ᠵᠦᠢᠯᠡᠰ ᠊ᠦᠨ ᠢᠨ᠍ᠲ᠋ᠧᠷᠨᠧᠲ

11:35, 29 Нэгдүгээр сар 2022-ий байдлаарх Uranbilig (яриа | оруулсан хувь нэмэр) хэрэглэгчийн хийсэн залруулга
(ялгаа) ←Хуучны засвар | Одоогийн засвар (ялгаа) | Дараагийн засвар→ (ялгаа)

ᠵᠦᠢᠯᠡᠰ ᠦᠨ ᠢᠨ᠍ᠲ᠋ᠧᠷᠨᠧᠲ (ᠮᠥᠨ ᠶᠠᠭᠤᠮᠠᠰ ᠤᠨ ᠢᠨ᠍ᠲ᠋ᠧᠷᠧᠲInternet ᠭᠡᠳᠡᠭ; ᠠᠩᠯᠢ ᠪᠠᠷ Internet of Things; ᠲᠣᠪᠴᠢ ᠬᠡᠯᠪᠡᠷᠢ ᠢᠨᠦ IoT) ᠨᠢ ᠪᠡᠶᠡᠲᠦ ᠪᠣᠯᠤᠨ ᠬᠡᠶ᠋ᠢᠰᠪᠦᠷᠢ ᠵᠦᠢᠯᠡᠰ ᠢ ᠰᠦᠯᠵᠢᠶᠡᠨ ᠳᠦ ᠬᠣᠯᠪᠣᠬᠤ ᠪᠣᠯᠤᠮᠵᠢ ᠶᠢ ᠪᠤᠢ ᠪᠣᠯᠭᠠᠭᠰᠠᠨ ᠲᠦᠭᠡᠮᠡᠯ ᠳᠡᠳ᠋ ᠪᠦᠲᠦᠴᠡ ᠶᠢᠨ ᠲᠧᠻᠨᠣᠯᠣᠭᠢtechnology ᠪᠢᠯᠡ᠃ ᠡᠨᠡᠬᠦ ᠲᠧᠻᠨᠣᠯᠣᠭᠢ ᠪᠠᠷ ᠬᠣᠯᠪᠣᠭᠳᠠᠭᠰᠠᠨ ᠵᠦᠢᠯᠡᠰ ᠨᠢ ᠮᠡᠳᠡᠭᠡᠯᠡᠯ ᠬᠣᠯᠪᠣᠭᠠᠨ ᠤ ᠲᠧᠻᠨᠣᠯᠣᠭᠢ ᠳᠤ ᠲᠦᠰᠢᠭᠯᠡᠨ ᠬᠠᠷᠢᠯᠴᠠᠨ ᠠᠵᠢᠯᠯᠠᠨ᠎ᠠ᠃[1]

ᠵᠦᠢᠯᠡᠰ ᠦᠨ ᠢᠨ᠍ᠲ᠋ᠧᠷᠨᠧᠲ ᠲᠧᠻᠨᠣᠯᠣᠭᠢ ᠳᠤ ᠬᠡᠷᠡᠭᠵᠢᠭᠰᠡᠨ ᠹᠦᠨᠻᠼ ᠤᠳfunction ᠨᠢ ᠬᠦᠮᠦᠰ ᠪᠣᠯᠤᠨ ᠰᠦᠯᠵᠢᠶᠡᠨ ᠳᠦ ᠬᠣᠯᠪᠣᠭᠳᠠᠭᠰᠠᠨ ᠠᠯᠢᠪᠠ ᠴᠠᠬᠢᠮ ᠰᠢᠰᠲ᠋ᠧᠮsystem᠂ ᠮᠥᠨ ᠲᠤᠬᠠᠢ ᠶᠢᠨ ᠰᠢᠰᠲ᠋ᠧᠮ ᠦᠳ ᠦᠨ ᠬᠣᠭᠣᠷᠣᠨᠳᠣ ᠬᠠᠷᠢᠯᠴᠠᠨ ᠦᠢᠯᠡᠴᠢᠯᠡᠯᠴᠡᠬᠦ ᠪᠣᠯᠤᠮᠵᠢ ᠶᠢ ᠪᠦᠷᠢᠳᠦᠭᠦᠯᠳᠡᠭ᠃ ᠶᠠᠭᠤᠮᠠᠰ ᠲᠤ ᠰᠠᠭᠤᠯᠭᠠᠭᠰᠠᠨ ᠪᠢᠴᠢᠯ ᠻᠣᠮᠫᠢᠶᠦ᠋ᠲ᠋ᠧᠷ ᠤᠳcomputer ᠬᠦᠮᠦᠰ ᠦᠨ ᠠᠩᠬᠠᠷᠤᠯ ᠢ ᠲᠠᠲᠠᠬᠤ ᠦᠭᠡᠢ ᠪᠡᠷ ᠠᠵᠢᠯᠯᠠᠵᠤ᠂ ᠬᠦᠮᠦᠨ ᠦ ᠦᠢᠯᠡ ᠠᠵᠢᠯᠯᠠᠭ᠎ᠠ ᠶᠢ ᠳᠡᠮᠵᠢᠨ᠎ᠡ᠃ ᠲᠤᠬᠠᠶ᠋ᠢᠯᠠᠪᠠᠯ ᠡᠯᠳᠡᠪ ᠮᠡᠳᠡᠷᠡᠭᠴᠢ ᠨᠤᠭᠦᠳ ᠪᠦᠬᠦᠢ ᠪᠢᠴᠢᠯ ᠻᠣᠮᠫᠢᠶᠦ᠋ᠲ᠋ᠧᠷ ᠢ ᠬᠤᠪᠴᠠᠰᠤᠨ ᠳᠤ ᠰᠠᠭᠤᠯᠭᠠᠨ ᠠᠵᠢᠯᠯᠠᠭᠤᠯᠵᠤ ᠪᠣᠯᠤᠨ᠎ᠠ᠃

ᠮᠠᠷᠻ ᠸᠠᠶ᠋ᠢᠽᠧᠷMark Weiser 1991 ᠣᠨ ᠳᠤ ᠪᠢᠴᠢᠭᠰᠡᠨ ᠌᠌᠌᠌"21 ᠍ ᠳᠦᠭᠡᠷ ᠵᠠᠭᠤᠨ ᠤ ᠻᠣᠮᠫᠢᠶᠦ᠋ᠲ᠋ᠧᠷ" ᠬᠡᠮᠡᠬᠦ ᠨᠡᠶ᠋ᠢᠲᠡᠯᠡᠯ ᠳᠦ ᠪᠡᠨ[2] ᠮᠡᠳᠡᠷᠡᠷᠡᠭᠴᠢ ᠪᠡᠷ ᠲᠣᠨᠣᠭᠯᠠᠭᠳᠠᠵᠤ ᠬᠦᠷᠢᠶᠡᠯᠡᠩ ᠪᠤᠢ ᠤᠷᠴᠢᠨ ᠳᠤ ᠪᠠᠨ ᠰᠠᠭᠠᠳ ᠦᠭᠡᠢ ᠬᠣᠯᠪᠣᠭᠳᠠᠭᠰᠠᠨ ᠵᠦᠢᠯᠡᠰ ᠦᠨ ᠲᠤᠬᠠᠢ "ᠲᠦᠭᠡᠮᠡᠯ ᠡᠯᠪᠡᠭᠲᠦ ᠲᠣᠭᠠᠴᠠᠭᠠᠯᠠᠯ" (ubiquitous computing) ᠨᠡᠷ᠎ᠡ ᠲᠣᠮᠢᠶ᠎ᠠ ᠶᠢ ᠠᠩᠬ᠎ᠠ ᠠᠰᠢᠭᠯᠠᠨ ᠢᠯᠡᠷᠬᠡᠶ᠋ᠢᠯᠡᠭᠰᠡᠨ ᠪᠠᠶ᠋ᠢᠳᠠᠭ᠃

ᠵᠦᠢᠯᠡᠰ ᠦᠨ ᠢᠨ᠍ᠲ᠋ᠧᠷᠨᠧᠲ ᠭᠡᠳᠡᠭ ᠨᠢ ᠢᠯᠡᠳᠲᠡ ᠲᠣᠳᠣᠷᠬᠠᠶ᠋ᠢᠯᠠᠭᠳᠠᠬᠤ ᠪᠡᠶᠡᠲᠦ ᠵᠦᠢᠯᠡᠰ ᠢ ᠢᠨ᠍ᠲ᠋ᠧᠷᠨᠧᠲ ᠠᠳᠠᠯᠢ ᠵᠠᠷᠴᠢᠮ ᠲᠠᠢ ᠪᠦᠲᠦᠴᠡ ᠳ᠋ᠡᠬᠢ ᠬᠡᠶ᠋ᠢᠰᠪᠦᠷᠢ ᠳᠦᠷᠰᠦᠯᠡᠯ ᠲᠡᠢ ᠬᠤᠯᠪᠤᠬᠤ ᠰᠦᠯᠵᠢᠶ᠎ᠡ ᠶᠤᠮ᠃ ᠡᠨᠡᠬᠦ ᠰᠦᠯᠵᠢᠶ᠎ᠡ ᠢᠨᠦ ᠣᠷᠣᠯᠴᠠᠭᠴᠢ ᠬᠦᠮᠦᠰ ᠦᠨ ᠵᠡᠷᠭᠡᠴᠡᠭᠡ ᠡᠳ᠋ ᠵᠦᠢᠯᠡᠰ ᠡᠴᠡ ᠪᠥᠷᠢᠳᠦᠨ᠎ᠡ᠃ "ᠵᠦᠢᠯᠡᠰ ᠦᠨ ᠢᠨ᠍ᠲ᠋ᠧᠷᠨᠧᠲ" ᠭᠡᠳᠡᠭ ᠨᠡᠷ᠎ᠡ ᠲᠣᠮᠢᠶ᠎ᠠ ᠶᠢ ᠠᠩᠬ᠎ᠠ 1999 ᠣᠨ ᠳᠤ ᠻᠧᠸᠢᠨ ᠡᠱᠲ᠋ᠣᠨKevin Ashton ᠬᠡᠷᠡᠭᠯᠡᠭᠰᠡᠨ ᠪᠠᠶ᠋ᠢᠳᠠᠭ ᠴᠤ ᠪᠢᠴᠢᠭ ᠢᠢᠡᠷ ᠪᠠᠷᠢᠮᠲᠠᠵᠢᠭᠭᠠᠳᠦᠢ ᠪᠠᠶ᠋ᠢᠨ᠎ᠠ᠃[3] "Auto-ID Labs" ᠍ ᠤᠨ ᠦᠢᠯᠡ ᠠᠵᠢᠯᠯᠠᠭᠠᠨ ᠤ ᠶᠠᠪᠤᠴᠠ ᠳᠤ ᠵᠦᠢᠯᠡᠰ ᠦᠨ ᠢᠨ᠍ᠲ᠋ᠧᠷᠨᠧᠲ ᠦᠨ ᠲᠠᠯ᠎ᠠ ᠪᠠᠷ ᠮᠡᠳᠡᠳᠡᠭ ᠪᠣᠯᠴᠣᠭᠠᠭᠰᠠᠨ ᠪᠠᠶ᠋ᠢᠳᠠᠭ᠃[4]

ᠷᠠᠳᠢᠣ᠋ ᠦᠶᠡᠯᠡᠵᠡᠯ ᠳᠦ ᠲᠦᠰᠢᠭᠯᠡᠨ ᠲᠠᠨᠢᠬᠤ (RFID) ᠠᠷᠭ᠎ᠠ ᠠᠰᠢᠭᠯᠠᠨ ᠢᠯᠭᠠᠨ ᠲᠠᠨᠢᠬᠤ ᠶᠢ ᠵᠦᠢᠯᠡᠰ ᠦᠨ ᠢᠨ᠍ᠲ᠋ᠧᠷᠨᠧᠲ ᠦᠨ ᠰᠠᠭᠤᠷᠢ ᠭᠡᠵᠦ ᠦᠵᠡᠬᠦ ᠲᠣᠬᠢᠶᠠᠯᠳᠤᠯ ᠪᠠᠶ᠋ᠢᠳᠠᠭ᠃ ᠭᠡᠪᠡᠴᠦ ᠡᠨᠡ ᠲᠧᠻᠨᠣᠯᠣᠭᠢ ᠨᠢ ᠢᠨ᠍ᠲ᠋ᠧᠷᠨᠧᠲ ᠦᠨ ᠫᠷᠣᠲ᠋ᠣᠻᠣᠯ ᠳᠤ ᠰᠠᠭᠤᠷᠢᠯᠠᠨ ᠰᠢᠭᠤᠳ ᠬᠠᠷᠢᠯᠴᠠᠳᠠᠭ ᠦᠭᠡᠢ ᠲᠤᠯᠠ ᠵᠦᠢᠯᠡᠰ ᠦᠨ ᠢᠨ᠍ᠲ᠋ᠧᠷᠨᠧᠲ ᠦᠨ ᠦᠷ᠎ᠡ ᠬᠥᠪᠦᠷᠡᠯ ᠲᠡᠳᠦᠢ ᠪᠡᠷ ᠯᠠ ᠦᠵᠡᠵᠦ ᠪᠣᠯᠤᠨ᠎ᠠ᠃ ᠮᠡᠳᠡᠷᠡᠭᠴᠢ᠂ ᠢᠳᠡᠪᠬᠢᠵᠢᠭᠦᠯᠦᠭᠴᠢ ᠵᠡᠷᠭᠡ ᠪᠦᠷᠢᠯᠳᠦᠬᠦᠨ ᠬᠡᠰᠡᠭ ᠦᠳ ᠨᠢ ᠲᠥᠯᠥᠪ ᠢ ᠨᠢ ᠢᠯᠡᠷᠡᠭᠦᠯᠬᠦ᠂ ᠦᠢᠯᠡᠳᠦᠯ ᠭᠦᠢᠴᠡᠳᠭᠡᠭᠦᠯᠬᠦ ᠵᠡᠷᠭᠡ ᠠᠵᠢᠯᠯᠠᠭ᠎ᠠ ᠶᠢ ᠥᠷᠭᠡᠵᠢᠭᠦᠯᠵᠦ ᠥᠭᠴᠦ ᠪᠠᠶ᠋ᠢᠨ᠎ᠠ᠃ ᠵᠦᠢᠯᠡᠰ ᠦᠨ ᠢᠨ᠍ᠲ᠋ᠧᠷᠨᠧᠲ ᠦᠨ ᠥᠷᠭᠡᠳᠬᠡᠭᠰᠡᠨ ᠲᠣᠳᠣᠷᠬᠠᠶ᠋ᠢᠯᠠᠯᠲᠠ ᠨᠤᠭᠤᠳ ᠨᠢ ᠢᠷᠡᠭᠡᠳᠦᠢ ᠶᠢᠨ ᠢᠨ᠍ᠲ᠋ᠧᠷᠨᠧᠲ (Future Internet)[5] ᠍ ᠲᠠᠢ ᠬᠣᠯᠪᠣᠭᠠᠲᠠᠢ ᠪᠣᠯᠬᠤ ᠶᠢ ᠲᠣᠳᠣᠳᠬᠠᠵᠤ᠂ ᠨᠥᠭᠦᠭᠡᠲᠡᠭᠦᠷ ᠣᠶ᠋ᠢᠷᠠᠯᠴᠠᠭ᠎ᠠ ᠰᠤᠳᠤᠯᠭᠠᠨ ᠤ ᠰᠡᠳᠦᠪ ᠦᠳ ᠡᠴᠡ ᠵᠠᠭᠠᠭᠯᠠᠵᠤ ᠥᠭᠭᠦᠳᠡᠭ᠃


