᠲᠦ ᠬᠠᠮ ᠲᠣᠬᠢᠷᠠᠭᠤᠯᠵᠤ ᠠᠰᠢᠭᠯᠠᠬᠤ ᠪᠣᠯᠤᠮᠵᠢ ᠲᠠᠢ᠃

ᠪᠣᠳᠠᠲᠤ ᠲᠧᠻᠨᠢᠭ ᠬᠠᠩᠭᠠᠮᠵᠢ᠂ ᠲᠣᠭᠠᠴᠠᠭᠠᠯᠠᠯ ᠤᠨ ᠨᠥᠭᠡᠴᠡ ᠨᠦᠭᠦᠳ ᠨᠢ ᠡᠭᠦᠯᠡᠨ ᠦᠢᠯᠡᠴᠢᠯᠡᠭᠡ ᠦᠵᠡᠭᠦᠯᠦᠭᠴᠢ ᠶᠢᠨ ᠥᠭᠭᠥᠭᠳᠡᠯ ᠦᠨ ᠲᠥᠪ ᠲᠦ ᠪᠠᠶ᠋ᠢᠷᠢᠯᠠᠵᠤ᠂ ᠦᠢᠯᠡᠴᠢᠯᠡᠭᠡ ᠦᠵᠡᠭᠦᠯᠦᠭᠴᠢ ᠪᠠᠶ᠋ᠢᠭᠤᠯᠤᠯᠭ᠎ᠠ ᠠᠷᠠᠴᠢᠯᠠᠵᠤ᠂ ᠵᠠᠰᠠᠪᠤᠷᠢ ᠦᠢᠯᠡᠴᠢᠯᠡᠭᠡ ᠬᠢᠨ᠎ᠡ. IaaS ᠬᠡᠷᠡᠭᠯᠡᠭᠴᠢᠳ ᠲᠧᠻᠨᠢᠭ ᠬᠠᠩᠭᠠᠮᠵᠢ ᠶᠢ ᠢᠨ᠍ᠲ᠋ᠧᠷᠨᠧᠲ ᠬᠣᠯᠪᠣᠯᠲᠠ ᠪᠠᠷ ᠳᠠᠮᠵᠢᠭᠤᠯᠤᠨ ᠠᠰᠢᠭᠯᠠᠬᠤ ᠠᠭᠠᠳ ᠲᠥᠯᠥᠪᠦᠷᠢ ᠨᠢ ᠲᠣᠭᠲᠠᠮᠠᠯ ᠭᠡᠷ᠎ᠡ ᠪᠡᠷ᠂ ᠡᠰᠡᠪᠡᠯ ᠬᠡᠷᠡᠭᠯᠡᠭᠡ ᠪᠡᠷ ᠲᠣᠭᠠᠴᠠᠭᠳᠠᠳᠠᠭ᠃

IaaS ᠬᠡᠷᠡᠭᠯᠡᠭᠴᠢᠳ ᠬᠤᠪᠢᠶᠠᠯᠴᠠᠭᠰᠠᠨ (shared) ᠲᠧᠻᠨᠢᠭ ᠬᠠᠩᠭᠠᠮᠵᠢ ᠳᠡᠭᠡᠷᠡᠬᠢ (ᠡᠭᠦᠯᠡᠨ ᠦᠢᠯᠡᠴᠢᠯᠡᠭᠡ ᠦᠵᠡᠭᠦᠯᠦᠭᠴᠢ ᠸᠢᠷᠲ᠋ᠤᠠᠯᠴᠢᠯᠠᠯ ᠢ ᠬᠠᠷᠢᠭᠤᠴᠠᠳᠠᠭ) ᠸᠢᠷᠲ᠋ᠤᠠᠯ ᠮᠠᠱᠢᠨ ᠨᠤᠭᠤᠳ ᠠᠴᠠ (VM) ᠰᠤᠩᠭᠤᠬᠤ (ᠡᠭᠦᠯᠡᠨ ᠦᠢᠯᠡᠴᠢᠯᠡᠭᠡ ᠦᠵᠡᠭᠦᠯᠦᠭᠴᠢ ᠨᠢ ᠸᠢᠷᠲ᠋ᠤᠠᠯᠴᠢᠯᠠᠯ ᠢ ᠤᠳᠤᠷᠢᠳᠳᠠᠭ)᠂ ᠡᠰᠡᠪᠡᠯ ᠲᠤᠬᠠᠶ᠋ᠢᠯᠠᠭᠰᠠᠨ (dedicated) ᠪᠡᠶᠡᠳᠦ ᠲᠥᠬᠥᠭᠡᠷᠦᠮᠵᠢ ᠳᠡᠭᠡᠷᠡᠬᠢ ᠰᠧᠷᠸᠧᠷ ᠦᠳ ᠡᠴᠡ ᠰᠤᠩᠭᠤᠬᠤ ᠪᠣᠯᠤᠮᠵᠢ ᠲᠠᠢ᠃ ᠦᠢᠯᠡᠴᠢᠯᠡᠭᠦᠯᠦᠭᠴᠢᠳ ᠰᠧᠷᠸᠧᠷ ᠪᠣᠯᠤᠨ ᠳᠡᠳ᠋ ᠪᠦᠲᠦᠴᠡ ᠶᠢ ᠭᠷᠠᠹᠢᠻ ᠬᠢᠨᠠᠯᠲᠠ ᠶᠢᠨ ᠰᠠᠮᠪᠠᠷ᠎ᠠ ᠪᠠᠷ᠂ ᠡᠰᠡᠪᠡᠯ API (ᠬᠡᠷᠡᠭᠯᠡᠭᠦᠷ ᠫᠷᠣᠭ᠌ᠷᠠᠮᠴᠢᠯᠠᠯ ᠤᠨ ᠢᠨ᠍ᠲ᠋ᠧᠷᠹᠧᠢᠢᠰ) ᠠᠰᠢᠭᠯᠠᠨ ᠫᠷᠣᠭ᠌ᠷᠠᠮᠴᠢᠯᠠᠬᠤ᠂ ᠬᠠᠮ ᠲᠣᠬᠢᠷᠠᠭᠤᠯᠬᠤ᠂ ᠠᠵᠢᠯᠯᠠᠭᠤᠯᠬᠤ ᠪᠣᠯᠤᠮᠵᠢ ᠲᠠᠢ᠃

ᠡᠳᠦᠭᠡ Amazon Web Services᠂ Google Cloud᠂ IBM Cloud᠂ Microsoft Azure ᠵᠡᠷᠭᠡ ᠲᠣᠮᠣᠬᠠᠨ ᠡᠭᠦᠯᠡᠨ ᠦᠢᠯᠡᠴᠢᠯᠡᠭᠡ ᠦᠵᠡᠭᠦᠯᠦᠭᠴᠢᠳ IaaS ᠰᠠᠨᠠᠯ ᠪᠣᠯᠭᠠᠵᠤ ᠡᠬᠢᠯᠡᠭᠰᠡᠨ᠃

IaaS ᠍ ᠶᠢᠨ ᠠᠰᠢᠭ ᠲᠤᠰᠠ:

ᠤᠯᠠᠮᠵᠢᠯᠠᠯᠲᠤ ᠮᠡᠳᠡᠭᠡᠯᠡᠯ ᠦᠨ ᠲᠧᠻᠨᠣᠯᠣᠭᠢ ᠲᠠᠢ ᠬᠠᠷᠢᠴᠠᠭᠤᠯᠬᠤ ᠳᠤ IaaS ᠨᠢ ᠬᠡᠷᠡᠭᠯᠡᠭᠴᠢᠳ ᠲᠦ ᠢᠯᠡᠭᠦᠦ ᠤᠶᠠᠨ ᠬᠠᠲᠠᠨ ᠪᠣᠯᠤᠮᠵᠢ ᠢᠢ ᠣᠯᠭᠤᠵᠤ᠂ ᠲᠣᠭᠠᠴᠠᠭᠠᠯᠠᠬᠤ ᠨᠥᠭᠡᠴᠡ ᠶᠢ ᠱᠠᠭᠠᠷᠳᠠᠯᠭ᠎ᠠ ᠶᠢᠨ ᠬᠢᠷᠢ ᠪᠡᠷ ᠪᠤᠢ ᠪᠣᠯᠭᠠᠵᠤ᠂ ᠲᠷᠠᠹᠢᠻ ᠶᠡᠬᠡᠰᠬᠦ᠂ ᠪᠠᠭᠠᠰᠬᠤ ᠲᠠᠢ ᠤᠶᠠᠯᠳᠤᠭᠤᠯᠤᠨ ᠲᠡᠳᠡᠭᠡᠷ ᠢ ᠨᠡᠮᠡᠭᠳᠡᠭᠦᠯᠬᠦ᠂ ᠪᠠᠭᠤᠷᠠᠭᠤᠯᠬᠤ ᠪᠣᠯᠤᠮᠵᠢ ᠪᠠᠷ ᠬᠠᠩᠭᠠᠳᠠᠭ᠃ ᠦᠢᠯᠡᠴᠢᠯᠡᠭᠦᠯᠦᠭᠴᠢᠳ IaaS ᠠᠰᠢᠭᠯᠠᠭᠰᠠᠨ ᠢᠢᠠᠷ ᠥᠭᠭᠥᠭᠳᠡᠯ ᠦᠨ ᠲᠥᠪ ᠪᠠᠶ᠋ᠢᠭᠤᠯᠬᠤ ᠬᠥᠷᠦᠩᠭᠡ ᠣᠷᠣᠭᠤᠯᠤᠯᠲᠠ ᠶᠢᠨ ᠵᠠᠷᠤᠳᠠᠯ᠂ ᠵᠠᠰᠠᠪᠤᠷᠢ ᠦᠢᠯᠡᠴᠢᠯᠡᠭᠡ ᠬᠢᠬᠦ ᠤᠷᠤᠰᠬᠠᠯ ᠵᠠᠷᠤᠳᠠᠯ ᠠᠴᠠ ᠴᠢᠯᠦᠭᠡᠯᠡᠭᠳᠡᠨ᠎ᠡ᠃ ᠡᠨᠡ ᠨᠢ ᠨᠢᠭᠡ ᠲᠠᠯ᠎ᠠ ᠠᠴᠠ ᠣᠭᠴᠣᠮ ᠠᠴᠢᠶᠠᠯᠠᠯ ᠳᠤ ᠪᠡᠯᠡᠨ ᠪᠠᠶ᠋ᠢᠬᠤ ᠶᠢᠨ ᠲᠤᠯᠠᠳᠠ ᠢᠯᠡᠭᠦᠦ ᠶᠡᠬᠡ ᠬᠦᠴᠦᠨ ᠴᠢᠳᠠᠯ ᠬᠤᠳᠠᠯᠳᠤᠵᠤ ᠠᠪᠬᠤ ᠦᠷ᠎ᠡ ᠠᠰᠢᠭ ᠪᠠᠭᠠᠲᠠᠢ ᠵᠠᠷᠤᠳᠠᠯ᠂ ᠨᠥᠭᠥᠭᠡ ᠲᠠᠯ᠎ᠠ ᠠᠴᠠ ᠭᠡᠨᠡᠳᠲᠡ ᠶᠢᠨ ᠠᠴᠢᠶᠠᠯᠠᠯ ᠳᠤ ᠠᠵᠢᠯᠯᠠᠬᠤ ᠬᠦᠴᠦᠨ ᠴᠢᠳᠠᠯ ᠳᠤᠲᠠᠭᠳᠠᠭᠰᠠᠨ ᠠᠴᠠ ᠡᠭᠦᠳᠡᠵᠦ ᠪᠣᠯᠬᠤ ᠭᠦᠢᠴᠡᠳᠬᠡᠯ ᠦᠨ ᠳᠣᠭᠣᠯᠳᠠᠯ᠂ ᠲᠠᠰᠤᠯᠳᠠᠯ ‍ᠤᠨ