ᠲᠡᠢᠢᠨ ᠪᠦᠲᠦᠴᠡ (architecture) Засварлах


align: top
ᠳᠥᠷᠪᠡᠨ ᠳᠠᠪᠬᠤᠷᠭᠠᠲᠤ ᠵᠦᠢᠯᠡᠰ ‍ᠦᠨ ᠢᠨ᠍ᠲ᠋ᠧᠷᠨᠧᠲ ‍ᠦᠨ ᠵᠠᠭᠪᠤᠷ


ᠵᠦᠢᠯᠡᠰ ᠦᠨ ᠢᠨ᠍ᠲ᠋ᠧᠷᠨᠧᠲ ᠦᠨ ᠰᠠᠭᠤᠷᠢ ᠠᠷᠻᠢᠲ᠋ᠧᠻᠲ᠋ᠣᠷ ᠠᠨᠤ ᠦᠨᠳᠦᠰᠦᠨ ᠳᠦ ᠪᠡᠨ 4 ᠳᠠᠪᠬᠤᠷᠭ᠎ᠠ ᠠᠴᠠ ᠪᠥᠷᠢᠳᠦᠨ᠎ᠡ᠃ ᠲᠡᠳᠡᠭᠡᠷ 4 ᠳᠠᠪᠬᠤᠷᠭ᠎ᠠ ᠠᠨᠤ᠄ ᠮᠡᠳᠡᠷᠡᠭᠴᠢ ᠳᠠᠪᠬᠤᠷᠭ᠎ᠠ (Sensing Layer)᠂ ᠰᠦᠯᠵᠢᠶᠡᠨ ᠦ ᠳᠠᠪᠬᠤᠷᠭ᠎ᠠ (Network Layer)᠂ ᠥᠭᠭᠥᠭᠳᠡᠯ ᠪᠣᠯᠪᠠᠰᠤᠷᠠᠭᠤᠯᠬᠤ ᠳᠠᠪᠬᠤᠷᠭ᠎ᠠ (Data Processing Layer)᠂ ᠬᠡᠷᠡᠭᠯᠡᠭᠡᠨ ᠦᠨ ᠳᠠᠪᠬᠤᠷᠭ᠎ᠠ (Application Layaer) ᠶᠤᠮ᠃[6]

ᠮᠡᠳᠡᠷᠡᠭᠴᠢ ᠳᠠᠪᠬᠤᠷᠭ᠎ᠠ᠄ ᠡᠨᠡ ᠳᠠᠪᠬᠤᠷᠭ᠎ᠠ ᠳᠤ ᠮᠡᠳᠡᠷᠡᠭᠴᠢ᠂ ᠢᠳᠡᠪᠬᠢᠵᠢᠭᠦᠯᠦᠭᠴᠢ᠂ ᠲᠥᠬᠥᠭᠡᠷᠦᠮᠵᠢ ᠨᠤᠭᠦᠳ ᠪᠠᠶ᠋ᠢᠳᠠᠭ᠃ ᠡᠳᠡᠭᠡᠷ ᠮᠡᠳᠡᠷᠡᠭᠴᠢ᠂ ᠢᠳᠡᠪᠬᠢᠵᠢᠭᠦᠯᠦᠭᠴᠢ ᠨᠢ ᠥᠭᠭᠥᠭᠳᠡᠯ (ᠹᠢᠽᠢᠻ/ᠣᠷᠴᠢᠨ ᠤ ᠫᠠᠷᠠᠮᠧᠲ᠋ᠷ ᠦᠳparameter) ᠬᠦᠯᠢᠶᠡᠨ ᠠᠪᠴᠤ᠂ ᠪᠣᠯᠪᠠᠰᠤᠷᠠᠭᠤᠯᠵᠤ᠂ ᠰᠦᠯᠵᠢᠶ᠎ᠡ ᠪᠡᠷ ᠳᠠᠮᠵᠢᠭᠤᠯᠳᠠᠭ᠃

ᠰᠦᠯᠵᠢᠶᠡᠨ ᠦ ᠳᠠᠪᠬᠤᠷᠭ᠎ᠠ᠄ ᠡᠨᠡ ᠳᠠᠪᠬᠤᠷᠭ᠎ᠠ ᠳᠤ ᠢᠨ᠍ᠲ᠋ᠧᠷᠨᠧᠲ/ᠰᠦᠯᠵᠢᠶᠡᠨ ᠦ ᠭᠠᠷᠴᠠ ᠨᠤᠭᠤᠳ (gateway)᠂ ᠥᠭᠭᠥᠭᠳᠡᠯ ᠠᠪᠬᠤ ᠰᠢᠰᠲ᠋ᠧᠮ (DAS) ᠪᠠᠶ᠋ᠢᠳᠠᠭ᠃ ᠥᠭᠭᠥᠭᠳᠡᠯ ᠠᠪᠬᠤ ᠰᠢᠰᠲ᠋ᠧᠮ ᠨᠢ ᠥᠭᠭᠥᠭᠳᠡᠯ ᠢ ᠨᠢᠭᠡᠳᠬᠡᠬᠦ᠂ ᠬᠥᠷᠪᠡᠭᠦᠯᠬᠦ ᠡᠭᠦᠷᠭᠡ ᠭᠦᠢᠴᠡᠳᠭᠡᠳᠡᠭ (ᠮᠡᠳᠡᠷᠡᠭᠴᠢ ᠶᠢᠨ ᠠᠨᠠᠯᠣᠭ᠌analog ᠥᠭᠭᠥᠭᠳᠡᠯ ᠢ ᠴᠤᠭᠯᠠᠭᠤᠯᠵᠤ᠂ ᠨᠢᠭᠡᠳᠬᠡᠭᠡᠳ ᠳ᠋ᠢᠵᠢᠲ᠋ᠠᠯdigital ᠥᠭᠭᠥᠭᠳᠡᠯ ᠪᠣᠯᠭᠠᠨ ᠬᠤᠪᠢᠷᠠᠭᠠᠬᠤ ᠭᠡᠬᠦ ᠮᠡᠲᠦ)᠃ ᠠᠬᠢᠭᠰᠠᠨ ᠭᠠᠷᠴᠠ ᠨᠤᠭᠤᠳ ᠨᠢ ᠮᠡᠳᠡᠷᠡᠭᠴᠢ ᠶᠢᠨ ᠰᠦᠯᠵᠢᠶ᠎ᠡ ᠪᠣᠯᠤᠨ ᠢᠨ᠍ᠲ᠋ᠧᠷᠨᠧᠲ ᠦᠨ ᠬᠣᠭᠣᠷᠣᠨᠳᠣ ᠬᠣᠯᠪᠣᠭᠠᠰᠤ ᠨᠡᠭᠡᠭᠡᠵᠦ ᠥᠭᠬᠦ ᠦᠨᠳᠦᠰᠦᠨ ᠡᠭᠦᠷᠭᠡ ᠶᠢᠨ ᠰᠠᠴᠠᠭᠤ ᠬᠣᠣᠷ ᠲᠠᠢ ᠫᠷᠣᠭ᠌ᠷᠠᠮ ᠠᠴᠠ (malware) ᠬᠠᠮᠠᠭᠠᠯᠠᠬᠤ᠂ ᠵᠠᠷᠢᠮ ᠲᠣᠬᠢᠶᠠᠯᠳᠤᠯ ᠳᠤ ᠣᠷᠣᠭᠤᠯᠤᠭᠰᠠᠨ ᠥᠭᠭᠥᠭᠳᠡᠯ᠂ ᠥᠭᠭᠥᠭᠳᠡᠯ ᠦᠨ ᠤᠳᠤᠷᠢᠳᠤᠯᠭ᠎ᠠ ᠶᠢᠨ ᠦᠢᠯᠡᠴᠢᠯᠡᠭᠡᠨ ᠳᠦ ᠦᠨᠳᠦᠰᠦᠯᠡᠨ ᠰᠢᠢᠳᠪᠦᠷᠢ ᠭᠠᠷᠭᠠᠬᠤᠴᠢᠯᠠᠨ ᠠᠵᠢᠯᠯᠠᠳᠠᠭ᠃

ᠥᠭᠭᠥᠭᠳᠡᠯ ᠪᠣᠯᠪᠠᠰᠤᠷᠠᠭᠤᠯᠬᠤ ᠳᠠᠪᠬᠤᠷᠭ᠎ᠠ᠄ ᠡᠨᠡ ᠪᠣᠯ ᠵᠦᠢᠯᠡᠰ ᠦᠨ ᠢᠨ᠍ᠲ᠋ᠧᠷᠨᠧᠲ ᠦᠨ ᠪᠣᠯᠪᠠᠰᠤᠷᠠᠭᠤᠯᠬᠤ ᠨᠢᠭᠡᠴᠡ᠃ ᠡ᠊ᠨᠳᠡ ᠥᠭᠭᠥᠭᠳᠡᠯ ᠳᠦ ᠰᠢᠨᠵᠢᠯᠡᠭᠡ ᠬᠢᠵᠦ᠂ ᠤᠷᠢᠳᠴᠢᠯᠠᠨ ᠪᠣᠯᠪᠠᠰᠤᠷᠠᠭᠤᠯᠤᠭᠰᠠᠨ ᠤ ᠳᠠᠷᠠᠭ᠎ᠠ ᠥᠭᠭᠥᠭᠳᠡᠯ ᠦᠨ ᠲᠥᠪ ᠦᠷᠦᠭᠦ ᠢᠯᠡᠭᠡᠳᠡᠭ᠃ ᠲᠡᠨᠳᠡ ᠨᠢ ᠥᠭᠭᠥᠭᠳᠡᠯ ᠢ ᠫᠷᠣᠭ᠌ᠷᠠᠮ ᠬᠠᠩᠭᠠᠮᠵᠢ ᠬᠢᠨᠠᠵᠤ᠂ ᠳᠠᠷᠤᠭ᠎ᠠ ᠶᠢᠨ ᠦᠢᠯᠡᠳᠦᠯ ᠳᠦ ᠪᠡᠯᠡᠳᠳᠡᠭ᠃

ᠬᠡᠷᠡᠭᠯᠡᠭᠡᠨ ᠦ ᠳᠠᠪᠬᠤᠷᠭ᠎ᠠ᠄ ᠡᠨᠡ ᠪᠣᠯ ᠵᠦᠢᠯᠡᠰ ᠦᠨ ᠢᠨ᠍ᠲ᠋ᠧᠷᠨᠧᠲ ᠦᠨ ᠠᠷᠻᠢᠲ᠋ᠧᠻᠲ᠋ᠣᠷ ᠤᠨ 4 ᠦᠶ᠎ᠡ ᠱᠠᠲᠤ ᠶᠢᠨ ᠡᠴᠦᠰ ᠦᠨ ᠳᠠᠪᠬᠤᠷᠭ᠎ᠠ ᠶᠤᠮ᠃ ᠥᠭᠭᠥᠭᠳᠡᠯ ᠦᠨ ᠲᠥᠪ ᠦᠳ ᠪᠤᠶᠤ ᠡᠭᠦᠯᠡ ᠢᠨᠦ ᠥᠭᠭᠥᠭᠳᠡᠯ ᠢ ᠤᠳᠤᠷᠢᠳᠴᠤ᠂ ᠠᠰᠢᠭᠯᠠᠳᠠᠭ ᠮᠡᠳᠡᠭᠡᠯᠡᠯ ᠦᠨ ᠤᠳᠤᠷᠢᠳᠤᠯᠭ᠎ᠠ ᠶᠢᠨ ᠦᠶ᠎ᠡ ᠱᠠᠲᠤ ᠶᠤᠮ᠃ ᠲᠤᠬᠠᠶ᠋ᠢᠯᠠᠪᠠᠯ᠂ ᠬᠥᠳᠡᠭᠡ ᠠᠵᠤ ᠠᠬᠤᠢ᠂ ᠡᠷᠡᠭᠦᠯ ᠮᠡᠨᠳᠦ᠂ ᠰᠠᠨᠰᠠᠷ ᠰᠤᠳᠤᠯᠤᠯ᠂ ᠪᠠᠲᠤᠯᠠᠨ ᠬᠠᠮᠠᠭᠠᠯᠠᠬᠤ ᠭᠡᠬᠦ ᠮᠡᠲᠦ ᠡᠴᠦᠰ ᠦᠨ ᠬᠡᠷᠡᠭᠯᠡᠭᠴᠢ ᠶᠢᠨ ᠫᠷᠣᠭ᠌ᠷᠠᠮ ᠤᠳ ᠥᠭᠭᠥᠭᠳᠡᠯ ᠢ ᠠᠰᠢᠭᠯᠠᠨ᠎ᠠ᠃[6]
ᠵᠦᠢᠯᠡᠰ ‍ᠦᠨ ᠢᠨ᠍ᠲ᠋ᠧᠷᠨᠧᠲ ‍ᠦᠨ ᠹᠢᠽᠢᠻ ᠪᠥᠲᠥᠴᠡ ‍ᠢᠢᠨ ᠵᠠᠭᠠᠭᠯᠠᠯ ‍ᠢ ᠬᠠᠮᠤᠭ ‍ᠤᠨ ᠡᠩ ‍ᠦᠨ ‍ᠢᠢᠡᠷ ᠪᠦᠳᠦᠭᠦᠪᠴᠢᠯᠠᠪᠠᠯ ᠲᠥᠬᠥᠭᠡᠷᠡᠮᠵᠢ ‍ᠢᠢᠨ ᠥᠶᠡᠯᠢᠭ (Device Tier᠂ ᠭᠠᠷᠴᠠ ‍ᠢᠢᠨ ᠥᠶᠡᠯᠢᠭ (Edge Gate Tier᠂ ᠡᠭᠦᠯᠡ ‍ᠢᠢᠨ ᠥᠶᠡᠯᠢᠭ (Cloud Tier) ᠡᠴᠡ ᠪᠥᠷᠢᠳᠦᠮᠦᠢ᠃

ᠲᠥᠬᠥᠭᠡᠷᠦᠮᠵᠢ ᠶᠢᠨ ᠥᠶᠡᠯᠢᠭ ᠢᠨᠦ ᠮᠡᠳᠡᠷᠡᠭᠴᠢ ᠪᠡᠷ ᠳᠠᠮᠵᠢᠭᠤᠯᠤᠨ ᠮᠡᠳᠡᠭᠡᠯᠡᠯ ᠬᠤᠷᠢᠶᠠᠬᠤ ᠳᠤ ᠴᠢᠭᠯᠡᠳᠡᠭ᠃ ᠮᠡᠳᠡᠷᠡᠭᠴᠢ ᠢᠨᠦ ᠮᠠᠰᠢ ᠥᠴᠥᠬᠡᠨ ᠪᠥᠭᠡᠳ ᠬᠢᠮᠳᠠ ᠲᠤᠯᠠ ᠲᠡᠳᠡᠭᠡᠷ ᠢᠢᠡᠷ ᠬᠥᠳᠡᠯᠭᠡᠭᠡᠨᠳᠦ ᠲᠣᠭᠠᠴᠠᠭᠠᠯᠠᠬᠤ ᠲᠥᠬᠥᠭᠡᠷᠦᠮᠵᠢ᠂ ᠡᠯᠡᠭᠳᠡᠳᠡᠭ ᠡᠳ᠌ᠯᠡᠯ᠂ ᠪᠡᠶ᠎ᠡ ᠳᠠᠭᠠᠭᠰᠠᠨ ᠮᠠᠱᠢᠨ᠂ ᠴᠠᠬᠢᠯᠭᠠᠨ ᠬᠡᠷᠡᠭᠰᠡᠯ ᠵᠡᠷᠭᠡ ᠣᠯᠠᠨ ᠲᠥᠷᠥᠯ ᠦᠨ ᠲᠥᠬᠥᠭᠡᠷᠦᠮᠵᠢ ᠢ ᠲᠣᠨᠤᠭᠯᠠᠵᠤ ᠪᠣᠯᠤᠨ᠎ᠠ᠃ ᠲᠡᠳᠡᠭᠡᠷ ᠢᠨᠦ ᠴᠢᠭᠢᠭᠰᠢᠯ᠂ ᠭᠡᠷᠡᠯ᠂ ᠳᠠᠷᠤᠯᠲᠠ᠂ ᠴᠡᠴᠡᠷᠡᠭᠡ᠂ ᠬᠢᠮᠢ ᠵᠡᠷᠭᠡ ᠣᠷᠴᠢᠨ ᠤ ᠥᠭᠭᠦᠳᠡᠯ ᠢ ᠠᠪᠳᠠᠭ᠃ ᠤᠲᠠᠰᠤ ᠲᠠᠢ ᠪᠣᠯᠤᠨ ᠤᠲᠠᠰᠤ ᠦᠭᠡᠢ ᠰᠲ᠋ᠠᠨ᠍ᠳᠠᠷᠲstandard ᠰᠦᠯᠵᠢᠶᠡᠨ ᠦ ᠫᠷᠣᠲ᠋ᠣᠻᠣᠯ ᠤᠳ ᠢ ᠠᠰᠢᠭᠯᠠᠨ ᠲᠥᠬᠥᠭᠡᠷᠦᠮᠵᠢ ᠡᠴᠡ ᠮᠡᠳᠡᠭᠡᠯᠡᠯ ᠢ ᠭᠠᠷᠴᠠ ᠶᠢᠨ ᠥᠶᠡᠯᠢᠭ ᠲᠦ ᠳᠠᠮᠵᠢᠭᠤᠯᠤᠨ᠎ᠠ᠃ ᠡᠨᠡ ᠨᠢ ᠶᠡᠬᠡᠪᠴᠢᠯᠡᠨ ᠥᠭᠭᠥᠭᠳᠡᠯ ᠪᠣᠯᠪᠠᠴᠤ ᠻᠣᠮᠠᠨᠳ᠋command ᠪᠣᠯᠤᠨ ᠬᠢᠨᠠᠯᠲᠠ ᠶᠢᠨ ᠬᠦᠰᠡᠯᠲᠡ ᠪᠠᠶ᠋ᠢᠵᠤ ᠪᠣᠯᠤᠨ᠎ᠠ᠃[7]
ᠭᠠᠷᠴᠠ ᠶᠢᠨ ᠥᠶᠡᠯᠢᠭ (gateway) ᠢᠨᠦ ᠬᠠᠷᠢᠯᠴᠠᠭ᠎ᠠ ᠬᠣᠯᠪᠣᠭ᠎ᠠ᠂ ᠥᠭᠭᠦᠳᠡᠯ ᠪᠣᠯᠪᠠᠰᠤᠷᠠᠭᠤᠯᠬᠤ ᠠᠵᠢᠯᠯᠠᠭ᠎ᠠ᠂ ᠦᠢᠯᠡᠳᠦᠯ ᠢ ᠤᠳᠤᠷᠢᠳᠬᠤ ᠦᠢᠯᠡ ᠶᠠᠪᠤᠴᠠ ᠶᠢ ᠳᠡᠮᠵᠢᠬᠦ ᠵᠠᠪᠰᠠᠷ ᠤᠨ ᠱᠠᠲᠤ ᠪᠣᠯᠳᠠᠭ᠃ ᠵᠠᠷᠢᠮ ᠮᠡᠳᠡᠷᠡᠭᠴᠢ ᠢᠨᠦ ᠰᠧᠻᠦᠢᠨ᠍ᠳ᠋ ᠍ ᠲᠦ ᠬᠡᠳᠦᠨ ᠠᠷᠪᠠᠨ ᠮᠢᠩᠭᠠᠨ ᠥᠭᠭᠥᠭᠳᠡᠯ ᠦᠨ ᠨᠢᠭᠡᠴᠡ ᠡᠭᠦᠰᠬᠡᠳᠡᠭ ᠲᠤᠯᠠ ᠤᠭ ᠭᠠᠷᠴᠠ ᠠᠨᠤ ᠡᠭᠦᠯᠡᠨ ᠥᠶᠡᠯᠢᠭ ᠲᠦ ᠥᠭᠭᠥᠭᠳᠡᠯ ᠢᠯᠡᠭᠡᠬᠦ ᠶᠢᠨ ᠡᠮᠦᠨ᠎ᠡ ᠤᠷᠢᠳᠴᠢᠯᠠᠨ ᠪᠣᠯᠪᠠᠰᠤᠷᠠᠭᠤᠯᠬᠤ ᠡᠭᠦᠷᠭᠡ ᠭᠦᠢᠴᠡᠳᠭᠡᠨ᠎ᠡ᠃ ᠥᠭᠭᠥᠭᠳᠡᠯ ᠢ ᠭᠠᠷᠴᠠ ᠳᠡᠭᠡᠷ᠎ᠡ ᠨᠢᠭᠡᠳᠬᠡᠵᠦ᠂ ᠰᠢᠨᠵᠢᠯᠡᠭᠰᠡᠨ  ᠢᠢᠡᠷ ᠡᠭᠦᠯᠡᠨ ᠳᠦ ᠳᠠᠮᠵᠢᠭᠳᠠᠬᠤ ᠱᠠᠭᠠᠷᠳᠠᠯᠭ᠎ᠠ ᠦᠭᠡᠢ ᠮᠡᠳᠡᠭᠡᠯᠡᠯ ᠦᠨ ᠬᠡᠮᠵᠢᠶ᠎ᠡ ᠶᠢ ᠪᠠᠭᠠᠰᠭᠠᠬᠤ ᠪᠣᠯᠤᠮᠵᠢ ᠲᠠᠢ᠃ ᠡᠨᠡ ᠨᠢ ᠰᠦᠯᠵᠢᠶᠡᠨ ᠦ ᠳᠠᠮᠵᠢᠭᠤᠯᠬᠤ ᠵᠠᠷᠤᠳᠠᠯ᠂ ᠢᠯᠠᠩᠭᠤᠶ᠎ᠠ ᠡᠭᠦᠷ ᠦᠨ ᠰᠦᠯᠵᠢᠶ᠎ᠡ ᠪᠡᠷ ᠳᠠᠮᠵᠢᠬᠤ ᠵᠠᠷᠤᠳᠠᠯ ᠢ ᠮᠠᠰᠢᠳᠠ ᠬᠥᠩᠭᠡᠪᠴᠢᠯᠡᠨ᠎ᠡ᠃ ᠬᠢᠨᠠᠯᠲᠠ ᠶᠢᠨ ᠭᠠᠷᠴᠠ ᠬᠣᠶᠠᠷ ᠴᠢᠭᠯᠡᠯ ᠲᠡᠢ᠃[7]
ᠡᠭᠦᠯᠡ ᠪᠤᠶᠤ ᠥᠭᠭᠥᠭᠳᠡᠯ ᠦᠨ ᠲᠥᠪ ᠦᠨ ᠥᠶᠡᠯᠢᠭ ᠨᠢ ᠲᠥᠬᠥᠭᠡᠷᠦᠮᠵᠢ᠂ ᠤᠬᠠᠭᠠᠯᠢᠭ ᠭᠠᠷᠴᠠ ᠠᠴᠠ ᠢᠷᠡᠬᠦ ᠲᠣᠭᠠᠨ ᠮᠡᠳᠡᠭᠡᠯᠡᠯ ᠢ ᠦᠢᠯᠡᠳᠪᠦᠷᠢᠯᠡᠯ ᠦᠨ ᠪᠤᠰᠤᠳ ᠬᠡᠰᠡᠭ ᠲᠦ ᠬᠣᠯᠪᠣᠵᠤ᠂ ᠢᠯᠡᠭᠦᠦ ᠤᠷᠲᠤ ᠬᠤᠭᠤᠴᠠᠭ᠎ᠠ ᠱᠠᠭᠠᠷᠳᠠᠭᠰᠠᠨ ᠳᠦᠩ ᠰᠢᠨᠵᠢᠯᠡᠭᠡ ᠬᠢᠬᠦ᠂ ᠦᠢᠯᠡᠴᠢᠯᠡᠭᠡ ᠬᠡᠷᠡᠭᠵᠢᠭᠦᠯᠬᠦ ᠪᠣᠯᠤᠮᠵᠢ ᠶᠢ ᠪᠦᠷᠢᠳᠦᠭᠦᠯᠦᠨ᠎ᠡ᠃[8]

ᠣᠶᠤᠨ Засварлах

ᠣᠶᠤᠨ ᠢ ᠵᠦᠢᠯᠡᠰ ᠦᠨ ᠢᠨ᠍ᠲ᠋ᠧᠷᠨᠧᠲ ᠦᠨ ᠭᠤᠷᠪᠠᠨ ᠱᠠᠲᠤ ᠪᠣᠯᠬᠤ ᠲᠥᠬᠥᠭᠡᠷᠦᠮᠵᠢ᠂ ᠭᠠᠷᠴᠠ᠂ ᠡᠭᠦᠯᠡᠨ ᠦ ᠲᠦᠪᠰᠢᠨ ᠳᠦ ᠨᠡᠪᠲᠡᠷᠡᠭᠦᠯᠵᠦ ᠪᠣᠯᠤᠨ᠎ᠠ᠃[9]
ᠬᠦᠷᠢᠶᠡᠯᠡᠯ ᠦᠨ ᠣᠶᠤᠨ (ambient intelligence, AmI) ᠠᠨᠤ ᠵᠦᠢᠯᠡᠰ ᠦᠨ ᠢᠨ᠍ᠲ᠋ᠧᠷᠨᠧᠲ ᠦᠨ ᠬᠡᠷᠡᠭᠵᠢᠯᠲᠡ᠂ ᠦᠢᠯᠡᠴᠢᠯᠡᠭᠡ᠂ ᠬᠡᠷᠡᠭᠯᠡᠭᠡᠨ ᠦ ᠢᠷᠡᠭᠡᠳᠦᠢ ᠶᠤᠮ᠃ ᠬᠦᠷᠢᠶᠡᠯᠡᠯ ᠦᠨ ᠣᠶᠤᠨ ᠭᠡᠳᠡᠭ ᠢᠨᠦ ᠲᠣᠭᠠᠴᠠᠭᠠᠯᠠᠯ ‍ᠤᠨ ᠣᠷᠴᠢᠨ ᠋ᠳ᠋ᠤ ᠬᠦᠮᠦᠨ ᠲᠡᠢ ᠵᠥᠪ ᠵᠣᠬᠢᠰ ᠲᠠᠢ ᠬᠠᠷᠢᠯᠴᠠᠨ ᠠᠵᠢᠯᠯᠠᠬᠤ ᠲᠣᠭᠠᠴᠠᠭᠠᠯᠠᠯ ‍ᠤᠨ ᠣᠷᠴᠢᠨ ‍ᠤ ᠪᠦᠷᠢᠯᠳᠦᠬᠦᠨ ᠬᠡᠰᠡᠭ ᠪᠢᠯᠡ᠃[10] ᠵᠦᠢᠯᠡᠰ ᠦᠨ ᠢᠨ᠍ᠲ᠋ᠧᠷᠨᠧᠲ ᠲᠦ ᠣᠶᠤᠨ ᠢ ᠬᠡᠷᠡᠭᠯᠡᠭᠰᠡᠨ  ᠢᠢᠡᠷ ᠬᠦᠮᠦᠰ ᠬᠦᠷᠢᠶᠡᠯᠡᠨ ᠪᠤᠢ ᠣᠷᠴᠢᠨ ᠲᠠᠢ ᠪᠠᠨ ᠬᠠᠷᠢᠯᠴᠠᠬᠤ ᠠᠵᠢᠯᠯᠠᠭ᠎ᠠ ᠶᠢ ᠨᠠᠷᠢᠨ ᠣᠨᠣᠪᠴᠢᠲᠠᠢ ᠪᠣᠯᠭᠠᠵᠤ᠂ ᠠᠦ᠋ᠲ᠋ᠣᠮᠠᠲ᠋ᠴᠢᠯᠠᠯ ᠢ ᠭᠦᠨᠵᠡᠭᠡᠶ᠋ᠢᠷᠡᠭᠦᠯᠦᠨ᠎ᠡ᠃ ᠬᠦᠷᠢᠶᠡᠯᠡᠯ ᠦᠨ ᠣᠶᠤᠨ ᠬᠡᠷᠡᠭᠯᠡᠮᠵᠢ ᠲᠡᠢ᠂ ᠲᠧᠻᠨᠣᠯᠣᠭᠢ ᠶᠢᠨ ᠬᠤᠪᠢ ᠳᠤ ᠬᠡᠷᠡᠭᠵᠢᠬᠦᠶ᠋ᠢᠴᠡ᠂ ᠨᠡᠶ᠋ᠢᠭᠡᠮ ᠡᠳ᠋ ᠍ ᠦᠨ ᠵᠠᠰᠠᠭ ᠤᠨ ᠡᠶᠡᠷᠭᠦ ᠨᠥᠯᠥᠭᠡ ᠲᠡᠢ᠂ ᠨᠠᠶ᠋ᠢᠳᠠᠪᠤᠷᠢᠲᠠᠢ ᠲᠤᠯᠠ ᠵᠦᠢᠯᠡᠰ ᠦᠨ ᠢᠨ᠍ᠲ᠋ᠧᠷᠨᠧᠲ ᠦᠨ ᠲᠥᠷᠥᠯ ᠪᠦᠷᠢ ᠶᠢᠨ ᠬᠡᠷᠡᠭᠯᠡᠭᠡᠨ ᠳᠦ ᠠᠰᠢᠭᠯᠠᠬᠤ ᠪᠣᠯᠤᠮᠵᠢ ᠶᠢ ᠪᠦᠷᠢᠳᠦᠭᠦᠯᠵᠦ ᠪᠠᠶ᠋ᠢᠨ᠎ᠠ᠃ ᠲᠤᠬᠠᠶ᠋ᠢᠯᠠᠪᠠᠯ᠂ ᠲᠡᠭᠡᠭᠡᠪᠦᠷᠢ᠂ ᠵᠢᠵᠢᠭᠯᠡᠨ ᠬᠤᠳᠠᠯᠳᠤᠭ᠎ᠠ᠂ ᠦᠢᠯᠡᠳᠪᠦᠷᠢᠯᠡᠯ᠂ ᠡᠷᠡᠭᠦᠯ ᠮᠡᠨᠳᠦ᠂ ᠡᠷᠴᠢᠮ ᠬᠦᠴᠦ᠂ ᠪᠠᠷᠢᠯᠭ᠎ᠠ᠂ ᠬᠣᠲᠠ ᠰᠠᠭᠤᠷᠢᠨ ᠤ ᠳᠡᠳ᠋ ᠪᠦᠲᠦᠴᠡ ᠵᠡᠷᠭᠡ ᠰᠠᠯᠪᠤᠷᠢ ᠳᠤ ᠨᠡᠪᠲᠡᠷᠡᠭᠦᠯᠬᠦ ᠪᠣᠯᠤᠮᠵᠢ ᠲᠠᠢ᠃ ᠲᠣᠪᠴᠢᠬᠠᠨ ᠳᠤ ᠪᠠᠨ᠂ ᠬᠦᠷᠢᠶᠡᠯᠡᠯ ᠦᠨ ᠣᠶᠤᠨ ᠡᠳᠦᠷ ᠲᠤᠲᠤᠮ ᠤᠨ ᠦᠢᠯᠡ ᠠᠵᠢᠯᠯᠠᠭᠠᠨ ᠤ ᠣᠷᠴᠢᠨ ᠢ ᠤᠬᠠᠭᠠᠯᠢᠭ ᠪᠣᠯᠭᠠᠬᠤ ᠶᠤᠮ᠃ ᠲᠡᠷᠡᠬᠦᠦ ᠣᠷᠴᠢᠨ ᠢ ᠵᠦᠢᠯᠡᠰ ᠦᠨ ᠢᠨ᠍ᠲ᠋ᠧᠷᠨᠧᠲ ᠦᠨ ᠬᠡᠷᠡᠭᠯᠡᠭᠴᠢ ᠶᠢᠨ ᠱᠠᠭᠠᠷᠳᠠᠯᠭ᠎ᠠ ᠳᠤ ᠨᠡᠶ᠋ᠢᠴᠡᠭᠦᠯᠦᠨ ᠲᠣᠬᠢᠷᠠᠭᠤᠯᠵᠤ ᠪᠣᠯᠤᠨ᠎ᠠ᠃ ᠵᠦᠢᠯᠡᠰ ᠦᠨ ᠢᠨ᠍ᠲ᠋ᠧᠷᠨᠧᠲ ᠦᠨ ᠲᠥᠬᠥᠭᠡᠷᠦᠮᠵᠢ ᠨᠤᠭᠦᠳ ᠦᠨ ᠪᠦᠷᠢᠨ ᠴᠢᠳᠠᠪᠬᠢ ᠶᠢ ᠨᠡᠭᠡᠭᠡᠵᠦ ᠠᠰᠢᠭᠯᠠᠬᠤ ᠡᠭᠦᠳᠡᠨ ᠡᠴᠡ ᠬᠦᠷᠢᠶᠡᠯᠡᠯ ᠦᠨ ᠣᠶᠤᠨ ᠵᠡᠷᠭᠡ ᠰᠢᠨ᠎ᠡ ᠲᠧᠻᠨᠣᠯᠣᠭᠢ ᠶᠢᠨ ᠴᠢᠭᠯᠡᠯ ᠳᠦ ᠭᠦᠨᠵᠡᠭᠡᠢ ᠰᠤᠳᠤᠯᠭ᠎ᠠ ᠬᠢᠬᠦ ᠱᠠᠭᠠᠷᠳᠠᠯᠭ᠎ᠠ ᠲᠠᠢ᠃ ᠵᠦᠢᠯᠡᠰ ᠦᠨ ᠢᠨ᠍ᠲ᠋ᠧᠷᠨᠧᠲ ᠦᠨ ᠬᠡᠷᠡᠭᠯᠡᠭᠦᠷ ᠦᠳ (application) ᠢᠨᠦ ᠢᠨ᠍ᠲ᠋ᠧᠷᠨᠧᠲ ᠢᠢᠡᠷ ᠳᠠᠮᠵᠢᠭᠤᠯᠤᠨ ᠲᠥᠬᠥᠭᠡᠷᠦᠮᠵᠢ ᠨᠤᠭᠦᠳ ᠦᠨ ᠬᠠᠷᠢᠯᠴᠠᠨ ᠦᠢᠯᠡᠴᠢᠯᠡᠯ ᠢ ᠨᠥᠬᠦᠴᠡᠯᠳᠦᠭᠦᠯᠳᠡᠭ ᠪᠣᠯ ᠬᠦᠷᠢᠶᠡᠯᠡᠯ ᠦᠨ ᠣᠶᠤᠨ ᠨᠢ ᠲᠥᠬᠥᠭᠡᠷᠦᠮᠵᠢ ᠨᠤᠭᠦᠳ ᠥᠭᠭᠥᠭᠳᠡᠯ ᠡᠴᠡ ᠰᠤᠷᠤᠯᠴᠠᠵᠤ᠂ ᠬᠡᠷᠡᠭᠯᠡᠭᠴᠢ ᠶᠢᠨ ᠱᠠᠭᠠᠷᠳᠠᠯᠭ᠎ᠠ ᠶᠢ ᠢᠯᠡᠭᠦᠦ ᠲᠡᠭᠦᠰ ᠬᠡᠷᠡᠭᠵᠢᠭᠦᠯᠬᠦ ᠨᠥᠬᠥᠴᠡᠯ ᠢ ᠪᠦᠷᠢᠳᠦᠭᠦᠯᠦᠨ᠎ᠡ᠃