ᠬᠣᠭᠣᠷᠣᠨᠳᠣ ᠵᠣᠬᠢᠴᠠᠬᠤ ᠳᠠᠷᠤᠮᠲᠠ ᠶᠢ ᠠᠷᠢᠯᠭᠠᠨ᠎ᠠ᠃

IaaS ᠍ ᠦᠨ ᠪᠤᠰᠤᠳ ᠳᠠᠪᠠᠭᠤ ᠲᠠᠯ᠎ᠠ ᠨᠤᠭᠤᠳ ᠨᠢ

ᠲᠠᠰᠤᠷᠠᠯᠲᠠ ᠦᠭᠡᠢ ᠪᠡᠯᠡᠨ ᠪᠠᠶ᠋ᠢᠳᠠᠯ᠄

ᠻᠣᠮᠫᠠᠨᠢ ᠨᠢ IaaS ᠠᠰᠢᠭᠯᠠᠨ ᠨᠡᠮᠡᠯᠲᠡ ᠰᠧᠷᠸᠧᠷ ᠦᠳ ᠢ ᠬᠢᠯᠪᠠᠷᠬᠠᠨ ᠡᠭᠦᠰᠬᠡᠵᠦ᠂ ᠭᠠᠵᠠᠷᠵᠦᠢ ᠶᠢᠨ ᠪᠤᠰᠤᠳ ᠪᠠᠶ᠋ᠢᠷᠢᠰᠢᠯ ᠤᠳ ᠲᠤ ᠴᠤ ᠰᠧᠷᠸᠧᠷ ᠦᠳ ᠡᠭᠦᠰᠬᠡᠵᠦ ᠪᠣᠯᠬᠤ ᠲᠤᠯᠠ ᠣᠷᠣᠨ ᠨᠤᠲᠤᠭ ᠳᠠᠬᠢ ᠴᠠᠬᠢᠯᠭᠠᠨ ᠲᠠᠰᠤᠯᠳᠠᠯ᠂ ᠭᠠᠮᠰᠢᠭ ᠤᠨ ᠦᠶ᠎ᠡ ᠳᠦ ᠴᠤ ᠲᠠᠰᠤᠷᠠᠯᠲᠠ ᠦᠭᠡᠢ ᠠᠰᠢᠭᠯᠠᠬᠤ ᠪᠣᠯᠤᠮᠵᠢ ᠬᠠᠩᠭᠠᠭᠳᠠᠨ᠎ᠠ᠃

ᠬᠣᠴᠣᠷᠤᠯᠳᠠ ᠪᠠᠭ᠎ᠠ᠂ ᠠᠵᠢᠯᠯᠠᠭ᠎ᠠ ᠰᠠᠶ᠋ᠢᠨ᠃

IaaS ᠦᠢᠯᠡᠴᠢᠯᠡᠭᠡ ᠦᠵᠡᠭᠦᠯᠦᠭᠴᠢ ᠨᠢ ᠣᠯᠠᠨ ᠭᠠᠵᠠᠷᠵᠦᠢ ᠶᠢᠨ ᠪᠠᠶ᠋ᠢᠷᠢᠰᠢᠯ ᠳᠤ ᠥᠭᠭᠥᠭᠳᠡᠯ ᠦᠨ ᠲᠥᠪ ᠦᠳ ᠠᠵᠢᠯᠯᠠᠭᠤᠯᠳᠠᠭ ᠲᠤᠯᠠ ᠬᠡᠷᠡᠭᠯᠡᠭᠴᠢᠳ ᠠᠯᠢ ᠣᠶ᠋ᠢᠷ᠎ᠠ ᠪᠠᠶ᠋ᠢᠷᠢᠰᠢᠯ ᠠᠴᠠ ᠫᠷᠣᠭ᠌ᠷᠠᠮ᠂ ᠦᠢᠯᠡᠴᠢᠯᠡᠭᠡ ᠶᠢ ᠠᠪᠤᠭᠰᠠᠨ ᠢᠢᠠᠷ ᠰᠠᠭᠠᠲᠠᠯ ᠪᠠᠭᠠᠰᠴᠤ᠂ ᠠᠵᠢᠯᠯᠠᠭ᠎ᠠ ᠰᠠᠶ᠋ᠢᠵᠢᠷᠠᠳᠠᠭ᠃

ᠬᠠᠷᠢᠭᠤ ᠦᠢᠯᠡᠳᠦᠯ ᠲᠦᠷᠭᠡᠰᠦᠨ᠎ᠡ᠄

ᠦᠢᠯᠡᠴᠢᠯᠡᠭᠦᠯᠦᠭᠴᠢᠳ ᠬᠡᠳᠦᠬᠡᠨ ᠮᠢᠨᠦ᠋ᠲ ᠤᠨ ᠳᠣᠲᠣᠷ᠎ᠠ ᠨᠥᠭᠡᠴᠡ ᠨᠦᠭᠦᠳ ᠢ ᠵᠣᠬᠢᠴᠠᠭᠤᠯᠵᠤ᠂ ᠰᠢᠨ᠎ᠡ ᠰᠠᠨᠠᠭ᠎ᠠ ᠶᠢ ᠪᠣᠭᠣᠨᠢ ᠬᠤᠭᠤᠴᠠᠭᠠᠨ ᠳᠤ ᠲᠤᠷᠰᠢᠵᠤ᠂ ᠰᠢᠨ᠎ᠡ ᠰᠠᠨᠠᠭ᠎ᠠ ᠶᠢ ᠢᠯᠡᠭᠦᠦ ᠣᠯᠠᠨ ᠬᠡᠷᠡᠭᠯᠡᠭᠴᠢᠳ ᠲᠦ ᠦᠳᠲᠡᠷ ᠲᠦᠷᠭᠡᠨ ᠬᠦᠷᠭᠡᠬᠦ ᠪᠣᠯᠤᠮᠵᠢ ᠲᠠᠢ᠃

ᠢᠵᠢ ᠠᠶᠤᠯ ᠦᠭᠡᠢ ᠪᠠᠶ᠋ᠢᠳᠠᠯ᠄

ᠥᠭᠭᠥᠭᠳᠡᠯ ᠦᠨ ᠲᠥᠪ ᠦᠳ ᠳᠡᠭᠡᠷ᠎ᠡ ᠨᠢᠭᠤᠴᠠᠯᠠᠯ (encryption) ᠠᠰᠢᠭᠯᠠᠵᠤ ᠥᠨᠳᠥᠷ ᠲᠦᠪᠰᠢᠨ ᠦ ᠬᠠᠮᠠᠭᠠᠯᠠᠯ ᠢ ᠪᠤᠢ ᠪᠣᠯᠭᠠᠳᠠᠭ᠃

ᠰᠢᠯᠢᠳᠡᠭ ᠲᠧᠻᠨᠣᠯᠣᠭᠢ ᠢᠢ ᠡᠷᠲᠡ ᠠᠰᠢᠭᠯᠠᠬᠤ᠄

ᠡᠭᠦᠯᠡᠨ ᠦᠢᠯᠡᠴᠢᠯᠡᠭᠡ ᠦᠵᠡᠭᠦᠯᠦᠭᠴᠢᠳ ᠬᠡᠷᠡᠭᠯᠡᠭᠴᠢ ‍ᠳᠦ ᠪᠡᠨ ᠬᠠᠮᠤᠭ ᠤᠨ ᠰᠡᠭᠦᠯ ᠦᠨ ᠦᠶ᠎ᠡ ᠶᠢᠨ ᠲᠧᠻᠨᠣᠯᠣᠭᠢ ᠪᠠᠷ ᠬᠠᠩᠭᠠᠬᠤ ᠶᠢᠨ ᠲᠥᠯᠥᠭᠡ ᠥᠷᠢᠰᠦᠯᠳᠦᠳᠡᠭ ᠲᠤᠯᠠ ᠬᠡᠷᠡᠭᠯᠡᠭᠴᠢᠳ ᠲᠡᠳᠡᠭᠡᠷ ᠲᠧᠻᠨᠣᠯᠣᠭᠢ ᠶᠢ ᠥᠪᠡᠷ ᠦᠨ ᠪᠠᠶ᠋ᠢᠷᠢᠨ ᠳᠤ ᠬᠡᠷᠡᠭᠵᠢᠭᠦᠯᠬᠦ ᠡᠴᠡ ᠬᠠᠪᠢ ᠦᠭᠡᠢ ᠡᠷᠲᠡ (ᠮᠥᠨ ᠬᠠᠪᠢ ᠦᠭᠡᠢ ᠪᠠᠭ᠎ᠠ ᠵᠠᠷᠤᠳᠠᠯ ᠢᠢᠠᠷ) ᠠᠰᠢᠭᠯᠠᠬᠤ ᠪᠣᠯᠤᠮᠵᠢ ᠲᠠᠢ᠃[5]

PaaS (᠋ᠫ᠊ᠯᠠᠲ᠋ᠹᠣᠷᠮ ᠦᠢᠯᠡᠴᠢᠯᠡᠭᠡ)

PaaS ᠨᠢ ᠫᠷᠣᠭ᠌ᠷᠠᠮ ᠬᠥᠭᠵᠢᠭᠦᠯᠬᠦ᠂ ᠠᠵᠢᠯᠯᠠᠭᠤᠯᠬᠤ᠂ ᠤᠳᠤᠷᠢᠳᠬᠤ ᠵᠣᠷᠢᠭᠤᠯᠤᠯᠲᠠ ᠲᠠᠢ ᠡᠭᠦᠯᠡᠨ ᠳᠦ ᠰᠠᠭᠤᠷᠢᠯᠠᠭᠰᠠᠨ ᠫ᠊ᠯᠠᠲ᠋ᠹᠣᠷᠮ ᠢᠢᠠᠷ ᠬᠠᠩᠭᠠᠳᠠᠭ᠃ ᠡᠭᠦᠯᠡᠨ ᠦᠢᠯᠡᠴᠢᠯᠡᠭᠡ ᠦᠵᠡᠭᠦᠯᠦᠭᠴᠢ ᠨᠢ ᠫ᠊ᠯᠠᠲ᠋ᠹᠣᠷᠮ ᠳᠤ ᠪᠠᠭᠲᠤᠭᠰᠠᠨ ᠪᠦᠬᠦ ᠲᠧᠻᠨᠢᠭ ᠬᠠᠩᠭᠠᠮᠵᠢ᠂ ᠫᠷᠣᠭ᠌ᠷᠠᠮ ᠬᠠᠩᠭᠠᠮᠵᠢ᠂ ᠲᠤᠬᠠᠶ᠋ᠢᠯᠠᠪᠠᠯ ᠰᠧᠷᠸᠧᠷ ᠦᠳ (ᠬᠥᠭᠵᠢᠭᠦᠯᠬᠦ᠂ ᠲᠤᠷᠰᠢᠬᠤ᠂ ᠠᠵᠢᠯᠯᠠᠭᠤᠯᠬᠤ ᠠᠵᠢᠯᠯᠠᠭᠠᠨ ᠳᠤ ᠵᠣᠷᠢᠭᠤᠯᠤᠭᠳᠠᠭᠰᠠᠨ)᠂ ᠦᠢᠯᠡᠳᠦᠯ ᠦᠨ ᠰᠢᠰᠲ᠋ᠧᠮ᠂ ᠬᠠᠳᠠᠭᠠᠯᠠᠮᠵᠢ᠂ ᠰᠦᠯᠵᠢᠶ᠎ᠡ᠂ ᠮᠡᠳᠡᠭᠡᠯᠡᠯ ᠦᠨ ᠰᠠᠩ᠂ ᠵᠠᠪᠰᠠᠷ ᠤᠨ ᠫᠷᠣᠭ᠌ᠷᠠᠮ ᠬᠠᠩᠭᠠᠮᠵᠢ᠂ ᠪᠦᠲᠦᠴᠡ᠂ ᠬᠥᠭᠵᠢᠭᠦᠯᠦᠯᠲᠡ ᠶᠢᠨ ᠬᠡᠷᠡᠭᠰᠡᠯ ᠦᠳ᠂ ᠮᠥᠨ ᠲᠡᠭᠦᠨᠴᠢᠯᠡᠨ ᠮᠡᠳᠡᠭᠡᠯᠡᠯ ᠦᠨ ᠠᠶᠤᠯ ᠦᠭᠡᠢ ᠪᠠᠶ᠋ᠢᠳᠠᠯ᠂ ᠫᠷᠣᠭ᠌ᠷᠠᠮ ᠬᠠᠩᠭᠠᠮᠵᠢ ᠶᠢᠨ ᠰᠢᠨᠡᠴᠢᠯᠡᠯ᠂ ᠨᠥᠭᠡᠴᠡᠯᠡᠯ (backups) ᠭᠡᠬᠦ ᠮᠡᠲᠦ ᠬᠣᠯᠪᠣᠭᠳᠠᠬᠤ ᠦᠢᠯᠡᠴᠢᠯᠡᠭᠡ ᠨᠦᠭᠦᠳ ᠢ ᠪᠠᠶ᠋ᠢᠷᠢᠰᠢᠭᠤᠯᠵᠤ᠂ ᠵᠣᠬᠢᠴᠠᠭᠤᠯᠵᠤ᠂ ᠵᠠᠰᠠᠪᠤᠷᠢ ᠠᠷᠠᠴᠢᠯᠠᠭ᠎ᠠ ᠶᠢ ᠬᠠᠷᠢᠭᠤᠴᠠᠳᠠᠭ᠃