ᠡᠳᠦᠭᠡ ᠵᠦᠢᠯᠡᠰ ᠦᠨ ᠢᠨ᠍ᠲ᠋ᠧᠷᠨᠧᠲ ᠬᠤᠷᠳᠤᠴᠠ ᠲᠠᠢ ᠠᠦ᠋ᠲ᠋ᠣᠮᠠᠲ᠋ᠵᠢᠵᠤ ᠪᠠᠶ᠋ᠢᠭ᠎ᠠ ᠲᠤᠯᠠ ᠬᠦᠷᠢᠶᠡᠯᠡᠯ ᠦᠨ ᠣᠶᠤᠨ ᠢ ᠵᠣᠬᠢᠰᠲᠠᠢ ᠠᠰᠢᠭᠯᠠᠭᠰᠠᠨ ᠢᠢᠠᠷ ᠬᠦᠮᠦᠨ ᠦ ᠬᠡᠷᠡᠭᠴᠡᠭᠡ ᠶᠢ ᠣᠶᠤᠨᠯᠢᠭ ᠢᠨ᠍ᠲ᠋ᠧᠷᠹᠧᠢᠢᠰinterface᠂ ᠤᠬᠠᠭᠠᠯᠢᠭ ᠣᠷᠴᠢᠨ ᠢᠢᠠᠷ ᠳᠠᠮᠵᠢᠭᠤᠯᠤᠨ ᠲᠤᠬᠠᠢ ᠶᠢᠨ ᠬᠡᠷᠡᠭᠯᠡᠭᠴᠢ ᠶᠢᠨ ᠣᠨᠴᠠᠯᠢᠭ ᠱᠠᠭᠠᠷᠳᠠᠯᠭ᠎ᠠ ᠳᠤ ᠨᠡᠶ᠋ᠢᠴᠡᠨ ᠬᠡᠷᠡᠭᠵᠢᠭᠦᠯᠬᠦ ᠪᠣᠯᠤᠮᠵᠢ ᠲᠠᠢ᠃

ᠬᠦᠷᠢᠶᠡᠯᠡᠯ ᠦᠨ ᠣᠶᠤᠨ ᠢ ᠵᠦᠢᠯᠡᠰ ᠦᠨ ᠢᠨ᠍ᠲ᠋ᠧᠷᠨᠧᠲ ᠲᠡᠢ ᠬᠤᠤᠰᠯᠠᠬᠤ ᠠᠨᠤ ᠥᠷᠭᠡᠨ ᠴᠠᠷ᠎ᠠ ᠬᠦᠷᠢᠶᠡᠨ ᠦ ᠠᠴᠢ ᠬᠣᠯᠪᠣᠭᠳᠠᠯ ᠲᠠᠢ ᠶᠢᠨ ᠰᠠᠴᠠᠭᠤ ᠪᠠᠰᠠ ᠴᠤ ᠲᠥᠬᠥᠭᠡᠷᠦᠮᠵᠢ ᠶᠢᠨ ᠬᠣᠯᠪᠣᠯᠲᠠ᠂ ᠨᠥᠬᠥᠴᠡᠯᠳᠦ ᠵᠠᠭᠪᠤᠷᠴᠢᠯᠠᠯ (ᠠᠶᠤᠯ ᠦᠭᠡᠢ ᠪᠠᠶ᠋ᠢᠳᠠᠯ᠂ ᠬᠠᠷᠢᠯᠴᠠᠨ ᠠᠵᠢᠯᠯᠠᠭ᠎ᠠ᠂ ᠬᠠᠷᠢᠯᠴᠠᠭ᠎ᠠ ᠬᠣᠯᠪᠣᠭ᠎ᠠ)᠂ ᠲᠣᠭᠠᠴᠠᠭᠠᠯᠠᠯ ᠲᠠᠢ ᠬᠣᠯᠪᠣᠭ᠎ᠠ ᠲᠠᠢ ᠣᠯᠠᠨ ᠠᠰᠠᠭᠤᠳᠠᠯ᠂ ᠰᠣᠷᠢᠯᠲᠠ ᠨᠤᠭᠤᠳ ᠰᠢᠢᠳᠦᠯ ᠢᠢᠡᠨ ᠬᠦᠯᠢᠶᠡᠵᠦ ᠪᠠᠶ᠋ᠢᠨ᠎ᠠ᠃ ᠲᠡᠶ᠋ᠢᠮᠦ ᠡᠴᠡ ᠡᠨᠡ ᠴᠢᠭᠯᠡᠯ ᠳᠦ ᠢᠯᠡᠭᠦᠦ ᠭᠦᠨᠵᠡᠭᠡᠢ ᠰᠤᠳᠤᠯᠭ᠎ᠠ ᠰᠢᠨᠵᠢᠯᠡᠭᠡ ᠬᠢᠭᠰᠡᠨ ᠢᠢᠡᠷ ᠵᠦᠢᠯᠡᠰ ᠦᠨ ᠢᠨ᠍ᠲ᠋ᠧᠷᠨᠧᠲ ᠦᠨ ᠬᠡᠲᠦ ᠶᠢᠨ ᠬᠥᠭᠵᠢᠯ ᠢ ᠨᠠᠭᠠᠰᠢᠯᠠᠭᠤᠯᠬᠤ ᠠᠴᠢ ᠬᠣᠯᠪᠣᠭᠳᠠᠯ ᠲᠠᠢ᠃[11]

ᠬᠡᠷᠡᠭᠯᠡᠭᠡ Засварлах


ᠤᠬᠠᠭᠠᠯᠢᠭ ᠭᠡᠷ ᠰᠠᠭᠤᠴᠠ Засварлах


align: top
ᠤᠬᠠᠭᠠᠯᠢᠭ ᠰᠠᠭᠤᠴᠠ ‍ᠢᠢᠨ ᠤᠲᠠᠰᠤ ᠦᠭᠡᠢ ᠰᠦᠯᠵᠢᠶᠡᠨ ‍ᠳᠦ ᠬᠡᠷᠡᠭᠯᠡᠬᠦ ᠴᠠᠬᠢᠯᠭᠠᠨ ‍ᠤ ᠵᠠᠯᠭᠠᠭᠤᠷ ("HS110")


ᠵᠦᠢᠯᠡᠰ ᠦᠨ ᠢᠨ᠍ᠲ᠋ᠧᠷᠨᠧᠲ ᠦᠨ ᠬᠡᠷᠡᠭᠯᠡᠭᠡ ᠨᠤᠭᠦᠳ ᠳᠣᠲᠣᠷ᠎ᠠ ᠠᠴᠠ ᠬᠠᠮᠤᠭ ᠤᠨ ᠥᠷᠭᠡᠨ ᠣᠯᠠᠨ ᠤ ᠰᠣᠨᠢᠷᠬᠠᠯ ᠲᠠᠲᠠᠵᠤ ᠪᠠᠶ᠋ᠢᠭ᠎ᠠ ᠨᠢ ᠤᠬᠠᠭᠠᠯᠢᠭ ᠭᠡᠷ ᠰᠠᠭᠤᠴᠠ᠃

ᠭᠡᠷ ᠲᠦ ᠪᠡᠨ ᠬᠦᠷᠡᠬᠦ ᠡᠴᠡ ᠪᠡᠨ ᠡᠮᠦᠨ᠎ᠡ ᠠᠭᠠᠷᠵᠢᠭᠤᠯᠤᠭᠴᠢ ᠪᠠᠨ ᠠᠰᠠᠭᠠᠬᠤ᠂ ᠡᠰᠡᠪᠡᠯ ᠭᠡᠷ ᠡᠴᠡ ᠪᠡᠨ ᠭᠠᠷᠤᠭᠰᠠᠨ ᠬᠣᠶ᠋ᠢᠨ᠎ᠠ ᠭᠡᠷᠡᠯ ᠤᠨᠲᠠᠷᠠᠳᠠᠭ ᠪᠠᠶ᠋ᠢᠬᠤ ᠵᠡᠷᠭᠡ ᠪᠣᠯᠤᠮᠵᠢ ᠶᠢ ᠬᠠᠩᠭᠠᠭᠰᠠᠨ ᠣᠷᠣᠨ ᠭᠡᠷ ᠢ ᠤᠬᠠᠭᠠᠯᠢᠭ ᠭᠡᠷ ᠭᠡᠵᠦ ᠪᠠᠶ᠋ᠢᠨ᠎ᠠ᠃ ᠮᠥᠨ ᠥᠪᠡᠷ  ᠶ᠋ᠢᠡᠨ ᠭᠡᠷ ᠲᠦ ᠪᠡᠨ ᠪᠠᠶ᠋ᠢᠬᠤ ᠦᠭᠡᠢ ᠦᠶ᠎ᠡ ᠳᠤ ᠪᠠᠨ ᠨᠠᠶ᠋ᠢᠵᠠ ᠨᠠᠷ ᠲᠤ ᠪᠠᠨ ᠬᠠᠭᠠᠯᠭ᠎ᠠ ᠪᠠᠨ ᠨᠡᠭᠡᠭᠡᠵᠦ ᠥᠭᠴᠦ ᠪᠣᠯᠤᠨ᠎ᠠ. ᠦᠢᠯᠡᠰ ᠦᠨ ᠢᠨ᠍ᠲ᠋ᠧᠷᠨᠧᠲ ᠲᠥᠷᠬᠥ ᠪᠡᠨ ᠣᠯᠵᠤ ᠬᠥᠭᠵᠢᠬᠦ ᠬᠢᠷᠢ ᠪᠡᠷ ᠬᠦᠮᠦᠰ ᠦᠨ ᠠᠮᠢᠳᠤᠷᠠᠯ ᠢ ᠬᠥᠩᠭᠡᠪᠴᠢᠯᠡᠵᠦ᠂ ᠲᠣᠬᠢ ᠲᠤᠬ᠎ᠠ ᠲᠠᠢ ᠪᠣᠯᠭᠠᠬᠤ ᠪᠦᠲᠦᠭᠡᠭᠳᠡᠬᠦᠨ ᠪᠦᠲᠦᠭᠡᠵᠦ ᠪᠠᠶ᠋ᠢᠨ᠎ᠠ᠃

ᠤᠬᠠᠭᠠᠯᠢᠭ ᠣᠷᠣᠨ ᠭᠡᠷ ᠨᠢ ᠣᠷᠣᠨ ᠰᠠᠭᠤᠴᠠᠨ ᠤ ᠰᠠᠯᠪᠤᠷᠢ ᠳᠠᠬᠢ ᠠᠮᠵᠢᠯᠲᠠ ᠲᠠᠢ ᠬᠤᠪᠢᠰᠬᠠᠯᠲᠤ ᠥᠭᠡᠷᠡᠴᠢᠯᠡᠯᠲᠡ ᠶᠢᠨ ᠨᠢᠭᠡᠨ ᠱᠠᠲᠤ ᠪᠣᠯᠤᠭᠰᠠᠨ ᠪᠥᠭᠡᠳ ᠶᠠᠪᠤᠭᠠᠨ ᠳᠤ ᠪᠠᠨ ᠤᠬᠠᠭᠠᠯᠢᠭ ᠭᠠᠷ ᠤᠲᠠᠰᠤ ᠰᠢᠭ ᠲᠦᠭᠡᠮᠡᠯ ᠪᠣᠯᠤᠨ᠎ᠠ ᠭᠡᠵᠦ ᠲᠠᠭᠠᠮᠠᠭᠯᠠᠵᠤ ᠪᠠᠶ᠋ᠢᠨ᠎ᠠ᠃

ᠪᠠᠶ᠋ᠢᠰᠢᠩ᠂ ᠰᠠᠭᠤᠴᠠ ᠥᠮᠴᠢᠯᠡᠵᠦ ᠠᠪᠴᠤ ᠶᠠᠪᠤᠬᠤ ᠨᠢ ᠬᠦᠮᠦᠨ ᠦ ᠠᠮᠢᠳᠤᠷᠠᠯ ᠳᠠᠬᠢ ᠬᠠᠮᠤᠭ ᠤᠨ ᠥᠨᠳᠥᠷ ᠵᠠᠷᠤᠳᠠᠯ ᠪᠠᠶ᠋ᠢᠳᠠᠭ᠃ ᠬᠠᠷᠢᠨ ᠤᠬᠠᠭᠠᠯᠢᠭ ᠭᠡᠷ ᠦᠨ ᠪᠦᠲᠦᠭᠡᠭᠳᠡᠬᠦᠨ ᠨᠤᠭᠦᠳ ᠨᠢ ᠴᠠᠭ ᠬᠤᠭᠤᠴᠠᠭ᠎ᠠ᠂ ᠡᠷᠴᠢᠮ ᠬᠦᠴᠦ᠂ ᠮᠥᠩᠭᠥ ᠬᠡᠮᠨᠡᠨ᠎ᠡ. ᠤᠬᠠᠭᠠᠯᠢᠭ ᠣᠷᠣᠨ ᠭᠡᠷ ᠦᠨ ᠪᠦᠲᠦᠭᠡᠭᠳᠡᠬᠦᠨ ᠨᠡᠶ᠋ᠢᠯᠡᠭᠦᠯᠦᠭᠴᠢ Nest᠂ Ecobee᠂ Ring᠂ August ᠵᠡᠷᠭᠡ ᠻᠣᠮᠫᠠᠨᠢ ᠨᠤᠭᠤᠳ ᠭᠡᠷ ᠠᠬᠤᠢ ᠶᠢᠨ ᠪᠦᠲᠦᠭᠡᠭᠳᠡᠬᠦᠨ᠂ ᠦᠢᠯᠡᠴᠢᠯᠡᠭᠡᠨ ᠦ ᠪᠷᠠᠨᠳ᠋brand ᠪᠣᠯᠬᠣ ᠪᠠᠷ ᠲᠥᠯᠥᠪᠯᠡᠵᠦ ᠪᠠᠶ᠋ᠢᠨ᠎ᠠ᠃[12]

ᠵᠡᠭᠦᠰᠬᠡᠯ ᠲᠥᠬᠥᠭᠡᠷᠦᠮᠵᠢ Засварлах

ᠳᠡᠯᠡᠬᠡᠢ ᠶᠢᠨ ᠵᠠᠬ᠎ᠠ ᠵᠡᠭᠡᠯᠢ ᠳᠦ ᠵᠡᠭᠦᠰᠬᠡᠯ ᠲᠥᠬᠥᠭᠡᠷᠦᠮᠵᠢ ᠶᠢᠨ ᠡᠷᠢᠯᠲᠡ ᠶᠢᠨ ᠲᠡᠰᠦᠷᠡᠯᠲᠡ ᠪᠣᠯᠵᠤ ᠪᠠᠶ᠋ᠢᠨ᠎ᠠ. Google᠂ Samsung ᠵᠡᠷᠭᠡ ᠻᠣᠮᠫᠠᠨᠢ ᠨᠤᠭᠤᠳ ᠡᠶ᠋ᠢᠮᠦ ᠲᠥᠬᠥᠭᠡᠷᠦᠮᠵᠢ ᠶᠢ ᠪᠦᠲᠦᠭᠡᠬᠦ ᠳᠦ ᠶᠡᠬᠡᠬᠡᠨ ᠬᠥᠷᠥᠩᠭᠡ ᠣᠷᠣᠭᠤᠯᠤᠯᠲᠠ ᠬᠢᠭᠰᠡᠨ᠃