ᠬᠡᠷᠡᠭᠯᠡᠭᠴᠢᠳ PaaS ᠍ ᠳᠦ ᠬᠡᠷᠡᠭᠯᠡᠭᠴᠢ ᠶᠢᠨ ᠭᠷᠠᠹᠢᠻ ᠢᠨ᠍ᠲ᠋ᠧᠷᠹᠧᠢᠢᠰ ‍ᠢᠢᠡᠷ (GUI) ᠬᠠᠨᠳᠤᠬᠤ ᠪᠠ ᠬᠥᠭᠵᠢᠭᠦᠯᠦᠯᠲᠡ ᠶᠢᠨ ᠪᠤᠶᠤ DevOps ᠪᠠᠭ ᠤᠳ ᠻᠣᠲᠴᠢᠯᠠᠯcoding᠂ ᠢᠨ᠍ᠲ᠋ᠧᠭᠷᠠᠼᠴᠢᠯᠠᠯintegration᠂ ᠲᠤᠷᠰᠢᠯᠲᠠ᠂ ᠲᠦᠭᠡᠭᠡᠯᠳᠡ᠂ ᠪᠠᠶ᠋ᠢᠷᠢᠰᠢᠭᠤᠯᠤᠯᠲᠠ᠂ ᠡᠷᠭᠢᠨ ᠮᠡᠳᠡᠭᠡᠯᠡᠯ ᠵᠡᠷᠭᠡ ᠫᠷᠣᠭ᠌ᠷᠠᠮ ᠤᠨ ᠮᠥᠴᠡᠯᠭᠡ ᠶᠢᠨ ᠲᠤᠷᠰᠢᠳᠠ ᠬᠠᠮᠲᠤᠷᠠᠨ ᠠᠵᠢᠯᠯᠠᠵᠤ ᠪᠣᠯᠤᠨ᠎ᠠ᠃

PaaS ᠰᠢᠢᠳᠦᠯ ᠦᠳ ᠦᠨ ᠵᠢᠱᠢᠶᠡᠨ ᠳᠦ AWS Elastic Beanstalk᠂ Google App Engine᠂ Microsoft Windows Azure᠂ IBM Cloud ᠳᠡᠭᠡᠷᠡᠬᠢ Red Hat OpenShift ᠪᠠᠭᠳᠠᠨ᠎ᠠ᠃

PaaS ᠍ ᠶᠢᠨ ᠠᠰᠢᠭ ᠲᠤᠰᠠ

PaaS ᠬᠡᠷᠡᠭᠯᠡᠭᠴᠢᠳ ᠡᠭᠦᠯᠡᠨ ᠳ᠋ᠡᠬᠢ ᠫ᠊ᠯᠠᠲ᠋ᠹᠣᠷᠮ ᠳᠤ ᠲᠦᠰᠢᠭᠯᠡᠨ ᠫᠷᠣᠭ᠌ᠷᠠᠮ ᠤᠳ ᠪᠣᠯᠪᠠᠰᠤᠷᠠᠭᠤᠯᠵᠤ᠂ ᠲᠤᠷᠰᠢᠵᠤ᠂ ᠠᠵᠢᠯᠯᠠᠭᠤᠯᠬᠤ᠂ ᠰᠠᠶ᠋ᠢᠵᠢᠷᠠᠭᠤᠯᠵᠤ᠂ ᠲᠦᠭᠡᠭᠡᠨ ᠳᠡᠯᠭᠡᠷᠡᠭᠦᠯᠬᠦ ᠪᠣᠯᠤᠮᠵᠢ ᠲᠠᠢ᠃ ᠢᠩᠭᠢᠵᠦ ᠠᠵᠢᠯᠯᠠᠬᠤ ᠨᠢ ᠥᠪᠡᠷ ᠦᠨ ᠪᠠᠶ᠋ᠢᠷᠢᠨ ᠳᠤ ᠫ᠊ᠯᠠᠲ᠋ᠹᠣᠷᠮ ᠪᠠᠶ᠋ᠢᠭᠤᠯᠵᠤ᠂ ᠵᠣᠬᠢᠴᠠᠭᠤᠯᠬᠤ ᠠᠴᠠ ᠢᠯᠡᠭᠦᠦ ᠬᠤᠷᠳᠤᠨ ᠪᠥᠭᠡᠳ ᠬᠡᠮᠨᠡᠯᠲᠡ ᠲᠡᠢ ᠪᠠᠶ᠋ᠢᠳᠠᠭ᠃ ᠡᠨᠡ ᠨᠢ PaaS ‍ᠤᠨ ᠦᠨᠳᠦᠰᠦᠨ ᠳᠠᠪᠠᠭᠤ ᠲᠠᠯ᠎ᠠ ᠶᠤᠮ᠃

ᠪᠤᠰᠤᠳ ᠳᠠᠪᠠᠭᠤ ᠲᠠᠯ᠎ᠠ ᠨᠤᠭᠤᠳ ᠨᠢ

ᠵᠠᠬ᠎ᠠ ᠵᠡᠭᠡᠯᠢ ᠳᠦ ᠭᠠᠷᠭᠠᠬᠤ ᠬᠤᠭᠤᠴᠠᠭ᠎ᠠ ᠶᠢ ᠲᠣᠪᠴᠢᠯᠠᠨ᠎ᠠ᠄ ᠬᠥᠭᠵᠢᠭᠦᠯᠦᠯᠲᠡ ᠶᠢᠨ ᠪᠠᠭ ᠤᠳ PaaS ‍ᠢ ᠠᠰᠢᠭᠯᠠᠨ ᠬᠡᠳᠦᠨ ᠳᠣᠯᠣᠭ᠎ᠠ ᠬᠣᠨᠣᠭ᠂ ᠰᠠᠷ᠎ᠠ ᠪᠠᠷ ᠪᠢᠰᠢ᠂ ᠬᠠᠷᠢᠨ ᠬᠡᠳᠦᠬᠡᠨ ᠮᠢᠨᠦ᠋ᠲ ᠲᠤ ᠬᠥᠭᠵᠢᠭᠦᠯᠦᠯᠲᠡ᠂ ᠲᠤᠷᠰᠢᠯᠲᠠ᠂ ᠪᠣᠷᠣᠯᠠᠭᠤᠯᠤᠯᠲᠠ ᠶᠢᠨ ᠮᠥᠴᠡᠯᠭᠡ ᠶᠢ ᠭᠦᠢᠴᠡᠭᠡᠬᠦ ᠪᠣᠯᠤᠮᠵᠢ ᠲᠠᠢ᠃

ᠰᠢᠨ᠎ᠡ ᠲᠧᠻᠨᠣᠯᠣᠭᠢ ᠶᠢ ᠡᠷᠦᠰᠳᠡᠯ ᠦᠭᠡᠢ ᠪᠤᠶᠤ ᠪᠠᠭ᠎ᠠ ᠡᠷᠦᠰᠳᠡᠯ ᠲᠡᠢ ᠲᠤᠷᠰᠢᠬᠤ᠂ ᠨᠡᠪᠲᠡᠷᠡᠭᠦᠯᠬᠦ᠄

PaaS ‍ᠤᠨ ᠫ᠊ᠯᠠᠲ᠋ᠹᠤᠷᠮ ᠤᠳ ᠬᠠᠮᠤᠭ ᠤᠨ ᠰᠡᠭᠦᠯ ᠦᠨ ᠦᠶ᠎ᠡ ᠶᠢᠨ ᠣᠯᠠᠨ ᠲᠥᠷᠥᠯ ᠦᠨ ᠨᠥᠭᠡᠴᠡ ᠳ᠋ᠦ ᠬᠠᠨᠳᠤᠬᠤ ᠪᠣᠯᠤᠮᠵᠢ ᠶᠢ ᠠᠭᠤᠯᠠᠳᠠᠭ᠃ ᠢᠩᠭᠢᠭᠰᠡᠨ ᠢᠢᠡᠷ ᠻᠣᠮᠫᠠᠨᠢ ᠨᠤᠭᠤᠳ ᠰᠢᠨ᠎ᠡ ᠦᠢᠯᠡᠳᠦᠯ ᠦᠨ ᠰᠢᠰᠲ᠋ᠧᠮ᠂ ᠬᠡᠯᠡ ᠪᠣᠯᠤᠨ ᠪᠤᠰᠤᠳ ᠬᠡᠷᠡᠭᠰᠡᠯ ᠢ ᠲᠤᠷᠰᠢᠬᠤ ᠳᠤ ᠪᠠᠨ ᠲᠡᠳᠡᠭᠡᠷ ᠲᠦ ᠪᠣᠯᠤᠨ ᠲᠡᠳᠡᠭᠡᠷ ᠢ ᠠᠵᠢᠯᠯᠠᠭᠤᠯᠬᠤ ᠳᠡᠳ᠋ ᠪᠦᠲᠦᠴᠡ ᠳᠦ ᠶᠡᠬᠡ ᠬᠡᠮᠵᠢᠶᠡᠨ ᠦ ᠬᠥᠷᠥᠩᠭᠡ ᠤᠷᠤᠭᠤᠯᠬᠤ ᠱᠠᠭᠠᠷᠳᠠᠯᠭ᠎ᠠ ᠦᠭᠡᠢ᠃

ᠬᠠᠮᠲᠤᠷᠠᠨ ᠠᠵᠢᠯᠯᠠᠬᠤ ᠳᠤ ᠬᠢᠯᠪᠠᠷ᠄

ᠡᠭᠦᠯᠡᠨ ᠳᠦ ᠰᠠᠭᠤᠷᠢᠯᠠᠭᠰᠠᠨ ᠦᠢᠯᠡᠴᠢᠯᠡᠭᠡᠨ ᠦ ᠬᠤᠪᠢ ᠳᠤ PaaS ᠨᠢ ᠫᠷᠣᠭ᠌ᠷᠠᠮ ᠬᠠᠩᠭᠠᠮᠵᠢ ᠬᠥᠭᠵᠢᠭᠦᠯᠬᠦ ᠳᠤᠮᠳᠠ ᠶᠢᠨ ᠣᠷᠴᠢᠨ ᠢ ᠪᠦᠷᠢᠳᠦᠭᠦᠯᠵᠦ᠂ ᠬᠥᠭᠵᠢᠭᠦᠯᠦᠯᠲᠡ ᠪᠣᠯᠤᠨ ᠦᠢᠯᠡ ᠠᠵᠢᠯᠯᠠᠭᠠᠨ ᠤ ᠪᠠᠭ ᠤᠳ ᠲᠤ ᠢᠨ᠍ᠲ᠋ᠧᠷᠨᠧᠲ ᠬᠣᠯᠪᠣᠯᠲᠠ ᠲᠠᠢ ᠬᠠᠮᠢᠭ᠎ᠠ ᠠᠴᠠ ᠴᠤ ᠬᠡᠷᠡᠭᠲᠡᠢ ᠪᠦᠬᠦ ᠬᠡᠷᠡᠭᠰᠡᠯ ᠳᠦ ᠪᠡᠨ ᠬᠠᠨᠳᠤᠬᠤ ᠪᠣᠯᠤᠮᠵᠢ ᠶᠢ ᠣᠯᠭᠤᠳᠠᠭ᠃