ᠵᠡᠭᠦᠰᠬᠡᠯ ᠲᠥᠬᠥᠭᠡᠷᠦᠮᠵᠢ ᠨᠤᠭᠦᠳ ᠨᠢ ᠬᠡᠷᠡᠭᠯᠡᠭᠴᠢ ᠶᠢᠨ ᠲᠠᠯ᠎ᠠ ᠪᠠᠷ ᠬᠢ ᠥᠭᠭᠥᠭᠳᠡᠯ᠂ ᠮᠡᠳᠡᠭᠡᠯᠡᠯ ᠠᠪᠳᠠᠭ ᠮᠡᠳᠡᠷᠡᠭᠴᠢ᠂ ᠫᠷᠣᠭ᠌ᠷᠠᠮ ᠬᠠᠩᠭᠠᠮᠵᠢ ᠪᠠᠷ ᠲᠣᠨᠣᠭᠯᠠᠭᠳᠠᠭᠰᠠᠨ ᠪᠠᠶ᠋ᠢᠨ᠎ᠠ᠃ ᠬᠤᠷᠢᠶᠠᠭᠰᠠᠨ ᠥᠭᠭᠥᠭᠳᠡᠯ ᠳᠦ ᠤᠷᠢᠳᠴᠢᠯᠠᠭᠰᠠᠨ ᠪᠣᠯᠪᠠᠰᠤᠷᠠᠭᠤᠯᠤᠯᠲᠠ ᠬᠢᠵᠦ᠂ ᠬᠡᠷᠡᠭᠯᠡᠭᠴᠢ ᠶᠢᠨ ᠲᠠᠯ᠎ᠠ ᠪᠠᠷ ᠱᠠᠭᠠᠷᠳᠠᠯᠭ᠎ᠠ ᠲᠠᠢ ᠰᠢᠨᠵᠢᠯᠡᠭᠡ ᠬᠢᠳᠡᠭ᠃

ᠵᠡᠭᠦᠰᠬᠡᠯ ᠲᠥᠬᠥᠭᠡᠷᠦᠮᠵᠢ ᠨᠤᠭᠦᠳ ᠨᠢ ᠴᠢᠭᠢᠷᠠᠭᠵᠢᠭᠤᠯᠤᠯᠲᠠ᠂ ᠡᠷᠡᠭᠦᠯ ᠮᠡᠨᠳᠦ᠂ ᠴᠡᠩᠭᠡᠭᠡᠨ ᠦ ᠬᠡᠷᠡᠭᠯᠡᠭᠡᠨ ᠳᠦ ᠥᠷᠭᠡᠨ ᠢᠶᠡᠷ ᠠᠰᠢᠭᠯᠠᠭᠳᠠᠨ᠎ᠠ᠃

ᠵᠡᠭᠦᠰᠬᠡᠯ ᠲᠥᠬᠥᠭᠡᠷᠦᠮᠵᠢ ᠨᠤᠭᠦᠳ ᠡᠴᠡ ᠵᠦᠢᠯᠡᠰ ᠦᠨ ᠢᠨ᠍ᠲ᠋ᠧᠷᠨᠧᠲ ᠦᠨ ᠱᠠᠭᠠᠷᠳᠠᠬᠤ ᠵᠦᠢᠯ ᠨᠢ ᠡᠷᠴᠢᠮ ᠬᠦᠴᠦᠨ ᠦ ᠥᠨᠳᠥᠷ ᠦᠷ᠎ᠡ ᠠᠰᠢᠭ ᠲᠠᠢ᠂ ᠡᠰᠡᠪᠡᠯ ᠨᠡᠩ ᠪᠠᠭ᠎ᠠ ᠬᠦᠴᠦᠨ ᠴᠢᠳᠠᠯ ᠲᠠᠢ᠂ ᠵᠢᠵᠢᠭ ᠬᠡᠮᠵᠢᠶ᠎ᠡ ᠲᠡᠢ ᠪᠠᠶ᠋ᠢᠬᠤ ᠶᠠᠪᠤᠳᠠᠯ ᠶᠤᠮ᠃[12]

ᠥᠪᠡᠷ ᠢᠢᠡᠨ ᠵᠢᠯᠣᠭᠣᠳᠤᠯᠭᠠᠳᠤ ᠠᠦ᠋ᠲ᠋ᠣᠮᠠᠱᠢᠨ Засварлах


align: top
ᠥᠪᠡᠷ ‍ᠢᠢᠡᠨ ᠵᠢᠯᠤᠭᠠᠳᠤᠯᠭᠠᠲᠤ ᠠᠦ᠋ᠲᠣᠮᠠᠱᠢᠨ ‍ᠤ ᠲᠥᠬᠦᠭᠡᠷᠡᠮᠵᠢ ᠪᠠᠢᠢᠷᠢᠰᠢᠯ ᠲᠣᠳᠤᠷᠬᠠᠢᠯᠠᠬᠤ᠂ ᠠᠶᠠᠯᠠᠬᠤ ᠵᠠᠮ ‍ᠤᠨ ᠵᠢᠷᠤᠭ ᠪᠣᠯᠪᠠᠰᠤᠷᠠᠭᠤᠯᠬᠤ ᠵᠡᠷᠭᠡ ᠳᠦ ᠬᠡᠷᠡᠭᠯᠡᠭᠳᠡᠨ᠎ᠡ


ᠥᠪᠡᠷ ᠢᠢᠡᠨ ᠵᠢᠯᠣᠭᠣᠳᠤᠯᠭᠠᠳᠤ ᠠᠦ᠋ᠲ᠋ᠣᠮᠠᠱᠢᠨ ᠤautomachine ᠴᠢᠭᠯᠡᠯ ᠢᠢᠡᠷ ᠪᠠᠭ᠎ᠠ ᠦᠭᠡᠢ ᠲᠤᠷᠰᠢᠯᠲᠠ᠂ ᠰᠤᠳᠤᠯᠭ᠎ᠠ ᠬᠢᠭᠳᠡᠭᠰᠡᠨ᠃ Google ᠪᠣᠯᠤᠨ Tesla ᠡᠨᠡ ᠴᠢᠭᠯᠡᠯ ᠳᠦ ᠲᠤᠷᠰᠢᠯᠲᠠ ᠶᠠᠪᠤᠭᠤᠯᠵᠤ᠂ Uber ᠥᠪᠡᠷ ᠢᠢᠡᠨ ᠵᠢᠯᠣᠭᠣᠳᠤᠯᠭᠠᠳᠤ ᠠᠦ᠋ᠲ᠋ᠣᠮᠠᠱᠢᠨ ᠤ ᠨᠢᠭᠡᠨ ᠬᠤᠪᠢᠯᠪᠤᠷᠢ ᠭᠠᠷᠭᠠᠭᠰᠠᠨ ᠪᠣᠯᠪᠠᠴᠤ ᠳᠠᠷᠠᠭ᠎ᠠ ᠨᠢ ᠰᠢᠷᠭᠤᠤᠯᠭᠠᠨ ᠤ ᠮᠤᠬᠤᠷ ᠲᠤ ᠴᠢᠯᠠᠭᠤᠳᠠᠭᠰᠠᠨ᠃ ᠵᠠᠮ ᠲᠡᠭᠡᠭᠡᠪᠦᠷᠢ ᠭᠠᠷᠴᠠᠭ᠎ᠠ ᠦᠭᠡᠢ ᠬᠦᠮᠦᠨ ᠦ ᠠᠮᠢ ᠨᠠᠰᠤ ᠲᠠᠢ ᠬᠣᠯᠪᠣᠭ᠎ᠠ ᠲᠠᠢ ᠪᠠᠶ᠋ᠢᠳᠠᠭ ᠲᠤᠯᠠ ᠵᠣᠷᠴᠢᠭᠴᠢ ᠪᠣᠯᠤᠨ ᠪᠤᠰᠤᠳ ᠬᠥᠳᠡᠯᠭᠡᠭᠡᠨ ᠳᠦ ᠣᠷᠣᠯᠴᠠᠭᠴᠢᠳ ᠤᠨ ᠠᠶᠤᠯ ᠦᠭᠡᠢ ᠪᠠᠶ᠋ᠢᠳᠠᠯ ᠢ ᠰᠠᠶ᠋ᠢᠵᠢᠷᠠᠭᠤᠯᠤᠭᠰᠠᠨ ᠲᠧᠻᠨᠣᠯᠣᠭᠢ  ᠱᠠᠭᠠᠷᠳᠠᠯᠭ᠎ᠠ ᠲᠠᠢ᠃

ᠠᠦᠲ᠋ᠣᠮᠠᠱᠢᠨ ᠨᠤᠭᠤᠳ ᠨᠢ ᠡᠭᠦᠯᠡ ᠪᠣᠯᠤᠨ ᠢᠨ᠍ᠲ᠋ᠧᠷᠨᠧᠲ ᠲᠦ ᠬᠣᠯᠪᠣᠭᠳᠠᠭᠰᠠᠨ ᠬᠡᠳᠦ ᠬᠡᠳᠦᠨ ᠮᠡᠳᠡᠷᠡᠭᠴᠢ ᠪᠣᠯᠤᠨ ᠰᠠᠭᠤᠯᠭᠠᠭᠳᠠᠭᠰᠠᠨ ᠰᠢᠰᠲ᠋ᠧᠮ ᠢ (embedded systems) ᠠᠰᠢᠭᠯᠠᠳᠠᠭ ᠪᠥᠭᠡᠳ ᠥᠭᠭᠥᠭᠳᠡᠯ ᠬᠤᠷᠢᠶᠠᠵᠤ᠂ ᠡᠭᠦᠯᠡᠨ ᠳᠦ ᠳᠠᠮᠵᠢᠭᠤᠯᠬᠤ ᠠᠭᠠᠳ ᠮᠠᠰᠢᠨ ᠤ ᠰᠤᠷᠤᠯᠴᠠᠬᠤᠢ ᠳᠤ (Machine Learning) ᠲᠦᠰᠢᠭᠯᠡᠭᠰᠡᠨ᠂ ᠮᠡᠳᠡᠭᠡᠯᠡᠯ ᠳᠦ ᠰᠠᠭᠤᠷᠢᠯᠠᠭᠰᠠᠨ ᠰᠢᠢᠳᠪᠦᠷᠢ ᠭᠠᠷᠭᠠᠳᠠᠭ᠃ ᠡᠨᠡᠬᠦ ᠲᠧᠻᠨᠣᠯᠣᠭᠢ ᠪᠦᠷᠢᠨ ᠬᠥᠭᠵᠢᠵᠦ᠂ ᠤᠯᠤᠰ ᠣᠷᠣᠨ ᠨᠤᠭᠤᠳ ᠬᠠᠤᠯᠢ ᠲᠣᠭᠲᠠᠭᠠᠮᠵᠢ᠂ ᠪᠣᠳᠣᠯᠭ᠎ᠠ ᠪᠠᠨ ᠵᠣᠬᠢᠴᠠᠭᠤᠯᠤᠨ ᠥᠭᠡᠷᠡᠴᠢᠯᠡᠬᠦ ᠬᠦᠷᠲᠡᠯ᠎ᠡ ᠬᠡᠳᠦᠨ ᠵᠢᠯ ᠱᠠᠭᠠᠷᠳᠠᠭᠳᠠᠬᠤ ᠴᠤ ᠶᠠᠭ ᠡᠳᠦᠭᠡ ᠡᠨᠡ ᠴᠢᠭᠯᠡᠯ ᠨᠢ ᠵᠦᠢᠯᠡᠰ ᠦᠨ ᠢᠨ᠍ᠲ᠋ᠧᠷᠨᠧᠲ ᠦᠨ ᠬᠠᠮᠤᠭ ᠤᠨ ᠦᠷ᠎ᠡ ᠳᠦᠩ ᠲᠡᠢ ᠬᠡᠷᠡᠭᠯᠡᠭᠡᠨ ᠦ ᠨᠢᠭᠡ ᠪᠣᠯᠵᠤ ᠪᠠᠶ᠋ᠢᠨ᠎ᠠ᠃[13]

ᠵᠢᠵᠢᠭᠯᠡᠨ ᠬᠤᠳᠠᠯᠳᠤᠭ᠎ᠠ Засварлах

Amazone ᠻᠣᠮᠫᠠᠨᠢ ᠶᠢᠨ ᠲᠧᠻᠨᠣᠯᠣᠭᠢ ᠶᠢᠨ ᠰᠢᠢᠳᠦᠯ ᠣᠨ᠍ᠯᠠᠢᠢᠨonline ᠳᠡᠯᠭᠡᠭᠦᠷ ᠪᠠ ᠵᠢᠵᠢᠭᠯᠡᠨ ᠬᠤᠳᠠᠯᠳᠤᠭᠠᠨ ᠤ ᠳᠡᠯᠭᠡᠭᠦᠷ ᠦᠨ ᠵᠠᠭᠠᠭ ᠢ ᠠᠷᠢᠯᠭᠠᠬᠤ ᠨᠢᠭᠡᠨ ᠠᠯᠬᠤᠮ ᠶᠤᠮ᠃ ᠬᠤᠳᠠᠯᠳᠤᠨ ᠠᠪᠤᠭᠴᠢ ᠪᠡᠯᠡᠨ ᠮᠥᠩᠭᠥ ᠬᠡᠷᠡᠭᠯᠡᠬᠦ ᠦᠭᠡᠢ᠂ ᠬᠠᠷᠢᠨ Amazone ᠲᠦᠷᠡᠶ᠋ᠢᠪᠴᠢ ᠡᠴᠡ ᠪᠡᠨ ᠰᠠᠭᠤᠳᠬᠠᠭᠤᠯᠤᠨ ᠬᠤᠳᠠᠯᠳᠤᠨ ᠠᠪᠤᠯᠲᠠ ᠬᠢᠨ᠎ᠡ᠃ ᠮᠥᠨ ᠪᠠᠷᠠᠭ᠎ᠠ ᠪᠠᠨ ᠰᠣᠩᠭᠣᠬᠤ ᠳᠤ ᠬᠤᠳᠠᠯᠳᠤᠨ ᠠᠪᠤᠭᠴᠢ ᠶᠢᠨ ᠰᠠᠭᠰᠤᠨ ᠳᠤ ᠲᠡᠷᠡ ᠬᠦ ᠪᠠᠷᠠᠭ᠎ᠠ ᠰᠢᠭᠤᠳ ᠨᠡᠮᠡᠭᠳᠡᠳᠡᠭ᠃

ᠬᠤᠳᠠᠯᠳᠤᠨ ᠠᠪᠤᠭᠴᠢ ᠪᠣᠳᠣᠯ ᠢᠢᠠᠨ ᠥᠭᠡᠷᠡᠴᠢᠯᠡᠵᠦ᠂ ᠥᠭᠡᠷ᠎ᠡ ᠪᠠᠷᠠᠭ᠎ᠠ ᠰᠣᠩᠭᠣᠪᠠᠯ ᠡᠮᠦᠨᠡᠬᠢ ᠪᠠᠷᠠᠭ᠎ᠠ ᠰᠠᠭᠰᠤᠨ ᠠᠴᠠ ᠬᠠᠰᠤᠭᠳᠠᠵᠤ᠂ ᠰᠢᠨ᠎ᠡ ᠰᠣᠩᠭᠣᠭᠰᠠᠨ ᠪᠠᠷᠠᠭ᠎ᠠ ᠨᠢ ᠰᠠᠭᠰᠤᠨ ᠳᠤ ᠣᠷᠣᠨ᠎ᠠ᠃

ᠡᠨᠡ ᠵᠠᠭᠪᠤᠷ ᠤᠨ ᠳᠡᠯᠭᠡᠭᠦᠷ ᠲᠦ ᠬᠤᠳᠠᠯᠳᠤᠨ ᠠᠪᠤᠭᠴᠢ ᠲᠠᠯ᠎ᠠ ᠰᠣᠩᠭᠣᠭᠰᠠᠨ ᠪᠠᠷᠠᠭ᠎ᠠ ᠪᠦᠲᠦᠭᠡᠭᠳᠡᠬᠦᠨ ᠦ ᠪᠡᠨ ᠦᠨ᠎ᠡ ᠶᠢ ᠤᠯᠭᠤᠬᠤ ᠭᠡᠵᠦ ᠻᠠᠰᠰ ᠳᠡᠭᠡᠷ᠎ᠡ ᠳᠠᠷᠠᠭᠠᠯᠠᠯ ᠳᠤ ᠵᠣᠭᠰᠤᠬᠤ ᠱᠠᠭᠠᠷᠳᠠᠯᠭ᠎ᠠ ᠦᠭᠡᠢ᠃

ᠬᠡᠷᠪᠡ ᠡᠨᠡ ᠲᠧᠻᠨᠣᠯᠣᠭᠢ ᠨᠢ ᠥᠷᠭᠡᠨ ᠳᠡᠮᠵᠢᠯᠭᠡ ᠬᠦᠯᠢᠶᠡᠬᠦᠶ᠋ᠢᠴᠡ ᠦᠷ᠎ᠡ ᠳᠦᠩ ᠲᠡᠢ ᠨᠢ ᠪᠠᠲᠤᠯᠠᠭᠳᠠᠪᠠᠯ ᠣᠶᠢᠷ᠎ᠠ ᠶᠢᠨ ᠵᠢᠯ ᠦᠳ ᠲᠦ ᠵᠢᠵᠢᠭᠯᠡᠨ ᠬᠤᠳᠠᠯᠳᠤᠭᠠᠨ ᠤ ᠵᠢᠱᠢᠭ ᠪᠣᠯᠤᠨ᠎ᠠ᠃[13]

ᠡᠷᠡᠭᠦᠯ ᠮᠡᠨᠳᠦ Засварлах

ᠵᠦᠢᠯᠡᠰ ᠦᠨ ᠢᠨ᠍ᠲ᠋ᠧᠷᠨᠧᠲ ᠡᠮᠴᠢᠯᠡᠭᠡ ᠭᠣᠣᠯᠯᠠᠭᠰᠠᠨ ᠢᠳᠡᠪᠬᠢ ᠦᠭᠡᠢ ᠲᠣᠭᠲᠠᠯᠴᠠᠭᠠᠨ ᠠᠴᠠ ᠡᠷᠡᠭᠦᠯ ᠮᠡᠨᠳᠦ ᠶᠢ ᠳᠡᠮᠵᠢᠬᠦ ᠳᠦ ᠴᠢᠭᠯᠡᠭᠰᠡᠨ ᠢᠳᠡᠪᠬᠢ ᠰᠠᠨᠠᠭᠠᠴᠢᠯᠭ᠎ᠠ ᠲᠠᠢ ᠲᠣᠭᠲᠠᠯᠴᠠᠭᠠᠨ ᠳᠤ ᠰᠢᠯᠵᠢᠬᠦ ᠨᠥᠬᠥᠴᠡᠯ ᠪᠦᠷᠢᠳᠦᠭᠦᠯᠦᠨ᠎ᠡ᠃

ᠥᠨᠥ ᠶᠢᠨ ᠠᠨᠠᠭᠠᠬᠤ ᠤᠬᠠᠭᠠᠨ ᠤ ᠰᠤᠳᠤᠯᠭᠠᠨ ᠳᠤ ᠠᠰᠢᠭᠯᠠᠵᠤ ᠪᠤᠢ ᠥᠭᠭᠥᠭᠳᠡᠯ᠂ ᠮᠡᠳᠡᠭᠡᠯᠡᠯ ᠳᠦ ᠦᠨᠡᠨ ᠪᠣᠳᠠᠲᠤ ᠠᠮᠢᠳᠤᠷᠠᠯ ᠤᠨ ᠵᠠᠩᠭᠢᠯᠠᠭ᠎ᠠ ᠥᠭᠭᠥᠭᠳᠡᠬᠦᠨ ᠳᠤᠲᠠᠭᠳᠠᠵᠤ ᠪᠠᠶ᠋ᠢᠳᠠᠭ᠃ ᠶᠡᠬᠡᠪᠴᠢᠯᠡᠨ ᠦᠯᠡᠳᠡᠭᠳᠡᠯ ᠮᠡᠳᠡᠭᠡᠯᠡᠯ᠂ ᠬᠢᠨᠠᠯᠲᠠ ᠲᠠᠢ ᠣᠷᠴᠢᠨ᠂ ᠰᠠᠶ᠋ᠢᠨ ᠳᠤᠷ᠎ᠠ ᠶᠢᠨ ᠬᠢᠨ ᠤ ᠡᠷᠡᠭᠦᠯ ᠮᠡᠨᠳᠦ ᠶᠢᠨ ᠦᠵᠡᠯᠭᠡ ᠳᠦ ᠳᠤᠯᠳᠤᠶ᠋ᠢᠳᠳᠠᠭ᠃ ᠵᠦᠢᠯᠡᠰ ᠦᠨ ᠢᠨ᠍ᠲ᠋ᠧᠷᠨᠧᠲ ᠨᠢ ᠳ᠋ᠦ᠋ᠩ ᠰᠢᠨᠵᠢᠯᠡᠭᠡ᠂ ᠪᠣᠳᠠᠲᠤ ᠴᠠᠭ ᠤᠨ ᠥᠭᠭᠥᠭᠳᠡᠯ᠂ ᠰᠢᠨᠵᠢᠯᠡᠭᠡ ᠪᠡᠷ ᠬᠤᠷᠢᠶᠠᠭᠰᠠᠨ ᠦᠨ᠎ᠡ ᠴᠡᠨ᠎ᠡ ᠲᠡᠢ ᠮᠡᠳᠡᠭᠡᠯᠡᠯ ᠦᠨ ᠳᠠᠯᠠᠢ ᠶᠢ ᠨᠡᠭᠡᠭᠡᠵᠦ ᠥᠭᠭᠦᠨ᠎ᠡ᠃

ᠮᠥᠨ ᠵᠦᠢᠯᠡᠰ ᠦᠨ ᠢᠨ᠍ᠲ᠋ᠧᠷᠨᠧᠲ ᠨᠢ ᠥᠨᠥ ᠶᠢᠨ ᠲᠥᠬᠥᠭᠡᠷᠦᠮᠵᠢ ᠨᠤᠭᠦᠳ ᠦᠨ ᠬᠦᠴᠦ ᠴᠢᠳᠠᠯ᠂ ᠨᠠᠷᠢᠪᠴᠢᠯᠠᠯ᠂ ᠬᠦᠷᠲᠡᠭᠡᠮᠵᠢ ᠶᠢ ᠰᠠᠶ᠋ᠢᠵᠢᠷᠠᠭᠤᠯᠤᠨ᠎ᠠ᠃ ᠵᠦᠢᠯᠡᠰ ᠦᠨ ᠢᠨ᠍ᠲ᠋ᠧᠷᠨᠧᠲ ᠨᠢ ᠲᠣᠨᠣᠭ ᠲᠥᠬᠥᠭᠡᠷᠦᠮᠵᠢ ᠲᠡᠳᠦᠢ ᠶᠢ ᠭᠣᠣᠯᠯᠠᠬᠤ ᠦᠭᠡᠢ᠂ ᠰᠢᠰᠲ᠋ᠧᠮ᠂ ᠲᠣᠭᠲᠠᠯᠴᠠᠭ᠎ᠠ ᠪᠤᠢ ᠪᠣᠯᠭᠠᠬᠤ ᠳᠤ ᠴᠢᠭᠯᠡᠨ᠎ᠡ᠃[14]

ᠤᠬᠠᠭᠠᠯᠢᠭ ᠬᠣᠲᠠ Засварлах

ᠤᠬᠠᠭᠠᠯᠢᠭ ᠬᠣᠲᠠ ᠶᠢ ᠪᠦᠷᠢᠳᠦᠭᠦᠯᠳᠡᠭ ᠣᠯᠠᠨ ᠴᠢᠭᠯᠡᠯ ᠦᠨ ᠨᠢᠭᠡ ᠣᠨᠣᠪᠴᠢᠯᠠᠭᠰᠠᠨ ᠵᠠᠮ ᠤᠨ ᠬᠥᠳᠡᠯᠭᠡᠭᠡᠨ ᠦ ᠲᠣᠭᠲᠠᠯᠴᠠᠭ᠎ᠠ ᠶᠤᠮ᠃

ᠤᠬᠠᠭᠠᠯᠢᠭ ᠬᠣᠲᠠ ᠶᠢᠨ ᠦᠵᠡᠯ ᠪᠠᠷᠢᠮᠲᠠᠯᠠᠯ ᠬᠡᠷᠡᠭᠵᠢᠬᠦ ᠳᠦ ᠪᠡᠨ ᠲᠤᠬᠠᠢ ᠶᠢᠨ ᠬᠣᠲᠠ ᠪᠦᠷᠢ ᠳᠦ ᠥᠪᠡᠷᠮᠢᠴᠡ ᠣᠨᠴᠠᠯᠢᠭ ᠲᠠᠢ ᠪᠠᠶ᠋ᠢᠨ᠎ᠠ᠃ ᠲᠤᠬᠠᠶ᠋ᠢᠯᠠᠪᠠᠯ᠂ ᠮᠤᠮᠪᠠᠢMumbai ᠬᠣᠲᠠ ᠳ᠋ᠤ ᠲᠤᠯᠭᠠᠷᠠᠵᠤ ᠪᠤᠢ ᠠᠰᠠᠭᠤᠳᠠᠯ ᠤᠳ ᠨᠢ ᠳ᠋ᠧᠯᠾᠢDelhi ᠬᠣᠲᠠ ᠶᠢᠨ ᠬᠢ ᠠᠴᠠ ᠲᠡᠰ ᠥᠭᠡᠷ᠎ᠡ᠃ ᠴᠢᠻᠠᠭᠣChicago ᠬᠣᠲᠠ ᠶᠢᠨ ᠠᠰᠠᠭᠤᠳᠠᠯ ᠨᠶᠤ ᠢᠶᠣᠷᠻNew York ᠬᠣᠲᠠ ᠶᠢᠨ ᠬᠢ ᠠᠴᠠ ᠥᠭᠡᠷ᠎ᠡ᠃ ᠲᠡᠷᠡ ᠴᠤ ᠠᠲᠤᠭᠠᠢ ᠳᠡᠯᠡᠬᠡᠢ ᠨᠡᠶ᠋ᠢᠲᠡ ᠶᠢᠨ ᠲᠦᠭᠡᠮᠡᠯ ᠠᠰᠠᠭᠤᠳᠠᠯ ᠪᠣᠯᠬᠤ ᠴᠡᠪᠡᠷ ᠤᠮᠳᠠᠨ ᠤ ᠤᠰᠤᠨ ᠤ ᠨᠥᠭᠡᠴᠡ ᠪᠠᠭᠠᠰᠬᠤ᠂ ᠠᠭᠠᠷ ᠤᠨ ᠴᠢᠨᠠᠷ ᠮᠠᠭᠤᠳᠠᠬᠤ᠂ ᠬᠦᠮᠦᠨ ᠠᠮᠠ ᠶᠢᠨ ᠪᠥᠭᠡᠭᠡᠨᠡᠷᠡᠯ ᠵᠡᠷᠭᠡ ᠨᠢ ᠴᠤ ᠬᠣᠲᠠ ᠠᠴᠠ ᠬᠣᠲᠠ ᠳ᠋ᠤ ᠥᠭᠡᠷ᠎ᠡ ᠥᠭᠡᠷ᠎ᠡ ᠲᠦᠪᠰᠢᠨ ᠳᠦ ᠲᠤᠯᠭᠠᠷᠠᠵᠤ ᠪᠠᠶ᠋ᠢᠳᠠᠭ᠃

ᠵᠠᠰᠠᠭ ᠤᠨ ᠭᠠᠵᠠᠷ ᠪᠣᠯᠤᠨ ᠢᠨ᠍ᠵᠧᠨᠧᠷ ᠦᠳ ᠵᠦᠢᠯᠡᠰ ᠦᠨ ᠢᠨ᠍ᠲ᠋ᠧᠷᠨᠧᠲ ᠢ ᠠᠰᠢᠭᠯᠠᠨ ᠬᠣᠲᠠ ᠪᠦᠷᠢ ᠶᠢᠨ ᠣᠨᠴᠠᠯᠢᠭ ᠨᠠᠷᠢᠨ ᠲᠥᠪᠡᠭᠲᠡᠢ ᠬᠦᠴᠦᠨ ᠵᠦᠢᠯᠡᠰ ᠢ ᠰᠢᠨᠵᠢᠯᠡᠬᠦ ᠪᠣᠯᠤᠮᠵᠢ ᠲᠠᠢ᠃ ᠵᠦᠢᠯᠡᠰ ᠦᠨ ᠢᠨ᠍ᠲ᠋ᠧᠷᠨᠧᠲ ᠢ ᠤᠰᠤᠨ ᠤ ᠮᠧᠨᠧᠵᠮᠧᠨ᠍ᠲmanagement᠂ ᠬᠣᠭ ᠬᠠᠶᠠᠭᠳᠠᠯ᠂ ᠣᠨᠴᠤᠭᠤᠶ ᠪᠠᠶ᠋ᠢᠳᠠᠯ ᠵᠡᠷᠭᠡ ᠳᠦ ᠠᠰᠢᠭᠯᠠᠵᠤ ᠪᠣᠯᠤᠨ᠎ᠠ᠃

ᠫᠠᠯᠣ᠋ ᠠᠯᠲᠣ᠋Palo Alto ᠪᠣᠯ ᠵᠠᠮ ᠤᠨ ᠬᠥᠳᠡᠯᠭᠡᠭᠡᠨ ᠳᠦ ᠴᠣ ᠰᠢᠨ᠎ᠡ ᠠᠷᠭᠠᠴᠢᠯᠠᠯ ᠨᠡᠪᠲᠡᠷᠡᠭᠦᠯᠦᠭᠰᠡᠨ ᠠᠩᠬᠠᠨ ᠤ ᠬᠣᠲᠠ ᠶᠤᠮ᠃ ᠵᠠᠮ ᠳᠡᠭᠡᠷ᠎ᠡ ᠬᠢ ᠶᠡᠬᠡᠩᠬᠢ ᠠᠦ᠋ᠲ᠋ᠣᠮᠠᠱᠢᠨ ᠵᠣᠭᠰᠤᠭᠠᠯ ᠬᠠᠶ᠋ᠢᠵᠤ ᠨᠢᠭᠡ ᠬᠣᠷᠢᠶᠠᠯᠠᠯ ᠢ ᠲᠣᠭᠣᠷᠢᠨ ᠡᠷᠭᠢᠯᠳᠦᠳᠡᠭ ᠪᠣᠯᠬᠤ ᠶᠢ ᠲᠣᠳᠣᠷᠬᠠᠶ᠋ᠢᠯᠠᠵᠠᠢ᠃ ᠡᠨᠡ ᠨᠢ ᠬᠣᠲᠠ ᠶᠢᠨ ᠵᠠᠮ ᠤᠨ ᠲᠦᠭᠵᠢᠷᠡᠯ ᠦᠨ ᠭᠣᠣᠯ ᠰᠢᠯᠲᠠᠭᠠᠨ ᠪᠠᠶ᠋ᠢᠵᠠᠢ᠃

ᠲᠡᠶ᠋ᠢᠮᠦ ᠡᠴᠡ ᠬᠣᠲᠠ ᠶᠢᠨ ᠪᠦᠬᠦ ᠵᠣᠭᠰᠤᠭᠠᠯ ᠳᠤ ᠮᠡᠳᠡᠷᠡᠭᠴᠢ ᠰᠠᠭᠤᠷᠢᠯᠠᠭᠤᠯᠤᠭᠰᠠᠨ ᠪᠠᠶ᠋ᠢᠨ᠎ᠠ᠃ ᠲᠡᠳᠡᠭᠡᠷ ᠮᠡᠳᠡᠷᠡᠭᠴᠢ ᠨᠢ ᠵᠣᠭᠰᠣᠭᠠᠯ ᠤᠨ ᠴᠡᠭ ᠪᠦᠷᠢ ᠶᠢᠨ ᠠᠰᠢᠭᠯᠠᠯᠲᠠ ᠶᠢᠨ ᠲᠥᠯᠥᠪ ᠢ ᠡᠭᠦᠯᠡᠨ ᠳᠦ ᠳᠠᠮᠵᠢᠭᠤᠯᠤᠨ᠎ᠠ᠃ ᠲᠡᠷ᠎ᠡ ᠬᠦ ᠥᠭᠭᠥᠭᠳᠡᠯ ᠢ ᠬᠡᠴᠢᠨᠡᠨ ᠴᠤ ᠲᠣᠭᠠᠨ ᠤ ᠫᠷᠣᠭ᠌ᠷᠠᠮ ᠠᠰᠢᠭᠯᠠᠵᠤ ᠪᠣᠯᠤᠨ᠎ᠠ᠃ ᠲᠢᠢᠨ ᠬᠦ᠂ ᠵᠢᠯᠣᠭᠣᠴᠢ ᠨᠠᠷ ᠢ ᠬᠠᠮᠤᠭ ᠤᠨ ᠳᠥᠲᠡ ᠵᠠᠮ ᠢᠢᠠᠷ ᠴᠢᠯᠦᠭᠡᠲᠡᠢ ᠵᠣᠭᠰᠣᠭᠠᠯ ᠤᠷᠤᠭᠤ ᠬᠥᠲᠥᠯᠬᠦ ᠪᠣᠯᠤᠮᠵᠢ ᠲᠠᠢ᠃[14]