ᠥᠷᠭᠡᠵᠢᠮ᠎ᠡ ᠠᠷᠭᠠᠴᠢᠯᠠᠯ᠄

PaaS ᠠᠰᠢᠭᠯᠠᠭᠴᠢ ᠪᠠᠶ᠋ᠢᠭᠤᠯᠤᠯᠭ᠎ᠠ ᠨᠢ ᠬᠡᠷᠡᠭᠲᠡᠢ ᠦᠶ᠎ᠡ᠎ᠳ᠋ᠡᠭᠡᠨ ᠫᠷᠣᠭ᠌ᠷᠠᠮ ᠪᠦᠲᠦᠭᠡᠬᠦ᠂ ᠲᠤᠷᠰᠢᠬᠤ᠂ ᠠᠵᠢᠯᠯᠠᠭᠤᠯᠬᠤ ᠨᠡᠮᠡᠯᠲᠡ ᠬᠦᠴᠦᠨ ᠴᠢᠳᠠᠯ ᠢ ᠬᠤᠳᠠᠯᠳᠤᠨ ᠠᠪᠬᠤ ᠪᠣᠯᠤᠮᠵᠢ ᠲᠠᠢ᠃

ᠵᠠᠬᠢᠷᠭᠠᠨ ‍ᠤ ᠠᠴᠢᠶᠠᠯᠠᠯ ᠴᠣᠮᠬᠠᠨ᠄


PaaS ᠨᠢ ᠳᠡᠳ᠋ ᠪᠦᠲᠦᠴᠡ ᠶᠢ ᠤᠳᠤᠷᠢᠳᠤᠯᠬᠤ᠂ ᠵᠠᠰᠠᠪᠤᠷᠢᠯᠠᠬᠤ᠂ ᠰᠢᠨᠡᠳᠭᠡᠬᠦ ᠭᠡᠬᠦ ᠮᠡᠲᠦ ᠵᠠᠬᠢᠷᠭᠠᠨ ᠤ ᠪᠦᠬᠦ ᠠᠵᠢᠯ ᠢ ᠡᠭᠦᠯᠡᠨ ᠦᠢᠯᠡᠴᠢᠯᠡᠭᠡ ᠦᠵᠡᠭᠦᠯᠦᠭᠴᠢ ᠥᠪᠡᠷ ᠳᠦ ᠪᠡᠨ ᠠᠪᠳᠠᠭ᠃[5]

SaaS (ᠫᠷᠣᠭ᠌ᠷᠠᠮ ᠬᠠᠩᠭᠠᠮᠵᠢ ᠦᠢᠯᠡᠴᠢᠯᠡᠭᠡ)

SaaS ᠨᠢ ᠡᠭᠦᠯᠡᠨ ᠳᠦ ᠪᠠᠶ᠋ᠢᠷᠢᠰᠢᠭᠰᠠᠨ ᠬᠡᠷᠡᠭᠯᠡᠬᠦ ᠳᠦ ᠪᠡᠯᠡᠨ ᠬᠡᠷᠡᠭᠯᠡᠭᠡᠨ ᠦ ᠫᠷᠣᠭ᠌ᠷᠠᠮ ᠬᠠᠩᠭᠠᠮᠵᠢ ᠶᠤᠮ᠃ "ᠫᠷᠣᠭ᠌ᠷᠠᠮᠮ ᠤᠳ ᠪᠣᠯᠤᠨ ᠲᠡᠳᠡᠭᠡᠷ ᠢ ᠠᠰᠢᠭᠯᠠᠭᠤᠯᠬᠤ ᠳᠤ ᠱᠠᠭᠠᠷᠳᠠᠯᠭ᠎ᠠ ᠲᠠᠢ ᠪᠦᠬᠦ ᠳᠡᠳ᠋ ᠪᠦᠲᠦᠴᠡ᠂ ᠲᠡᠭᠦᠨ ᠢ ᠪᠦᠷᠢᠳᠦᠭᠦᠯᠦᠭᠴᠢ ᠰᠧᠷᠸᠧᠷ ᠦᠳ᠂ ᠬᠠᠳᠠᠭᠠᠯᠠᠮᠵᠢ᠂ ᠰᠦᠯᠵᠢᠶ᠎ᠡ᠂ ᠵᠠᠪᠰᠠᠷ ᠤᠨ ᠫᠷᠣᠭ᠌ᠷᠠᠮ ᠬᠠᠩᠭᠠᠮᠵᠢ᠂ ᠬᠡᠷᠡᠭᠯᠡᠭᠡᠨ ᠦ ᠫᠷᠣᠭ᠌ᠷᠠᠮ᠂ ᠥᠭᠭᠥᠭᠳᠡᠯ ᠬᠠᠳᠠᠭᠠᠯᠠᠯᠲᠠ ᠵᠡᠷᠭᠡ ᠶᠢ SaaS ᠦᠢᠯᠡᠴᠢᠯᠡᠭᠡ ᠦᠵᠡᠭᠦᠯᠦᠭᠴᠢ ᠥᠪᠡᠷ ᠳᠡᠭᠡᠷ᠎ᠡ ᠪᠡᠨ ᠪᠠᠶ᠋ᠢᠷᠢᠰᠢᠭᠤᠯᠵᠤ᠂ ᠵᠣᠬᠢᠴᠠᠭᠤᠯᠳᠠᠭ᠃

ᠦᠢᠯᠡᠴᠢᠯᠡᠭᠡ ᠦᠵᠡᠭᠦᠯᠦᠭᠴᠢ ᠨᠢ ᠫᠷᠣᠭ᠌ᠷᠠᠮ ᠬᠠᠩᠭᠠᠮᠵᠢ ᠶᠢᠨ ᠪᠦᠬᠦ ᠰᠢᠨᠡᠴᠢᠯᠡᠯᠲᠡ᠂ ᠨᠡᠮᠡᠯᠲᠡ ᠨᠦᠭᠦᠳ ᠢ ᠵᠣᠬᠢᠴᠠᠭᠤᠯᠳᠠᠭ ᠪᠥᠭᠡᠳ ᠡᠭᠦᠨ ᠢ ᠪᠡᠨ ᠦᠢᠯᠡᠴᠢᠯᠡᠭᠦᠯᠦᠭᠴᠢᠳ ᠲᠦ ᠶᠡᠬᠡᠪᠴᠢᠯᠡᠨ ᠦᠯᠦ ᠦᠵᠡᠭᠲᠡᠬᠦ ᠪᠠᠶ᠋ᠢᠳᠠᠯ ᠢᠢᠠᠷ ᠬᠡᠷᠡᠭᠵᠢᠭᠦᠯᠳᠡᠭ᠃ ᠦᠢᠯᠡᠴᠢᠯᠡᠭᠡ ᠦᠵᠡᠭᠦᠯᠦᠭᠴᠢ ᠨᠢ ᠶᠡᠷᠦᠩᠬᠡᠢ ᠳᠦ ᠪᠡᠨ ᠦᠢᠯᠡᠴᠢᠯᠡᠭᠡ ᠬᠦᠷᠭᠡᠬᠦ ᠭᠡᠷ᠎ᠡ ᠶᠢᠨ (SLA) ᠳᠠᠭᠠᠭᠤ ᠦᠢᠯᠡᠴᠢᠯᠡᠭᠡᠨ ᠦ ᠪᠡᠯᠡᠨ ᠪᠠᠶ᠋ᠢᠳᠠᠯ᠂ ᠮᠡᠳᠡᠭᠡᠯᠡᠯ ᠬᠠᠮᠠᠭᠠᠯᠠᠯ ᠤᠨ ᠱᠠᠭᠠᠷᠳᠠᠯᠭ᠎ᠠ ᠲᠠᠢ ᠲᠦᠪᠰᠢᠨ ᠢ ᠬᠠᠩᠭᠠᠵᠤ ᠠᠵᠢᠯᠯᠠᠳᠠᠭ᠃ ᠦᠢᠯᠡᠴᠢᠯᠡᠭᠦᠯᠦᠭᠴᠢᠳ ᠨᠡᠮᠡᠯᠲᠡ ᠵᠠᠷᠤᠳᠠᠯ ᠢᠢᠠᠷ ᠬᠡᠷᠡᠭᠯᠡᠭᠴᠢᠳ ᠦᠨ ᠲᠣᠭ᠎ᠠ᠂ ᠥᠭᠭᠥᠭᠳᠡᠯ ᠬᠠᠳᠠᠭᠠᠯᠠᠮᠵᠢ ᠶᠢᠨ ᠪᠠᠭᠲᠠᠭᠠᠮᠵᠢ ᠶᠢ ᠳᠡᠭᠡᠭᠰᠢᠯᠡᠭᠦᠯᠵᠦ ᠪᠣᠯᠤᠨ᠎ᠠ᠃

ᠥᠨᠥᠳᠥᠷ ᠭᠠᠷ ᠤᠲᠠᠰᠤ ᠠᠰᠢᠭᠯᠠᠳᠠᠭ ᠬᠡᠨ ᠪᠦᠬᠦᠨ ᠲᠣᠳᠣᠷᠬᠠᠢ ᠬᠡᠮᠵᠢᠶᠡᠨ ᠳᠦ SaaS ᠠᠰᠢᠭᠯᠠᠵᠤ ᠪᠠᠶ᠋ᠢᠭ᠎ᠠ᠃ ᠴᠠᠬᠢᠮ ᠰᠢᠤᠳᠠᠨ᠂ ᠨᠡᠶ᠋ᠢᠭᠡᠮ ᠤᠨ ᠰᠦᠯᠵᠢᠶ᠎ᠡ᠂ ᠡᠭᠦᠯᠡᠨ ᠹᠠᠶ᠋ᠢᠯ ᠬᠠᠳᠠᠭᠠᠯᠠᠮᠵᠢ (Box᠂ Dropbox ᠭᠡᠬᠦ ᠮᠡᠲᠦ) ᠭᠡᠬᠦᠴᠢᠯᠡᠨ ᠰᠢᠢᠳᠦᠯ ᠦᠳ ᠨᠢ ᠬᠦᠮᠦᠰ ᠦᠨ ᠡᠳᠦᠷ ᠲᠤᠲᠤᠮ ᠤᠨ SaaS ᠬᠡᠷᠡᠭᠯᠡᠭᠡᠨ ᠦ ᠵᠢᠱᠢᠶ᠎ᠡ ᠶᠤᠮ᠃ ᠪᠢᠽᠨ᠍ᠧᠰbusiness᠂ ᠠᠵᠤ ᠠᠬᠤᠢ ᠶᠢᠨ ᠨᠢᠭᠡᠴᠡ ᠶᠢᠨ SaaS ᠦᠢᠯᠡᠴᠢᠯᠡᠭᠡᠨ ᠦ ᠰᠢᠢᠳᠦᠯ ᠦᠳ ᠦᠨ ᠵᠢᠱᠢᠶᠡᠨ ᠳᠦ Salesforce (ᠬᠡᠷᠡᠭᠯᠡᠭᠴᠢ ᠲᠡᠢ ᠬᠠᠷᠢᠯᠴᠠᠬᠤ ᠫᠷᠣᠭ᠌ᠷᠠᠮ ᠬᠠᠩᠭᠠᠮᠵᠢ)᠂ HubSpot (ᠮᠠᠷᠻᠧᠲ᠋ᠢᠩ ᠤᠨ ᠫᠷᠣᠭ᠌ᠷᠠᠮ)᠂ Trello (ᠠᠵᠢᠯ ᠤᠨ ᠤᠷᠤᠰᠬᠠᠯ ᠤᠨ ᠤᠳᠤᠷᠢᠳᠤᠯᠭ᠎ᠠ)᠂ Slack (ᠬᠠᠮᠲᠤ ᠶᠢᠨ ᠠᠵᠢᠯᠯᠠᠭ᠎ᠠ ᠪᠠ ᠮᠧᠰᠰᠧᠵmessage)᠂ Canva (ᠭᠷᠠᠹᠢᠻ) ᠵᠡᠷᠭᠡ ᠪᠠᠭᠳᠠᠨ᠎ᠠ᠃ ᠠᠩᠬ᠎ᠠ ᠻᠣᠮᠫᠢᠶᠦ᠋ᠲ᠋ᠧᠷ ᠲᠦ ᠰᠠᠭᠤᠯᠭᠠᠨ ᠠᠰᠢᠭᠯᠠᠵᠤ ᠪᠠᠶ᠋ᠢᠭᠰᠠᠨ ᠣᠯᠠᠨ ᠫᠷᠣᠭ᠌ᠷᠠᠮ (ᠵᠢᠱᠢᠶ᠎ᠡ ᠨᠢ᠂ Adobe Creative Suite) ᠣᠳᠣ SaaS (ᠵᠢᠱᠢᠶ᠎ᠡ ᠨᠢ᠂ Adobe Creative Cloud) ᠬᠡᠯᠪᠡᠷᠢ ᠪᠡᠷ ᠠᠰᠢᠭᠯᠠᠬᠤ ᠪᠣᠯᠤᠮᠵᠢ ᠲᠠᠢ ᠪᠣᠯᠤᠭᠰᠠᠨ᠃

SaaS ᠍ ᠶᠢᠨ ᠠᠰᠢᠭ ᠲᠤᠰᠠ

SaaS ᠍ ᠤᠨ ᠭᠣᠣᠯ ᠳᠠᠪᠠᠭᠤ ᠲᠠᠯ᠎ᠠ ᠨᠢ ᠳᠡᠳ᠋ ᠪᠦᠲᠦᠴᠡ᠂ ᠫᠷᠣᠭ᠌ᠷᠠᠮ ᠤᠨ ᠠᠷᠠᠴᠢᠯᠠᠭ᠎ᠠ᠂ ᠵᠣᠬᠢᠴᠠᠭᠤᠯᠤᠯᠲᠠ ᠶᠢ ᠪᠦᠭᠦᠳᠡ ᠶᠢ SaaS ᠦᠢᠯᠡᠴᠢᠯᠡᠭᠡ ᠦᠵᠡᠭᠦᠯᠦᠭᠴᠢᠳ ᠲᠦ ᠡᠭᠦᠷᠦᠭᠦᠯᠦᠭᠰᠡᠨ ᠳᠦ ᠣᠷᠣᠰᠢᠨ᠎ᠠ᠃ ᠦᠢᠯᠡᠴᠢᠯᠡᠭᠦᠯᠦᠭᠴᠢ ᠶᠢᠨ ᠬᠢᠬᠦ ᠵᠦᠢᠯ ᠨᠢ ᠳᠠᠩᠰᠠ ᠨᠡᠭᠡᠭᠡᠭᠡᠳ᠂ ᠲᠥᠯᠥᠪᠦᠷᠢ ᠪᠡᠨ ᠲᠥᠯᠦᠵᠦ᠂ ᠫᠷᠣᠭ᠌ᠷᠠᠮ ᠢᠢᠠᠨ ᠠᠰᠢᠭᠯᠠᠵᠤ ᠡᠬᠢᠯᠡᠬᠦ ᠶᠠᠪᠤᠳᠠᠯ ᠶᠤᠮ᠃ ᠦᠢᠯᠡᠴᠢᠯᠡᠭᠡ ᠦᠵᠡᠭᠦᠯᠦᠭᠴᠢ ᠨᠢ ᠰᠧᠷᠸᠧᠷ ᠤᠨ ᠲᠧᠻᠨᠢᠭ ᠬᠠᠩᠭᠠᠮᠵᠢ᠂ ᠫᠷᠣᠭ᠌ᠷᠠᠮ ᠬᠠᠩᠭᠠᠮᠵᠢ ᠶᠢᠨ ᠵᠠᠰᠠᠪᠤᠷᠢ ᠦᠢᠯᠡᠴᠢᠯᠡᠭᠡ᠂ ᠬᠡᠷᠡᠭᠯᠡᠭᠴᠢ ᠶᠢᠨ ᠬᠠᠨᠳᠤᠯᠲᠠ᠂ ᠠᠶᠤᠯ ᠦᠭᠡᠢ ᠪᠠᠶ᠋ᠢᠳᠠᠯ᠂ ᠥᠭᠭᠥᠭᠳᠡᠯ ᠬᠠᠳᠠᠭᠠᠯᠠᠮᠵᠢ᠂ ᠵᠣᠬᠢᠴᠠᠭᠤᠯᠤᠯᠲᠠ᠂ ᠰᠢᠨᠡᠴᠢᠯᠡᠯᠲᠡ᠂ ᠨᠡᠮᠡᠯᠲᠡ ᠨᠦᠭᠦᠳ ᠢ ᠬᠡᠷᠡᠭᠵᠢᠭᠦᠯᠬᠦ ᠭᠡᠬᠦ ᠮᠡᠲᠦ ᠪᠦᠬᠦ ᠠᠰᠠᠭᠤᠳᠠᠯ ᠢ ᠬᠠᠷᠢᠭᠤᠴᠠᠨ᠎ᠠ᠃

SaaS ᠍ ᠦᠨ ᠪᠤᠰᠤᠳ ᠳᠠᠪᠠᠭᠤ ᠲᠠᠯ᠎ᠠ ᠨᠤᠭᠤᠳ ᠨᠢ

ᠡᠷᠦᠰᠳᠡᠯ ᠢ ᠴᠣᠮᠬᠠᠳᠬᠠᠭᠰᠠᠨ᠄

SaaS ᠪᠦᠲᠦᠭᠡᠭᠳᠡᠬᠦᠨ ᠨᠦᠭᠦᠳ ᠨᠢ ᠦᠨ᠎ᠡ ᠦᠭᠡᠢ ᠲᠤᠷᠰᠢᠯᠲᠠ ᠶᠢᠨ ᠬᠤᠭᠤᠴᠠᠭ᠎ᠠ ᠡᠰᠡᠪᠡᠯ ᠰᠠᠷ᠎ᠠ ᠶᠢᠨ ᠪᠠᠭ᠎ᠠ ᠬᠤᠷᠢᠶᠠᠮᠵᠢ ᠶᠢ ᠰᠠᠨᠠᠯ ᠪᠣᠯᠭᠠᠳᠠᠭ ᠲᠤᠯᠠ ᠬᠡᠷᠡᠭᠯᠡᠭᠴᠢᠳ ᠲᠦ ᠰᠠᠩᠬᠦᠦ ᠶᠢᠨ ᠡᠷᠦᠰᠳᠡᠯ ᠪᠠᠭ᠎ᠠ ᠲᠠᠢ᠂ ᠡᠷᠡᠰᠳᠡᠯ ᠦᠭᠡᠢ ᠪᠠᠶ᠋ᠢᠳᠠᠯ ᠢᠢᠠᠷ ᠲᠤᠬᠠᠢ ᠶᠢᠨ ᠦᠢᠯᠡᠴᠢᠯᠡᠭᠡ ᠬᠡᠷᠡᠭᠴᠡᠭᠡᠨ ᠳᠦ ᠨᠢ ᠨᠡᠶ᠋ᠢᠴᠡᠬᠦ ᠡᠰᠡᠬᠦ ᠶᠢ ᠮᠡᠳᠡᠷᠡᠬᠦ ᠪᠣᠯᠤᠮᠵᠢ ᠲᠠᠢ᠃

ᠪᠦᠲᠦᠭᠡᠮᠵᠢ ᠬᠠᠮᠢᠭ᠎ᠠ ᠴᠤ᠂ ᠬᠡᠵᠢᠶ᠎ᠡ ᠴᠤ᠄

ᠬᠡᠷᠡᠭᠯᠡᠭᠴᠢᠳ ᠬᠥᠲᠥᠴᠢ ᠪᠣᠯᠤᠨ ᠢᠨ᠍ᠲ᠋ᠧᠷᠨᠡᠲ ᠬᠣᠯᠪᠣᠯᠲᠠ ᠲᠠᠢ ᠳᠤᠷ᠎ᠠ ᠶᠢᠨ ᠲᠥᠬᠥᠭᠡᠷᠦᠮᠵᠢ ᠳᠡᠭᠡᠷ᠎ᠡ SaaS ᠫᠷᠣᠭ᠌ᠷᠠᠮ ᠤᠳ ᠠᠰᠢᠭᠯᠠᠬᠤ ᠪᠣᠯᠤᠮᠵᠢ ᠲᠠᠢ᠃

ᠬᠢᠯᠪᠠᠷ ᠥᠷᠭᠡᠵᠢᠭᠦᠯᠬᠦ ᠪᠣᠯᠤᠮᠵᠢ᠄

ᠬᠡᠷᠡᠭᠯᠡᠭᠴᠢ ᠨᠡᠮᠡᠬᠦ ᠨᠢ ᠪᠥᠷᠢᠳᠬᠡᠭᠦᠯᠬᠦ᠂ ᠰᠢᠨ᠎ᠡ ᠳᠠᠩᠰᠠᠨ ᠤ ᠬᠤᠷᠢᠶᠠᠮᠵᠢ ᠶᠢ ᠨᠢ ᠲᠥᠯᠦᠬᠦ ᠲᠡᠳᠦᠢ ᠬᠢᠯᠪᠠᠷ; ᠬᠡᠷᠡᠭᠯᠡᠭᠴᠢᠳ ᠳᠣᠣᠷᠠᠳᠤ ᠦᠨ᠎ᠡ ᠪᠡᠷ ᠥᠭᠭᠥᠭᠳᠡᠯ ᠦᠨ ᠰᠠᠩ ᠤᠨ ᠪᠠᠭᠲᠠᠭᠠᠮᠵᠢ ᠨᠡᠮᠡᠵᠦ ᠬᠤᠳᠠᠯᠳᠤᠵᠤ ᠠᠪᠬᠤ ᠪᠣᠯᠤᠮᠵᠢ ᠲᠠᠢ᠃[5]

ᠲᠦᠭᠡᠭᠡᠯ


align: top
ᠬᠤᠪᠢ ‍ᠢᠢᠨ᠂ ᠪᠦᠯᠦᠭ ‍ᠦᠨ᠂ ᠨᠡᠢᠢᠲᠡ ‍ᠢᠢᠨ ᠬᠢᠭᠡᠳ ᠬᠣᠯᠢᠮᠠᠭ ᠡᠭᠦᠯᠡ ‍ᠢᠢᠨ ᠵᠠᠭᠪᠤᠷ ‍ᠤᠳ ‍ᠢ ᠳᠦᠷᠰᠦᠯᠡᠭᠰᠡᠨ ᠢᠨᠦ