ᠠᠶᠤᠯ ᠦᠭᠡᠢ ᠪᠠᠢᠢᠳᠠᠯ Засварлах


ᠰᠣᠷᠢᠯ ᠪᠡᠷᠬᠡᠰᠢᠶᠡᠯ Засварлах

ᠵᠦᠢᠯᠡᠰ ᠦᠨ ᠢᠨ᠍ᠲ᠋ᠧᠷᠨᠧᠲ ᠳ᠋ᠡᠬᠢ ᠲᠥᠬᠥᠭᠡᠷᠦᠮᠵᠢ ᠨᠤᠭᠦᠳ ᠢᠨᠦ ᠲᠡᠳᠦᠶ᠋ᠢᠯᠡᠨ ᠨᠥᠯᠥᠭᠡ ᠲᠡᠢ ᠪᠤᠰᠤ᠂ ᠮᠥᠨ ᠮᠠᠰᠢ ᠢᠪᠴᠤᠤ ᠵᠣᠷᠢᠭᠤᠯᠤᠯᠲᠠ ᠲᠠᠢ ᠲᠤᠯᠠ ᠲᠡᠳᠦᠶ᠋ᠢᠯᠡᠨ ᠠᠶᠤᠯ ᠡᠷᠦᠰᠳᠡᠯ ᠦᠭᠡᠢ ᠮᠡᠲᠦ ᠪᠣᠳᠣᠵᠤ ᠪᠣᠯᠬᠤ ᠴᠤ ᠬᠠᠯᠳᠠᠭᠴᠢᠳ ᠰᠦᠯᠵᠢᠶᠡᠨ ᠳᠦ ᠬᠣᠯᠪᠣᠭᠳᠠᠭᠰᠠᠨ ᠶᠡᠷᠦᠩᠬᠡᠢ ᠵᠣᠷᠢᠭᠤᠯᠤᠯᠲᠠ ᠶᠢᠨ ᠻᠣᠮᠫᠢᠶᠦ᠋ᠲ᠋ᠧᠷ ᠤᠳ ᠢ ᠬᠢᠨᠠᠯᠲᠠᠨ ᠳᠤ ᠪᠠᠨ ᠠᠪᠬᠤ ᠡᠷᠦᠰᠳᠡᠯ ᠣᠷᠣᠰᠢᠵᠤ ᠪᠠᠶ᠋ᠢᠳᠠᠭ᠃ ᠢᠩᠭᠢᠭᠰᠡᠨ ᠢᠢᠡᠷ ᠵᠦᠢᠯᠡᠰ ᠦᠨ ᠢᠨ᠍ᠲ᠋ᠧᠷᠨᠧᠲ ᠦᠨ ᠠᠶᠤᠯ ᠦᠭᠡᠢ ᠪᠠᠶ᠋ᠢᠳᠠᠯ ᠤᠨ ᠬᠦᠷᠢᠶᠡᠨ ᠡᠴᠡ ᠬᠠᠯᠢᠭᠰᠠᠨ ᠡᠷᠦᠰᠳᠡᠯ ᠦᠳ ᠨᠢᠭᠤᠷᠯᠠᠨ᠎ᠠ᠃ ᠣᠭᠣᠭᠠᠲᠠ ᠭᠡᠮ ᠬᠣᠣᠷ ᠦᠭᠡᠢ ᠲᠥᠬᠥᠭᠡᠷᠦᠮᠵᠢ ᠴᠤ ᠢᠨ᠍ᠲ᠋ᠧᠷᠨᠧᠲ ᠢᠢᠡᠷ ᠬᠠᠯᠳᠠᠭᠳᠠᠪᠠᠯ ᠨᠡᠩ ᠠᠶᠤᠯ ᠲᠠᠢ ᠪᠣᠯᠬᠤ ᠲᠠᠯ᠎ᠠ ᠲᠠᠢ᠃ ᠬᠡᠦᠬᠡᠳ ᠬᠠᠷᠠᠵᠤ ᠬᠠᠩᠳᠠᠬᠤ ᠵᠣᠷᠢᠭᠤᠯᠤᠯᠲᠠ ᠲᠠᠢ ᠸᠢᠳᠢᠣ᠋video ᠳᠤᠷᠠᠨ ᠳᠤ ᠬᠠᠯᠳᠠᠭᠴᠢᠳ ᠨᠡᠪᠲᠡᠷᠡᠵᠦ ᠵᠠᠩᠰᠢᠯᠠᠨ ᠲᠠᠩᠨᠠᠬᠤ᠂ ᠲᠡᠷᠡ ᠪᠠᠶ᠋ᠢᠲᠤᠭᠠᠢ ᠰᠡᠬᠡᠭᠡᠨ ᠠᠮᠢᠳᠤᠷᠠᠭᠤᠯᠬᠤ ᠶᠢᠨ ᠡᠪᠡᠳᠴᠢᠲᠡᠨ ᠦ ᠠᠮᠢᠳᠤᠷᠠᠯ ᠢ ᠳᠡᠮᠵᠢᠬᠦ ᠲᠣᠨᠣᠭ ᠲᠥᠬᠥᠭᠡᠷᠦᠮᠵᠢ ᠶᠢᠨ ᠦᠢᠯᠡᠴᠢᠯᠡᠭᠡ ᠶᠢ ᠲᠠᠰᠤᠯᠳᠠᠭᠤᠯᠵᠤ ᠮᠡᠳᠡᠨ᠎ᠡ. ᠬᠠᠯᠳᠠᠭᠴᠢᠳ ᠬᠢᠨᠠᠯᠲᠠ ᠶᠢ ᠠᠪᠤᠮᠠᠭᠴᠠ ᠻᠣᠮᠫᠢᠶᠦ᠋ᠲ᠋ᠧᠷ ᠠᠰᠢᠭᠯᠠᠨ ᠦᠢᠯᠡᠳᠳᠡᠭ ᠯᠤᠭ᠎ᠠ ᠠᠳᠠᠯᠢ ᠮᠡᠳᠡᠭᠡᠯᠡᠯ ᠬᠤᠯᠠᠭᠠᠶᠢᠢᠯᠠᠵᠤ᠂ ᠠᠵᠢᠯ ᠦᠢᠯᠡᠴᠢᠯᠡᠭᠡ ᠲᠠᠰᠤᠯᠳᠠᠭᠤᠯᠵᠤ᠂ ᠥᠭᠡᠷ᠎ᠡ ᠪᠤᠰᠤᠳ ᠭᠡᠮᠲᠦ ᠬᠡᠷᠡᠭ ᠢ ᠦᠢᠯᠡᠳᠬᠦ ᠠᠶᠤᠯᠲᠠᠢ᠃ ᠵᠦᠢᠯᠡᠰ ᠦᠨ ᠢᠨ᠍ᠲ᠋ᠧᠷᠨᠧᠲ ᠦᠨ ᠳᠡᠳ᠋ ᠪᠦᠲᠦᠴᠡ ᠬᠠᠯᠳᠠᠯᠭ᠎ᠠ ᠳᠤ ᠥᠷᠢᠲᠥᠬᠦ ᠨᠢ ᠬᠣᠬᠢᠷᠠᠯ ᠲᠠᠢ᠃ ᠮᠡᠳᠡᠭᠡᠯᠡᠯ ᠠᠯᠳᠠᠭᠳᠠᠵᠤ᠂ ᠨᠠᠶ᠋ᠢᠳᠠᠪᠤᠷᠢᠲᠠᠢ ᠦᠢᠯᠡ ᠠᠵᠢᠯᠯᠠᠭ᠎ᠠ ᠲᠠᠰᠤᠯᠳᠠᠬᠤ ᠶᠢᠨ ᠰᠠᠴᠠᠭᠤ ᠲᠣᠨᠣᠭ ᠲᠥᠬᠥᠭᠡᠷᠦᠮᠵᠢ ᠭᠡᠮᠲᠦᠬᠦ᠂ ᠲᠡᠳᠡᠭᠡᠷ ᠳᠡᠭᠡᠷ᠎ᠡ ᠠᠵᠢᠯᠯᠠᠵᠤ ᠪᠠᠶ᠋ᠢᠭ᠎ᠠ᠂ ᠡᠰᠡᠪᠡᠯ ᠲᠡᠳᠡᠭᠡᠷ ᠡᠴᠡ ᠬᠠᠮᠢᠶᠠᠷᠤᠯ ᠲᠠᠢ ᠬᠦᠮᠦᠰ ᠲᠦ ᠴᠤ ᠭᠡᠮᠲᠦᠯ ᠤᠴᠠᠷᠠᠬᠤ ᠠᠶᠤᠯ ᠲᠤᠯᠭᠠᠷᠠᠨ᠎ᠠ᠃[15]

ᠰᠶ᠋ᠢᠳᠪᠦᠷᠢᠯᠡᠬᠦ ᠠᠷᠭ᠎ᠠ ᠵᠠᠮ Засварлах

ᠠᠶᠤᠯ ᠦᠭᠡᠢ ᠪᠠᠶ᠋ᠢᠳᠠᠯ ᠤᠨ ᠠᠰᠠᠭᠤᠳᠠᠯ ᠳᠤ ᠣᠯᠠᠨ ᠶᠠᠩᠵᠤ ᠶᠢᠨ ᠬᠠᠷᠢᠭᠤ ᠠᠷᠭ᠎ᠠ ᠬᠡᠮᠵᠢᠶ᠎ᠡ ᠪᠣᠯᠪᠠᠰᠤᠷᠠᠭᠤᠯᠤᠭᠰᠠᠨ ᠪᠠᠶ᠋ᠢᠳᠠᠭ᠃ ᠵᠦᠢᠯᠡᠰ ᠦᠨ ᠢᠨ᠍ᠲ᠋ᠧᠷᠨᠧᠲ ᠦᠨ ᠠᠶᠤᠯ ᠦᠭᠡᠢ ᠪᠠᠶ᠋ᠢᠳᠠᠯ ᠤᠨ ᠰᠠᠩ (IoTSF) 2015 ᠣᠨ ᠤ 9 ᠍ ᠳᠦᠭᠡᠷ ᠰᠠᠷ᠎ᠠ ᠶᠢᠨ 23 ᠍ ᠳᠦ ᠪᠠᠶ᠋ᠢᠭᠤᠯᠤᠭᠳᠠᠭᠰᠠᠨ ᠪᠠ ᠮᠡᠳᠡᠯᠭᠡ᠂ ᠰᠢᠯᠢᠳᠡᠭ ᠲᠤᠷᠰᠢᠯᠭ᠎ᠠ ᠶᠢ ᠰᠤᠷᠲᠠᠯᠴᠢᠯᠠᠬᠤ ᠵᠠᠮ ᠢᠢᠠᠷ ᠵᠦᠢᠯᠡᠰ ᠦᠨ ᠢᠨ᠍ᠲ᠋ᠧᠷᠨᠧᠲ ᠦᠨ ᠠᠶᠤᠯ ᠦᠭᠡᠢ ᠪᠠᠶ᠋ᠢᠳᠠᠯ ᠢ ᠬᠠᠩᠭᠠᠬᠤ ᠵᠣᠷᠢᠯᠭ᠎ᠠ ᠲᠠᠢ ᠶᠤᠮ᠃ ᠡᠭᠦᠰᠬᠡᠨ ᠪᠠᠶ᠋ᠢᠭᠤᠯᠬᠤ ᠵᠥᠪᠯᠡᠯ ᠢᠨᠦ ᠲᠧᠻᠨᠣᠯᠣᠭᠢ ᠨᠡᠶ᠋ᠢᠯᠡᠭᠦᠯᠦᠭᠴᠢ ᠪᠣᠯᠤᠨ ᠬᠠᠷᠢᠯᠴᠠᠭ᠎ᠠ ᠬᠣᠯᠪᠣᠭᠠᠨ ᠤ ᠻᠣᠮᠫᠠᠨᠢ ᠨᠤᠭᠤᠳ ᠤᠨ ᠲᠥᠯᠥᠭᠡᠯᠡᠯ ᠡᠴᠡ ᠪᠦᠷᠢᠳᠳᠡᠭ᠃ ᠲᠡᠭᠦᠨᠴᠢᠯᠡᠨ᠂ ᠮᠡᠳᠡᠭᠡᠯᠡᠯ ᠲᠧᠻᠨᠣᠯᠣᠭᠢ ᠶᠢᠨ ᠲᠣᠮᠣᠬᠠᠨ ᠻᠣᠮᠫᠠᠨᠢ ᠨᠤᠭᠤᠳ ᠵᠦᠢᠯᠡᠰ ᠦᠨ ᠢᠨ᠍ᠲ᠋ᠧᠷᠨᠧᠲ ᠦᠨ ᠲᠥᠬᠥᠭᠡᠷᠦᠮᠵᠢ ᠨᠤᠭᠦᠳ ᠦᠨ ᠠᠶᠤᠯ ᠦᠭᠡᠢ ᠪᠠᠶ᠋ᠢᠳᠠᠯ ᠢ ᠬᠠᠩᠭᠠᠬᠤ ᠴᠢᠭᠯᠡᠯ ᠢᠢᠡᠷ ᠰᠢᠨᠡᠯᠢᠭ ᠰᠢᠢᠳᠦᠯ ᠦᠳ ᠢ ᠲᠠᠰᠤᠷᠠᠯᠲᠠ ᠦᠭᠡᠢ ᠬᠥᠭᠵᠢᠭᠦᠯᠵᠦ ᠪᠠᠶ᠋ᠢᠳᠠᠭ᠃ Mozilla ᠻᠣᠮᠫᠠᠨᠢ 2017 ᠣᠨ ᠳᠤ ᠵᠦᠢᠯᠡᠰ ᠦᠨ ᠢᠨ᠍ᠲ᠋ᠧᠷᠨᠧᠲ ᠦᠨ ᠲᠥᠬᠥᠭᠡᠷᠦᠮᠵᠢ ᠨᠤᠭᠦᠳ ᠢ Web of Things ᠬᠡᠮᠡᠬᠦ ᠠᠶᠤᠯ ᠦᠭᠡᠢ ᠭᠠᠷᠴᠠ ᠪᠠᠷ ᠳᠠᠮᠵᠢᠭᠤᠯᠤᠨ ᠬᠤᠯᠪᠤᠬᠤ ᠵᠦᠢᠯᠡᠰ ᠦᠨ ᠲᠥᠰᠥᠯ ᠢ (Project Things) ᠡᠬᠢᠯᠡᠭᠦᠯᠦᠭᠰᠡᠨ᠃[16]
ᠵᠠᠬ᠎ᠠ ᠵᠡᠭᠡᠯᠢ ᠶᠢᠨ ᠰᠤᠳᠤᠯᠭᠠᠨ ᠤ KBV Research ᠻᠣᠮᠫᠠᠨᠢ ᠶᠢᠨ ᠲᠣᠭᠠᠴᠠᠭᠠᠯᠠᠭᠰᠠᠨ ᠢᠢᠠᠷ᠂ ᠵᠦᠢᠯᠡᠰ ᠦᠨ ᠢᠨ᠍ᠲ᠋ᠧᠷᠨᠧᠲ ᠦᠨ ᠠᠶᠤᠯ ᠦᠭᠡᠢ ᠪᠠᠶ᠋ᠢᠳᠠᠯ ᠢ ᠬᠠᠩᠭᠠᠬᠤ ᠪᠦᠲᠦᠭᠡᠭᠳᠡᠬᠦᠨ ᠦ ᠨᠡᠶ᠋ᠢᠲᠡ ᠵᠠᠬ᠎ᠠ ᠵᠡᠭᠡᠯᠢ[17] 2016-2022 ᠣᠨ ᠳᠤ 27.9% ᠥᠰᠦᠨ ᠨᠡᠮᠡᠭᠳᠡᠵᠦ ᠪᠤᠢ ᠠᠨᠤ ᠳᠡᠳ᠋ ᠪᠦᠲᠦᠴᠡ ᠶᠢᠨ ᠠᠰᠠᠭᠤᠳᠠᠯ ᠭᠦᠨᠵᠡᠭᠡᠶ᠋ᠢᠷᠡᠵᠦ᠂ ᠪᠠᠰᠠ ᠬᠦ ᠵᠦᠢᠯᠡᠰ ᠦᠨ ᠢᠨ᠍ᠲ᠋ᠧᠷᠨᠧᠲ ᠦᠨ ᠬᠡᠷᠡᠭᠯᠡᠭᠡᠨ ᠦ ᠲᠥᠷᠥᠯ ᠬᠡᠯᠪᠡᠷᠢ ᠣᠯᠠᠨ ᠪᠣᠯᠵᠤ ᠪᠠᠶ᠋ᠢᠭ᠎ᠠ ᠶᠢᠨ ᠦᠷ᠎ᠡ ᠳ᠋ᠦᠩ ᠶᠤᠮ᠃ [18]
ᠵᠦᠢᠯᠡᠰ ᠦᠨ ᠢᠨ᠍ᠲ᠋ᠧᠷᠨᠧᠲ ᠢ ᠬᠠᠮᠠᠭᠠᠯᠠᠬᠤ ᠳᠤ ᠵᠠᠬ᠎ᠠ ᠵᠡᠭᠡᠯᠢ ᠶᠢᠨ ᠰᠡᠳᠡᠯ ᠬᠠᠩᠭᠠᠯᠲᠠ ᠦᠭᠡᠢ ᠪᠠᠶ᠋ᠢᠭ᠎ᠠ ᠲᠤᠯᠠ ᠲᠥᠷᠥ ᠶᠢᠨ ᠵᠣᠬᠢᠴᠠᠭᠤᠯᠤᠯᠲᠠ ᠵᠠᠶ᠋ᠢᠯᠠᠰᠢ ᠦᠭᠡᠢ ᠱᠠᠭᠠᠷᠳᠠᠯᠭ᠎ᠠ ᠲᠠᠢ ᠭᠡᠰᠡᠨ ᠦᠵᠡᠯ ᠪᠠᠷᠢᠮᠲᠠᠯᠠᠯ ᠪᠠᠰᠠ ᠪᠠᠶ᠋ᠢᠳᠠᠭ[19]᠃ ᠵᠦᠢᠯᠡᠰ ᠦᠨ ᠢᠨ᠍ᠲ᠋ᠧᠷᠨᠧᠲ ᠬᠥᠭᠵᠢᠭᠦᠯᠬᠦ ᠶᠡᠬᠡᠩᠬᠢ ᠪᠠᠭ ᠤᠳ ᠠᠵᠢᠯ ᠤᠨ ᠣᠨᠴᠠᠯᠢᠭ ᠠᠴᠠ ᠪᠠᠨ ᠬᠠᠮᠢᠶᠠᠷᠤᠨ ᠲᠠᠭᠠᠮᠠᠭᠯᠠᠬᠤ ᠪᠣᠯᠤᠮᠵᠢ ᠲᠠᠢ᠂ ᠰᠤᠯᠠ ᠨᠢᠭᠤᠴᠠ ᠲᠦᠯᠬᠢᠭᠦᠷ ᠦᠳ ᠡᠭᠦᠰᠬᠡᠳᠡᠭ ᠪᠥᠭᠡᠳ ᠡᠨᠡ ᠢᠨᠦ ᠬᠦᠮᠦᠨ ᠦ ᠣᠷᠣᠯᠴᠠᠭ᠎ᠠ ᠲᠠᠢ ᠬᠠᠯᠳᠠᠯᠭ᠎ᠠ ᠳᠤ ᠬᠢᠯᠪᠠᠷ ᠥᠷᠲᠦᠮᠡᠬᠡᠢ ᠨᠥᠬᠥᠴᠡᠯ ᠪᠦᠷᠢᠳᠦᠭᠦᠯᠵᠦ ᠪᠠᠶ᠋ᠢᠨ᠎ᠠ᠃ ᠭᠡᠰᠡᠨ ᠬᠡᠳᠦᠢ ᠴᠤ SSH ‍ᠦᠨ ᠰᠤᠯᠠ ᠬᠡᠷᠡᠭᠵᠢᠯᠲᠡ᠂ ᠰᠤᠯᠠ ᠲᠦᠯᠬᠢᠭᠦᠷ ᠦᠳ ᠡᠭᠦᠰᠬᠡᠳᠡᠭ ᠠᠰᠠᠭᠤᠳᠠᠯ ᠢ ᠰᠢᠢᠳᠪᠦᠷᠢᠯᠡᠬᠦ ᠶᠢᠨ ᠲᠤᠯᠠᠳᠠ ᠣᠯᠠᠨ ᠰᠤᠳᠤᠯᠤᠭᠠᠴᠢᠳ ᠨᠢᠭᠤᠴᠠᠯᠠᠯ ᠢ ᠴᠢᠩᠭᠠᠳᠬᠠᠬᠤ ᠣᠯᠠᠨ ᠠᠷᠭ᠎ᠠ ᠪᠣᠯᠪᠠᠰᠤᠷᠠᠭᠤᠯᠤᠨ ᠰᠠᠨᠠᠯ ᠪᠣᠯᠭᠠᠳᠠᠭ᠃[20]