ᠨᠡᠶ᠋ᠢᠲᠡ ᠶᠢᠨ ᠡᠭᠦᠯᠡ

ᠨᠡᠶ᠋ᠢᠲᠡ ᠶᠢᠨ ᠡᠭᠦᠯᠡ ᠨᠢ ᠣᠯᠠᠨ ᠨᠡᠶ᠋ᠢᠲᠡ ᠳᠦ ᠬᠦᠷᠲᠡᠭᠡᠮᠵᠢᠲᠡᠢ ᠪᠠᠶ᠋ᠢᠨ᠎ᠠ᠃ ᠡᠭᠦᠯᠡᠨ ᠳ᠋ᠡᠬᠢ ᠣᠯᠠᠨ ᠨᠡᠶ᠋ᠢᠲᠡ ᠳᠦ ᠬᠦᠷᠲᠡᠭᠡᠮᠵᠢᠲᠡᠢ ᠪᠠᠶ᠋ᠢᠷᠢᠰᠢᠭᠤᠯᠬᠤ ᠨᠢ ᠥᠰᠦᠨ ᠨᠡᠮᠡᠭᠳᠡᠵᠦ ᠪᠠᠶ᠋ᠢᠭ᠎ᠠ ᠪᠣᠯᠪᠠᠴᠤ ᠬᠡᠯᠪᠡᠯᠵᠡᠬᠦ ᠡᠷᠢᠯᠲᠡ ᠪᠦᠬᠦᠢ ᠪᠠᠶ᠋ᠢᠭᠤᠯᠤᠯᠭ᠎ᠠ ᠨᠤᠭᠤᠳ ᠲᠤ ᠲᠡᠭᠦᠰ ᠲᠣᠬᠢᠷᠠᠨ᠎ᠠ᠃ ᠮᠥᠨ ᠮᠡᠳᠡᠭᠡᠯᠡᠯ ᠦᠨ ᠠᠶᠤᠯ ᠦᠭᠡᠢ ᠪᠠᠶ᠋ᠢᠳᠠᠯ ᠤᠨ ᠠᠰᠠᠭᠤᠳᠠᠯ ᠪᠠᠭ᠎ᠠ ᠲᠠᠢ ᠻᠣᠮᠫᠠᠨᠢ ᠨᠤᠭᠤᠳ ᠲᠤ ᠲᠣᠬᠢᠷᠠᠮᠵᠢᠲᠠᠢ ᠰᠣᠩᠭᠣᠯᠲᠠ ᠪᠣᠯᠳᠠᠭ᠃ ᠲᠡᠶ᠋ᠢᠮᠦ ᠡᠴᠡ ᠡᠭᠦᠯᠡᠨ ᠦᠢᠯᠡᠴᠢᠯᠡᠭᠡ ᠦᠵᠡᠭᠦᠯᠦᠭᠴᠢ ‍ᠳᠦ ᠰᠦᠯᠵᠢᠶᠡᠨ ᠦ ᠦᠢᠯᠡᠴᠢᠯᠡᠭᠡ᠂ ᠲᠣᠭᠠᠴᠠᠭᠠᠯᠠᠯ ᠤᠨ ᠸᠢᠷᠲ᠋ᠤᠠᠯᠴᠢᠯᠠᠯ᠂ ᠨᠡᠶ᠋ᠢᠲᠡ ᠶᠢᠨ ᠢᠨ᠍ᠲ᠋ᠧᠷᠨᠧᠲ ᠳ᠋ᠡᠬᠢ ᠬᠠᠳᠠᠭᠠᠯᠠᠯᠲᠠ ᠶᠢᠨ ᠪᠠᠭᠲᠠᠭᠠᠮᠵᠢ ᠶᠢᠨ ᠲᠥᠯᠦᠪᠦᠷᠢ ᠶᠢ ᠲᠥᠯᠦᠨ᠎ᠡ᠃ ᠡᠨᠡ ᠨᠢ ᠬᠥᠭᠵᠢᠭᠦᠯᠦᠯᠲᠡ᠂ ᠲᠤᠷᠰᠢᠯᠲᠠ ᠬᠢᠳᠡᠭ ᠪᠠᠶ᠋ᠢᠭᠤᠯᠤᠯᠭ᠎ᠠ ᠨᠤᠭᠤᠳ ᠲᠤ ᠲᠣᠬᠢᠷᠠᠮᠵᠢᠲᠠᠢ᠃ ᠲᠣᠬᠢᠷᠠᠭ᠎ᠠ᠂ ᠰᠠᠭᠤᠷᠢᠯᠠᠭᠤᠯᠤᠯᠲᠠ ᠨᠢ ᠲᠦᠷᠭᠡᠨ᠂ ᠬᠢᠯᠪᠠᠷ ᠪᠥᠭᠡᠳ ᠲᠤᠷᠰᠢᠯᠲᠠ ᠶᠢᠨ ᠣᠷᠴᠢᠨ ᠳᠤ ᠠᠰᠢᠭᠯᠠᠬᠤ ᠳᠤ ᠵᠣᠬᠢᠰ ᠲᠠᠢ ᠰᠣᠩᠭᠣᠯᠲᠠ ᠶᠤᠮ᠃[6]

ᠬᠤᠪᠢ ᠶᠢᠨ ᠡᠭᠦᠯᠡ

ᠬᠤᠪᠢ ᠶᠢᠨ ᠡᠭᠦᠯᠡ ᠨᠢ ᠬᠡᠮᠨᠡᠯᠲᠡ ᠲᠡᠢ᠂ ᠥᠭᠭᠥᠭᠳᠡᠯ ᠪᠣᠯᠤᠨ ᠪᠤᠰᠤᠳ ᠨᠥᠭᠡᠴᠡ ᠳᠦ ᠪᠡᠨ ᠢᠯᠡᠭᠦᠦ ᠬᠢᠨᠠᠯᠲᠠ ᠲᠠᠢ ᠰᠢᠢᠳᠦᠯ ᠢ ᠡᠷᠢᠯᠬᠢᠯᠡᠭᠰᠡᠨ ᠻᠣᠮᠫᠠᠨᠢ ᠨᠤᠭᠤᠳ ᠲᠤ ᠲᠣᠬᠢᠷᠠᠮᠵᠢᠲᠠᠢ ᠰᠣᠩᠭᠣᠯᠲᠠ ᠶᠤᠮ᠃

ᠡᠨᠡ ᠨᠢ ᠦᠢᠯᠡᠴᠢᠯᠡᠭᠦᠯᠦᠭᠴᠢ ᠶᠢᠨ ᠥᠭᠭᠥᠭᠳᠡᠯ ᠦᠨ ᠲᠥᠪ ᠲᠡᠢ ᠨᠢᠭᠡᠳᠦᠭᠰᠡᠨ ᠪᠠᠶ᠋ᠢᠬᠤ ᠪᠠ ᠦᠢᠯᠡᠴᠢᠯᠡᠭᠦᠯᠦᠭᠴᠢ ᠪᠠᠶ᠋ᠢᠭᠤᠯᠤᠯᠭ᠎ᠠ ᠤᠨ ᠮᠡᠳᠡᠭᠡᠯᠡᠯ ᠲᠧᠻᠨᠣᠯᠣᠭᠢ ‍ᠢᠢᠨ ᠪᠠᠭ ᠬᠢᠨᠠᠯᠲᠠ᠂ ᠵᠣᠬᠢᠴᠠᠭᠤᠯᠤᠯᠲᠠ ᠶᠢ ᠬᠡᠷᠡᠭᠵᠢᠭᠦᠯᠦᠨ᠎ᠡ᠃ ᠱᠠᠭᠠᠷᠳᠠᠯᠭ᠎ᠠ ᠲᠠᠢ ᠪᠣᠯ ᠭᠠᠳᠠᠭᠤᠷ ᠪᠠᠶ᠋ᠢᠷᠢᠯᠠᠭᠤᠯᠵᠤ ᠪᠣᠯᠤᠨ᠎ᠠ᠃ ᠲᠤᠬᠠᠢ ᠶᠢᠨ ᠪᠠᠶ᠋ᠢᠭᠤᠯᠤᠯᠭ᠎ᠠ ᠳᠤ ᠨᠡᠶ᠋ᠢᠴᠡᠭᠦᠯᠬᠦ ᠲᠤᠬᠠᠢ ᠳᠤ ᠬᠤᠪᠢ ᠢᠢᠨ ᠡᠭᠦᠯᠡ ᠨᠢ ᠪᠠᠶ᠋ᠢᠭᠤᠯᠤᠯᠭ᠎ᠠ ᠶᠢᠨ ᠣᠨᠴᠠᠯᠢᠭ ᠬᠡᠷᠡᠭᠴᠡᠭᠡ ᠱᠠᠭᠠᠷᠳᠠᠯᠭ᠎ᠠ ᠶᠢ ᠬᠠᠩᠭᠠᠬᠤ ᠳᠤ ᠳᠥᠬᠥᠮ ᠲᠡᠢ ᠢᠯᠡᠭᠦᠦ ᠥᠷᠭᠡᠨ ᠪᠣᠯᠤᠮᠵᠢ ᠶᠢ ᠣᠯᠭᠤᠨ᠎ᠠ᠃ ᠮᠥᠨ ᠬᠡᠷᠡᠭᠴᠡᠭᠡ ᠱᠠᠭᠠᠷᠳᠠᠯᠭ᠎ᠠ ᠣᠯᠠᠨᠲᠠ ᠥᠭᠡᠷᠡᠴᠢᠯᠡᠭᠳᠡᠳᠡᠭ ᠦᠢᠯᠡ ᠠᠵᠢᠯᠯᠠᠭᠠᠨ ᠳᠤ ᠲᠣᠬᠢᠷᠠᠮᠵᠢᠲᠠᠢ᠃[6]

ᠪᠦᠯᠦᠭ ᠦᠨ ᠡᠭᠦᠯᠡ

ᠪᠦᠯᠦᠭ ᠦᠨ ᠡᠭᠦᠯᠡ ᠨᠢ ᠨᠡᠶ᠋ᠢᠲᠡ ᠶᠢᠨ ᠡᠭᠦᠯᠡ ᠲᠡᠢ ᠲᠥᠰᠲᠡᠢ ᠪᠠᠶ᠋ᠢᠳᠠᠯ ᠢᠢᠠᠷ ᠠᠵᠢᠯᠯᠠᠳᠠᠭ᠃ ᠵᠥᠪᠬᠡᠨ ᠨᠢᠭᠡ ᠢᠯᠭᠠᠭ᠎ᠠ ᠪᠤᠢ - ᠵᠥᠪᠬᠡᠨ ᠨᠡᠶ᠋ᠢᠲᠡᠯᠢᠭ ᠵᠣᠷᠢᠯᠭ᠎ᠠ᠂ ᠬᠡᠷᠡᠭᠯᠡᠭᠡ ᠪᠦᠬᠦᠢ ᠲᠣᠳᠣᠷᠬᠠᠢ ᠬᠡᠷᠡᠭᠯᠡᠭᠴᠢᠳ ᠲᠦ ᠯᠠ ᠬᠠᠨᠳᠤᠬᠤ ᠡᠷᠬᠡ ᠣᠯᠭᠤᠳᠠᠭ᠃ ᠡᠭᠦᠯᠡᠨ ᠲᠣᠭᠠᠴᠠᠭᠠᠯᠠᠯ ᠤᠨ ᠡᠶ᠋ᠢᠮᠦ ᠲᠦᠭᠡᠭᠡᠯ ᠢ ᠳᠣᠲᠣᠭᠠᠳᠤ ᠳᠤ ᠪᠠᠨ ᠡᠰᠡᠪᠡᠯ ᠦᠢᠯᠡᠴᠢᠯᠡᠭᠡ ᠦᠵᠡᠭᠦᠯᠦᠭᠴᠢ ᠭᠤᠷᠪᠠᠳᠠᠭᠴᠢ ᠲᠠᠯ᠎ᠠ ᠤᠳᠤᠷᠢᠳᠴᠤ᠂ ᠪᠠᠶ᠋ᠢᠷᠢᠰᠢᠭᠤᠯᠳᠠᠭ (host)᠃

ᠬᠣᠯᠢᠮᠠᠭ ᠡᠭᠦᠯᠡ

ᠨᠡᠷ ‍ᠡ᠋ ᠡᠴᠡ ᠨᠢ ᠦᠵᠡᠪᠡᠰᠦ ᠬᠣᠯᠢᠮᠠᠭ ᠡᠭᠦᠯᠡ ᠨᠢ ᠬᠣᠶᠠᠷ ᠪᠠ ᠲᠡᠭᠦᠨ ᠡᠴᠡ ᠳᠡᠭᠡᠭᠰᠢ ᠡᠭᠦᠯᠡᠨ ᠠᠷᠻᠢᠲ᠋ᠧᠻᠲ᠋ᠦ᠋ᠷ ᠤᠨ ᠬᠣᠣᠰᠯᠠᠯ ᠶᠤᠮ᠃ ᠬᠣᠯᠢᠮᠠᠭ ᠡᠭᠦᠯᠡ ᠳ᠋ᠡᠬᠢ ᠵᠠᠭᠪᠤᠷ ᠲᠤᠰ ᠪᠦᠷᠢ ᠨᠢ ᠥᠪᠡᠷ ᠥᠪᠡᠷ ᠦᠨ ᠬᠢ ᠪᠡᠷ ᠢᠢᠡᠨ ᠠᠵᠢᠯᠯᠠᠳᠠᠭ ᠪᠣᠯᠪᠠᠴᠤ ᠪᠦᠭᠦᠳᠡ ᠨᠢᠭᠡᠨ ᠠᠷᠻᠢᠲ᠋ᠧᠻᠲ᠋ᠦ᠋ᠷ ᠤᠨ ᠬᠡᠰᠡᠭ ᠦᠳ ᠶᠤᠮ᠃ ᠴᠠᠭᠠᠰᠢᠯᠠᠪᠠᠯ᠂ ᠡᠭᠦᠯᠡᠨ ᠲᠣᠭᠠᠴᠠᠭᠠᠯᠠᠯ ᠤᠨ ᠡᠨᠡᠬᠦ ᠰᠢᠢᠳᠦᠯ ᠦᠨ ᠬᠦᠷᠢᠶᠡᠨ ᠳᠦ ᠳᠣᠲᠣᠭᠠᠳᠤ ᠪᠤᠶᠤ ᠭᠠᠳᠠᠭᠠᠳᠤ ᠦᠢᠯᠡᠴᠢᠯᠡᠭᠡ ᠦᠵᠡᠭᠦᠯᠦᠭᠴᠢᠳ ᠨᠥᠭᠡᠴᠡ ᠪᠡᠷ ᠬᠠᠩᠭᠠᠳᠠᠭ ᠪᠠᠶ᠋ᠢᠵᠤ ᠪᠣᠯᠤᠨ᠎ᠠ᠃


ᠡᠮᠵᠡᠭ ᠥᠭᠭᠥᠭᠳᠡᠯ ᠪᠦᠬᠦᠢ ᠻᠣᠮᠫᠠᠨᠢ ᠬᠤᠪᠢ ᠢᠢᠨ ᠡᠭᠦᠯᠡᠨ ᠳ᠋ᠦ ᠬᠠᠳᠠᠭᠠᠯᠠᠬᠤ ᠶᠢ ᠡᠷᠬᠢᠮᠯᠡᠬᠦ ᠪᠣᠯᠪᠠᠴᠤ ᠡᠮᠵᠡᠭ ᠪᠤᠰᠤ ᠥᠭᠭᠥᠭᠳᠡᠯ ᠦᠳ ᠢᠢᠡᠨ ᠨᠡᠶ᠋ᠢᠲᠡ ᠶᠢᠨ ᠡᠭᠦᠯᠡᠨ ᠳᠦ ᠬᠠᠳᠠᠭᠠᠯᠠᠵᠤ ᠪᠣᠯᠤᠨ᠎ᠠ᠃[6]

ᠬᠡᠷᠡᠭᠯᠡᠭᠡ

IaaS ᠍ ᠠᠰᠢᠭᠯᠠᠬᠤ ᠲᠣᠬᠢᠶᠠᠯᠳᠤᠯ

ᠭᠠᠮᠰᠢᠭ ᠤᠨ ᠳᠠᠷᠠᠭᠠᠬᠢ ᠨᠥᠬᠥᠨ ᠰᠡᠷᠭᠦᠭᠡᠯᠲᠡ᠄

ᠣᠯᠠᠨ ᠪᠠᠶ᠋ᠢᠷᠢᠰᠢᠯ ᠳᠤ ᠬᠡᠲᠦ ᠣᠯᠠᠨ ᠰᠧᠷᠸᠧᠷ ᠪᠠᠶ᠋ᠢᠷᠢᠯᠠᠭᠤᠯᠬᠤ ᠶᠢᠨ ᠣᠷᠣᠨ ᠳᠤ ᠡᠭᠦᠯᠡᠨ ᠦᠢᠯᠡᠴᠢᠯᠡᠭᠡ ᠦᠵᠡᠭᠦᠯᠦᠭᠴᠢ ᠶᠢᠨ ᠭᠠᠵᠠᠷ ᠵᠦᠢ ᠶᠢᠨ ᠥᠷᠭᠡᠨ ᠲᠠᠷᠬᠠᠭᠰᠠᠨ ᠳᠡᠳ᠋ ᠪᠦᠲᠦᠴᠡ ᠳᠦ ᠨᠥᠬᠥᠨ ᠰᠡᠷᠭᠦᠬᠦ ᠰᠢᠢᠳᠦᠯ ᠢᠢᠡᠨ ᠲᠦᠭᠡᠭᠡᠵᠦ ᠪᠣᠯᠤᠨ᠎ᠠ᠃

ᠴᠠᠬᠢᠮ ᠬᠤᠳᠠᠯᠳᠤᠭ᠎ᠠ᠄

ᠪᠣᠷᠣᠯᠠᠭᠤᠯᠤᠭᠴᠢᠳ ᠲᠷᠠᠹᠢᠻ ᠣᠭᠴᠣᠮ ᠥᠰᠬᠦ ᠲᠡᠢ ᠪᠠᠶ᠋ᠢᠩᠭᠤ ᠤᠴᠠᠷᠠᠳᠠᠭ᠃ ᠡᠷᠢᠯᠲᠡ ᠨᠡᠮᠡᠭᠳᠡᠭᠰᠡᠨ ᠦᠶ᠎ᠡ ᠳᠦ ᠥᠷᠭᠡᠵᠢᠨ ᠲᠡᠯᠡᠬᠦ᠂ ᠠᠶᠤᠯ ᠦᠭᠡᠢ ᠪᠠᠶ᠋ᠢᠳᠠᠯ ᠢ ᠴᠢᠨᠠᠷᠲᠠᠢ ᠬᠠᠩᠭᠠᠬᠤ ᠪᠣᠯᠤᠮᠵᠢ ᠨᠢ ᠥᠨᠥ ᠶᠢᠨ 7 ᠬᠣᠨᠣᠭ᠂ 24 ᠴᠠᠭ ‍ᠤᠨ ᠠᠵᠢᠯᠯᠠᠭ᠎ᠠ ᠲᠠᠢ ᠵᠢᠵᠢᠭᠯᠡᠨ ᠬᠤᠳᠠᠯᠳᠤᠭᠠᠨ ᠤ ᠪᠠᠶ᠋ᠢᠭᠤᠯᠤᠯᠭ᠎ᠠ ᠳᠤ ᠴᠢᠬᠤᠯᠠ ᠠᠴᠢ ᠬᠣᠯᠪᠣᠭᠳᠠᠯ ᠲᠠᠢ᠃

ᠵᠦᠢᠯᠡᠰ ᠊ᠦᠨ ᠢᠨ᠍ᠲ᠋ᠧᠷᠨᠧᠲ (IoT)᠂ ᠦᠢᠯᠡ ᠶᠠᠪᠤᠳᠠᠯ ᠪᠣᠯᠪᠠᠰᠤᠷᠠᠭᠤᠯᠬᠤ᠂ ᠬᠢᠮᠡᠯ ᠣᠶᠤᠨ (AI)᠄

ᠠᠰᠤᠷᠤ ᠶᠡᠬᠡ ᠬᠡᠮᠵᠢᠶᠡᠨ ᠦ ᠥᠭᠭᠥᠭᠳᠡᠯ ᠲᠡᠢ ᠠᠵᠢᠯᠯᠠᠳᠠᠭ ᠡᠳᠡᠭᠡᠷ ᠪᠣᠯᠤᠨ ᠪᠤᠰᠤᠳ ᠲᠧᠻᠨᠣᠯᠣᠭᠢ ᠳ᠋ᠤ ᠥᠭᠭᠥᠭᠳᠡᠯ ᠬᠠᠳᠠᠭᠠᠯᠠᠬᠤ᠂ ᠲᠣᠭᠠᠴᠠᠭᠠᠯᠠᠬᠤ ᠨᠥᠭᠡᠴᠡ ᠶᠢ ᠰᠠᠭᠤᠷᠢᠯᠠᠭᠤᠯᠬᠤ᠂ ᠥᠷᠭᠡᠵᠢᠭᠦᠯᠬᠦ ᠳᠦ ᠬᠢᠯᠪᠠᠷ ᠪᠣᠯᠭᠠᠳᠠᠭ᠃

ᠭᠠᠷᠠᠭᠠᠨ ᠤ ᠪᠢᠽᠨᠧᠰ᠄

ᠭᠠᠷᠠᠭᠠᠨ ᠤ ᠪᠢᠽᠨᠧᠰ ᠦᠳ ᠮᠡᠳᠡᠭᠡᠯᠡᠯ ᠲᠧᠻᠨᠣᠯᠣᠭᠢ ᠶᠢᠨ ᠳᠡᠳ᠋ ᠪᠦᠲᠦᠴᠡ ᠳᠦ ᠬᠥᠷᠥᠩᠭᠡ ᠤᠷᠤᠭᠤᠯᠬᠤ ᠪᠡᠯᠡ ᠳᠤᠲᠠᠮᠠᠭ᠃ IaaS ᠨᠢ ᠭᠠᠷᠠᠭᠠᠨ ᠤ ᠪᠢᠽᠨᠧᠰ ᠲᠦ ᠲᠧᠻᠨᠢᠭ ᠬᠠᠩᠭᠠᠮᠵᠢ᠂ ᠤᠳᠤᠷᠢᠳᠤᠯᠭ᠎ᠠ ᠶᠢᠨ ᠨᠡᠮᠡᠯᠲᠡ ᠵᠠᠷᠤᠳᠠᠯ ᠭᠠᠷᠭᠠᠬᠤ ᠱᠠᠭᠠᠷᠳᠠᠯᠭ᠎ᠠ ᠦᠭᠡᠢ ᠪᠡᠷ ᠦᠢᠯᠡᠳᠪᠦᠷᠢ ᠶᠢᠨ ᠲᠦᠪᠰᠢᠨ ᠦ ᠥᠭᠭᠥᠭᠳᠡᠯ ᠦᠨ ᠲᠥᠪ ᠳᠦ ᠬᠠᠨᠳᠤᠬᠤ ᠪᠣᠯᠤᠮᠵᠢ ᠶᠢ ᠣᠯᠭᠤᠳᠠᠭ᠃

ᠫᠷᠣᠭ᠌ᠷᠠᠮ ᠬᠠᠩᠭᠠᠮᠵᠢ ᠬᠥᠭᠵᠢᠭᠦᠯᠦᠯᠲᠡ᠄

ᠲᠤᠷᠰᠢᠯᠲᠠ ᠶᠢᠨ ᠪᠣᠯᠤᠨ ᠬᠥᠭᠵᠢᠭᠦᠯᠦᠯᠲᠡ ᠶᠢᠨ ᠣᠷᠴᠢᠨ ᠤ ᠳᠡᠳ᠋ ᠪᠦᠲᠦᠴᠡ ᠶᠢ ᠵᠣᠬᠢᠶᠠᠨ ᠪᠠᠶ᠋ᠢᠭᠤᠯᠬᠤ ᠳᠤ ᠪᠠᠨ IaaS ᠠᠰᠢᠭᠯᠠᠬᠤ ᠨᠢ ᠪᠠᠶ᠋ᠢᠷᠢᠰᠢᠯ ᠳᠡᠭᠡᠷ᠎ᠡ ᠪᠡᠨ ᠬᠡᠷᠡᠭᠵᠢᠭᠦᠯᠬᠦ ᠡᠴᠡ ᠬᠠᠪᠢ ᠦᠭᠡᠢ ᠢᠯᠡᠭᠦᠦ ᠬᠤᠷᠳᠤᠴᠠ ᠲᠠᠢ ᠪᠠᠶ᠋ᠢᠳᠠᠭ᠃

PaaS ᠠᠰᠢᠭᠯᠠᠬᠤ ᠲᠣᠬᠢᠶᠠᠯᠳᠤ

API ᠬᠥᠭᠵᠢᠭᠦᠯᠦᠯᠲᠡ ᠪᠠ ᠮᠧᠨᠧᠵᠮᠧᠨᠲ᠄

ᠬᠥᠭᠵᠢᠭᠦᠯᠦᠯᠲᠡ ᠶᠢᠨ ᠪᠠᠶ᠋ᠢᠭᠤᠯᠤᠯᠭ᠎ᠠ PaaS ᠠᠰᠢᠭᠯᠠᠨ ᠫᠷᠣᠭ᠌ᠷᠠᠮ ᠬᠣᠭᠣᠷᠣᠨᠳᠣ ᠥᠭᠭᠥᠭᠳᠡᠯ᠂ ᠹᠦᠨ᠍ᠻᠼ ᠢ ᠬᠤᠪᠢᠶᠠᠯᠴᠠᠬᠤ API ᠬᠥᠭᠵᠢᠭᠦᠯᠬᠦ᠂ ᠠᠵᠢᠯᠯᠠᠭᠤᠯᠬᠤ᠂ ᠤᠳᠤᠷᠢᠳᠬᠤ᠂ ᠬᠠᠮᠠᠭᠠᠯᠠᠬᠤ ᠳᠤ ᠬᠢᠯᠪᠠᠷ ᠪᠣᠯᠤᠨ᠎ᠠ᠃

ᠵᠦᠢᠯᠡᠰ ᠊ᠦᠨ ᠢᠨ᠍ᠲ᠋ᠧᠷᠨᠧᠲ (IoT)᠄

PaaS ᠨᠢ IoT ᠫᠷᠣᠭ᠌ᠷᠠᠮ ᠬᠥᠭᠵᠢᠭᠦᠯᠬᠦ᠂ IoT ᠲᠥᠬᠥᠭᠡᠷᠦᠮᠵᠢ ᠡᠴᠡ ᠥᠭᠭᠥᠭᠳᠡᠯ ᠢ ᠪᠣᠳᠠᠲᠤ ᠴᠠᠭ ᠲᠤ ᠪᠣᠯᠪᠠᠰᠤᠷᠠᠭᠤᠯᠬᠤ ᠳᠤ ᠠᠰᠢᠭᠯᠠᠳᠠᠭ ᠣᠯᠠᠨ ᠲᠥᠷᠥᠯ ᠦᠨ ᠫᠷᠣᠭ᠌ᠷᠠᠮᠴᠢᠯᠠᠯ ᠤᠨ ᠬᠡᠯᠡ (Java᠂ Python᠂ Swift ᠭᠡᠬᠦ ᠮᠡᠲᠦ)᠂ ᠬᠡᠷᠡᠭᠰᠡᠯ᠂ ᠬᠡᠷᠡᠭᠯᠡᠭᠡᠨ ᠦ ᠣᠷᠴᠢᠨ ᠢ ᠳᠡᠮᠵᠢᠳᠡᠭ᠃

ᠢᠳᠡᠪᠬᠢᠲᠡᠢ (Agile) ᠬᠥᠭᠵᠢᠭᠦᠯᠦᠯᠲᠡ ᠪᠣᠯᠤᠨ DevOps᠄

PaaS ᠰᠢᠢᠳᠦᠯ ᠦᠳ ᠨᠢ ᠶᠡᠬᠡᠪᠴᠢᠯᠡᠨ DevOps ᠬᠡᠷᠡᠭᠰᠡᠯ ᠦᠨ ᠬᠡᠯᠬᠢᠶᠡᠨ ᠦ ᠪᠦᠬᠦ ᠱᠠᠭᠠᠷᠳᠠᠯᠭ᠎ᠠ ᠶᠢ ᠪᠠᠭᠲᠠᠭᠠᠳᠠᠭ ᠪᠠ ᠲᠠᠰᠤᠷᠠᠯᠲᠠ ᠦᠭᠡᠢ ᠢᠨ᠍ᠲ᠋ᠧᠭᠷᠠᠼ (CI)᠂ ᠲᠠᠰᠤᠷᠠᠯᠲᠠ ᠦᠭᠡᠢ ᠬᠦᠷᠭᠡᠯᠲᠡ ᠶᠢ (CD) ᠳᠡᠮᠵᠢᠬᠦ ᠠᠦ᠋ᠲ᠋ᠣᠮᠠᠲ᠋ᠴᠢᠯᠠᠯ ᠢᠢᠠᠷ ᠬᠠᠩᠭᠠᠳᠠᠭ᠃

ᠡᠭᠦᠯᠡᠨ ᠬᠥᠭᠵᠢᠭᠦᠯᠦᠯᠲᠡ ᠪᠠ ᠬᠣᠯᠢᠮᠠᠭ ᠡᠭᠦᠯᠡᠨ ᠰᠲ᠋ᠷᠠᠲ᠋ᠧᠭᠢ᠄

PaaS ᠰᠢᠢᠳᠦᠯ ᠦᠳ ᠨᠢ ᠪᠢᠴᠢᠯ ᠦᠢᠯᠡᠴᠢᠯᠡᠭᠡ᠂ ᠻᠣᠨ᠍ᠲ᠋ᠧᠢᠢᠨᠧᠷ᠂ Kubernetes᠂ ᠰᠧᠷᠸᠧᠷ ᠦᠭᠡᠢ ᠲᠣᠭᠠᠴᠠᠭᠠᠯᠠᠯ ᠵᠡᠷᠭᠡ ᠡᠭᠦᠯᠡᠨ ᠬᠥᠭᠵᠢᠭᠦᠯᠦᠯᠲᠡ ᠶᠢᠨ ᠲᠧᠻᠨᠣᠯᠣᠭᠢ ᠶᠢ ᠳᠡᠮᠵᠢᠳᠡᠭ᠃ ᠲᠡᠳᠡᠭᠡᠷ ᠨᠢ ᠬᠥᠭᠵᠢᠭᠦᠯᠦᠭᠴᠢᠳ ᠲᠦ ᠨᠢᠭᠡ ᠤᠳᠠᠭ᠎ᠠ ᠬᠥᠭᠵᠢᠭᠦᠯᠵᠦ ᠪᠦᠲᠦᠭᠡᠭᠡᠳ᠂ ᠳᠠᠷᠠᠭ᠎ᠠ ᠨᠢ ᠬᠤᠪᠢ ᠶᠢᠨ ᠡᠭᠦᠯᠡ᠂ ᠨᠡᠶ᠋ᠢᠲᠡ ᠶᠢᠨ ᠡᠭᠦᠯᠡᠨ ᠪᠣᠯᠤᠨ ᠳᠣᠲᠣᠭᠠᠳᠤ ᠤᠷᠴᠢᠨ ᠳᠤ ᠠᠰᠢᠭᠯᠠᠬᠤ᠂ ᠤᠳᠤᠷᠢᠳᠬᠤ ᠪᠣᠯᠤᠮᠵᠢ ᠶᠢ ᠣᠯᠭᠤᠳᠠᠭ᠃

SaaS ᠠᠰᠢᠭᠯᠠᠬᠤ ᠲᠣᠬᠢᠶᠠᠯᠳᠤᠯ

ᠥᠨᠥᠳᠥᠷ ᠪᠠᠷᠤᠭ ᠪᠦᠬᠦ ᠬᠤᠪᠢ ᠬᠦᠮᠦᠨ ᠤ ᠪᠣᠯᠤᠨ ᠠᠵᠢᠯᠲᠠᠨ ᠤ ᠪᠦᠲᠦᠭᠡᠮᠵᠢ ᠢᠢ ᠳᠡᠭᠡᠭᠰᠢᠯᠡᠭᠦᠯᠬᠦ ᠫᠷᠣᠭ᠌ᠷᠠᠮ SaaS ᠳᠡᠭᠡᠷ᠎ᠡ ᠠᠰᠢᠭᠯᠠᠬᠤ ᠪᠣᠯᠤᠮᠵᠢ ᠲᠠᠢ᠃[5]

ᠨᠡᠷ ‍ᠡ᠋ ᠲᠣᠮᠢᠶᠠᠯᠠᠯ

ᠡᠭᠦᠯᠡ - cloud - облако

ᠡᠭᠦᠯᠡᠨ ᠲᠣᠭᠠᠴᠠᠭᠠᠯᠠᠯ - cloud computing - облачные вычисления

ᠦᠢᠯᠡᠴᠢᠯᠡᠭᠡᠨ ᠳᠦ ᠴᠢᠭᠯᠡᠭᠰᠡᠨ ᠠᠷᠻᠢᠲ᠋ᠧᠻᠲ᠋ᠦ᠋ᠷ - service-oriented architecture - сервис-ориентированная архитектура

ᠦᠢᠯᠡ ᠶᠠᠪᠤᠳᠠᠯ ᠳᠤ ᠬᠥᠲᠦᠯᠦᠭᠳᠡᠭᠰᠡᠨ ᠠᠷᠻᠢᠲ᠋ᠧᠻᠲ᠋ᠦ᠋ᠷ - event-driven architecture - событийно-ориентированная архитектура

ᠨᠡᠢᠢᠲᠡ ‍ᠢᠢᠨ ᠡᠭᠦᠯᠡ - public cloud - публичное облако

ᠬᠤᠪᠢ ‍ᠢᠢᠨ ᠡᠭᠦᠯᠡ - private cloud - частное облако

ᠪᠦᠯᠢᠭ ‍ᠦᠨ ᠡᠭᠦᠯᠡ - community cloud - общественное облако

ᠬᠣᠯᠢᠮᠠᠭ ᠡᠭᠦᠯᠡ - hybrid cloud - гибридное облако

ᠦᠢᠯᠡᠳᠦᠯ ᠦᠨ ᠰᠢᠰᠲ᠋ᠧᠮ - operating system - операционная система

ᠨᠢᠭᠤᠷᠠᠨ ᠲᠠᠯ᠎ᠠ - front end - фронтенд

ᠠᠷᠤ ᠲᠠᠯ᠎ᠠ - back end - бэкенд

ᠲᠦᠭᠡᠭᠡᠯ - deployment - развертывание

ᠢᠳᠡᠪᠬᠢᠵᠢᠯᠳᠦ ᠴᠠᠭ ᠤᠨ ᠡᠭᠦᠯᠡ - runtime cloud - облако выполнения

ᠰᠦᠯᠵᠢᠶ᠎ᠡ - network - сеть

ᠮᠡᠳᠡᠭᠡᠯᠡᠯ ᠬᠣᠯᠪᠣᠭᠠᠨ ᠤ ᠲᠧᠻᠨᠣᠯᠣᠭᠢ - information and communcation technology - информационно-коммуникационная технология

ᠮᠡᠳᠡᠭᠡᠯᠡᠯ ‍ᠦᠨ ᠠᠶᠤᠯ ᠦᠭᠡᠶ ᠪᠠᠢᠢᠳᠠᠯ - information security - информационная безопасность

ᠨᠢᠭᠤᠴᠠᠯᠠᠯ - encryption - шифрование

ᠲᠧᠻᠨᠢᠭ ᠬᠠᠩᠭᠠᠮᠵᠢ - hardware - техническое обеспечение

ᠫᠷᠣᠭ᠌ᠷᠠᠮ ᠬᠠᠩᠭᠠᠮᠵᠢ - software - программное обеспечение

ᠳᠠᠪᠬᠤᠷᠭ᠎ᠠ - layer - уровень

ᠥᠶᠡᠯᠢᠭ - tier - уровень

ᠥᠭᠭᠥᠭᠳᠡᠯ - data - данные

ᠥᠭᠭᠥᠭᠳᠡᠯ ᠦᠨ ᠤᠳᠤᠷᠢᠳᠤᠯᠭ᠎ᠠ - data management - управление данными

ᠢᠨ᠍ᠲ᠋ᠧᠷᠹᠧᠢᠢᠰ - interface - интерфейс

ᠢᠳᠡᠪᠬᠢᠲᠡᠢ ᠬᠥᠭᠵᠢᠭᠦᠯᠦᠯᠲᠡ - agile development - гибкая методология разработки

ᠡᠭᠦᠯᠡᠨ ᠬᠥᠭᠵᠢᠯᠭᠦᠯᠦᠯᠲᠡ - cloud-native development - программирование в облаке

ᠡᠬᠢ ᠰᠤᠷᠪᠤᠯᠵᠢ

  1. What is the cloud? Cloudflare. ᠬᠠᠨᠳᠤᠭᠰᠠᠨ 2022/01/02 https://www.cloudflare.com/learning/cloud/what-is-the-cloud/
  2. What is the cloud? Microsoft Azure 2022 https://azure.microsoft.com/en-us/overview/what-is-the-cloud
  3. An Introduction to Cloud Architecture Design. Intel. ᠬᠠᠨᠳᠤᠭᠰᠠᠨ 2022/01/14 https://www.intel.com/content/www/us/en/cloud-computing/cloud-architecture.html
  4. 4.0 4.1 Cloud Computing Architecture. Java T Point. ᠬᠠᠨᠳᠤᠭᠰᠠᠨ 2022/01/14 https://www.javatpoint.com/cloud-computing-architecture
  5. 5.0 5.1 5.2 5.3 IaaS vs. PaaS vs. SaaS. IBM Cloud Education 2021/09/02 https://www.ibm.com/cloud/learn/iaas-paas-saas
  6. 6.0 6.1 6.2 Cloud Deployment Models – Which One is Right for Your Organization. 2021/04/29. Rishabh Software. https://www.rishabhsoft.com/blog/basics-of-cloud-computing-deployment-and-service-models