ᠡᠷᠦᠰᠳᠡᠯ ᠦᠭᠡᠢ ᠠᠵᠢᠯᠯᠠᠭ᠎ᠠ Засварлах

ᠪᠦᠬᠦ ᠵᠦᠢᠯ ᠢᠨᠦ ᠰᠦᠯᠵᠢᠶᠡᠨ ᠳᠦ ᠬᠣᠯᠪᠣᠭᠳᠠᠳᠠᠭ ᠶᠢᠷᠲᠢᠨᠴᠦ ᠳ᠋ᠦ ᠳᠠᠭᠤ ᠬᠣᠭᠣᠯᠠᠢ ᠪᠠᠷ᠂ ᠲᠡᠷᠡ ᠪᠠᠶ᠋ᠢᠲᠤᠭᠠᠢ ᠨᠢᠭᠤᠷ ᠲᠠᠨᠢᠭᠤᠯᠤᠨ ᠡᠴᠦᠰ ᠦᠨ ᠲᠥᠬᠥᠭᠡᠷᠦᠮᠵᠢ ᠶᠢ ᠠᠵᠢᠯᠯᠠᠭᠤᠯᠳᠠᠭ ᠲᠤᠯᠠ ᠡᠶ᠋ᠢᠮᠦ ᠨᠥᠬᠥᠴᠡᠯ ᠳᠦ ᠠᠶᠤᠯ ᠦᠭᠡᠢ ᠪᠠᠶ᠋ᠢᠳᠠᠯ ᠤᠨ ᠠᠰᠠᠭᠤᠳᠠᠯ ᠢ ᠵᠠᠶ᠋ᠢᠯᠠᠰᠢ ᠦᠭᠡᠢ ᠠᠩᠬᠠᠷᠠᠬᠤ ᠱᠠᠭᠠᠷᠳᠠᠯᠭ᠎ᠠ ᠲᠠᠢ ᠪᠣᠯᠤᠨ᠎ᠠ᠃
ᠵᠦᠢᠯᠡᠰ ᠦᠨ ᠢᠨ᠍ᠲ᠋ᠧᠷᠨᠧᠲ ᠦᠨ ᠤᠷᠴᠢᠨ ᠳᠤ ᠬᠣᠶᠠᠷ ᠲᠥᠷᠥᠯ ᠦᠨ ᠠᠶᠤᠯ ᠡᠷᠦᠰᠳᠡᠯ ᠤᠴᠠᠷᠠᠵᠤ ᠪᠣᠯᠤᠨ᠎ᠠ᠄
ᠨᠢᠭᠡ ᠳ᠋ᠦᠭᠡᠷ ᠲᠦ᠂ ᠲᠥᠬᠥᠭᠡᠷᠦᠮᠵᠢ ᠶᠢᠨ ᠤᠯᠠᠮᠵᠢᠯᠠᠯᠲᠤ ᠬᠡᠷᠡᠭᠯᠡᠭᠡ ᠲᠡᠢ ᠰᠢᠭᠤᠳ ᠬᠣᠯᠪᠣᠭ᠎ᠠ ᠲᠠᠢ ᠡᠷᠦᠰᠳᠡᠯ᠂ ᠲᠤᠬᠠᠶ᠋ᠢᠯᠠᠪᠠᠯ᠂ ᠬᠡᠲᠦ ᠬᠠᠯᠠᠬᠤ᠂ ᠴᠠᠬᠢᠯᠭᠠᠨ ᠴᠤᠬᠢᠬᠤ᠂ ᠳᠠᠭᠤ ᠴᠢᠮᠡᠭᠡᠨ ᠦ ᠠᠶᠤᠯ ᠭᠡᠬᠦ ᠮᠡᠲᠦ᠃ ᠡᠭᠦᠨ ᠳᠡᠭᠡᠷ᠎ᠡ ᠵᠦᠢᠯᠡᠰ ᠦᠨ ᠢᠨ᠍ᠲ᠋ᠧᠷᠨᠧᠲ ᠦᠨ ᠬᠣᠯᠪᠣᠯᠲᠠ ᠣᠷᠣᠵᠤ ᠢᠷᠡᠬᠦᠶ ‍ᠡ᠋ ᠳᠡᠭᠡᠷ᠎ᠡ ᠳᠤᠷᠠᠳᠤᠭᠰᠠᠨ ᠲᠥᠷᠥᠯ ᠦᠨ ᠡᠷᠦᠰᠳᠡᠯ ᠦᠨ ᠳᠠᠪᠲᠠᠮᠵᠢ ᠨᠡᠮᠡᠭᠳᠡᠵᠦ ᠪᠣᠯᠤᠨ᠎ᠠ᠃ ᠠᠯᠤᠰ ᠠᠴᠠ ᠤᠳᠤᠷᠢᠳᠤᠨ ᠠᠵᠢᠯᠯᠠᠭᠤᠯᠬᠤ ᠵᠡᠷᠭᠡ ᠢᠨᠦ ᠳᠡᠭᠡᠷᠡᠬᠢ ᠲᠥᠷᠥᠯ ᠦᠨ ᠠᠶᠤᠯ ᠡᠷᠦᠰᠳᠡᠯ ᠢ ᠹᠢᠽᠢᠻ ᠣᠷᠣᠨ ᠵᠠᠢ ᠶᠢᠨ ᠬᠢᠵᠠᠭᠠᠷ ᠦᠭᠡᠢ ᠪᠣᠯᠭᠠᠨ᠎ᠠ ᠭᠡᠰᠡᠨ ᠦᠭᠡ᠃ ᠵᠢᠱᠢᠶᠡᠯᠡᠪᠡᠯ᠂ ᠴᠠᠬᠢᠮ ᠵᠤᠤᠬ᠎ᠠ ᠶᠢ ᠠᠯᠤᠰ ᠠᠴᠠ ᠠᠰᠠᠭᠠᠬᠤ᠂ ᠤᠨᠲᠠᠷᠠᠭᠠᠬᠤ ᠪᠣᠯᠤᠮᠵᠢ ᠲᠠᠢ ᠦᠶ᠎ᠡ ᠳᠦ᠂ ᠳᠡᠷᠭᠡᠳᠡ ᠨᠢ ᠬᠢᠨᠠᠬᠤ ᠬᠦᠮᠦᠨ ᠦᠭᠡᠢ ᠲᠣᠬᠢᠶᠠᠯᠳᠤᠯ ᠳᠤ ᠠᠯᠳᠠᠭ᠎ᠠ ᠲᠠᠢ ᠻᠣᠮᠠᠨ᠍ᠳ᠋ ᠬᠦᠯᠢᠶᠡᠨ ᠠᠪᠤᠪᠠᠯ ᠠᠶᠤᠯ ᠡᠷᠦᠰᠳᠡᠯ ᠡᠭᠦᠰᠦᠨ᠎ᠡ᠃
ᠬᠣᠶᠠᠷ ᠳ᠋ᠤᠭᠠᠷ ᠲᠤ᠂ ᠲᠥᠬᠥᠭᠡᠷᠦᠮᠵᠢ ᠪᠣᠯᠤᠨ ᠲᠡᠭᠦᠨ ᠦ ᠠᠵᠢᠯᠯᠠᠭ᠎ᠠ ᠲᠠᠢ ᠳᠠᠮ ᠬᠣᠯᠪᠣᠭ᠎ᠠ ᠲᠠᠢ -- ᠵᠦᠢᠯᠡᠰ ᠦᠨ ᠢᠨ᠍ᠲ᠋ᠧᠷᠨᠧᠲ ᠢ ᠬᠡᠷᠡᠭᠵᠢᠭᠦᠯᠦᠭᠰᠡᠨ ᠢᠢᠡᠷ ᠡᠭᠦᠰᠬᠦ ᠠᠶᠤᠯ ᠡᠷᠦᠰᠳᠡᠯ᠃ ᠡᠶ᠋ᠢᠮᠦ ᠡᠷᠦᠰᠳᠡᠯ ᠤᠴᠠᠷᠠᠭᠰᠠᠨ ᠢᠢᠠᠷ ᠦᠷ᠎ᠡ ᠨᠥᠯᠥᠭᠡ ᠢᠨᠦ ᠥᠮᠴᠢ ᠬᠥᠷᠥᠩᠭᠡ᠂ ᠮᠡᠳᠡᠭᠡᠯᠡᠯ ᠦᠨ ᠠᠯᠳᠠᠭᠳᠠᠯ ᠵᠡᠷᠭᠡ ᠨᠣᠴᠤᠲᠠᠢ ᠲᠦᠪᠰᠢᠨ ᠦ ᠬᠣᠬᠢᠷᠠᠯ ᠳᠤ ᠬᠦᠷᠭᠡᠵᠦ ᠪᠣᠯᠤᠨ᠎ᠠ᠃ ᠵᠢᠱᠢᠶ᠎ᠡ ᠨᠢ᠂ ᠠᠮᠧᠷᠢᠻᠠ ᠶᠢᠨ ᠨᠢᠭᠡᠳᠦᠭᠰᠡᠨ ᠤᠯᠤᠰ ᠤᠨ ᠵᠡᠭᠦᠨ ᠤᠮᠠᠷᠠᠳᠤ ᠬᠡᠰᠡᠭ ᠲᠦ ᠴᠠᠰᠤᠲᠠᠢ ᠡᠪᠦᠯ ᠢᠢᠡᠷ ᠠᠮᠠᠷᠠᠯᠲᠠ ᠳᠤ ᠶᠠᠪᠤᠭᠠᠳ ᠡᠵᠡᠭᠦᠢ ᠪᠠᠶ᠋ᠢᠭ᠎ᠠ ᠠᠶ᠋ᠢᠯ ᠤᠨ ᠭᠠᠷᠠᠵᠢgarage ᠶ᠋ᠢᠨ ᠤᠬᠠᠭᠠᠯᠢᠭ ᠬᠠᠭᠠᠯᠭ᠎ᠠ ᠣᠩᠭᠣᠶ᠋ᠢᠯᠭᠠᠭᠤᠷ ᠪᠤᠷᠤᠭᠤ ᠠᠵᠢᠯᠯᠠᠭᠠᠳ᠂ ᠲᠦᠭᠵᠢᠶ᠎ᠡ ᠶᠢ ᠲᠠᠶ᠋ᠢᠯᠠᠴᠢᠬᠠᠵᠤ ᠪᠣᠯᠤᠨ᠎ᠠ᠃[21]
ᠰᠠᠶᠢᠬᠠᠨ ᠻᠠᠯᠢᠹᠣᠷᠨᠢ ᠶᠢᠨCalifornia ᠷᠢᠸᠧᠷᠰᠠᠶ᠋ᠢ‍ᠳ᠋ ᠎‍ᠤᠨRiveside ᠎ ᠶᠡᠬᠡ ᠰᠤᠷᠭᠠᠭᠤᠯᠢ ᠶᠢᠨ ᠰᠤᠳᠤᠯᠤᠭᠠᠴᠢᠳ ᠰᠢᠰᠲ᠋ᠧᠮ ᠢ ᠡᠷᠦᠰᠳᠡᠯ ᠲᠡᠢ ᠲᠥᠯᠥᠪ ᠲᠦ ᠬᠦᠷᠭᠡᠵᠦ ᠪᠣᠯᠵᠣᠰᠢ ᠦᠭᠡᠢ ᠦᠢᠯᠡ ᠶᠠᠪᠤᠳᠠᠯ ᠤᠳ ᠢ ᠲᠣᠳᠣᠷᠬᠠᠶ᠋ᠢᠯᠠᠬᠤ ᠵᠠᠮ ᠢᠢᠠᠷ "ᠬᠠᠷᠢᠯᠴᠠᠭᠠᠨ ᠤ ᠲᠦᠪᠰᠢᠨ ᠦ" ᠠᠯᠳᠠᠭ᠎ᠠ ᠨᠤᠭᠤᠳ ᠢ ᠢᠯᠡᠷᠡᠭᠦᠯᠬᠦ IotSan ᠬᠡᠮᠡᠬᠦ ᠰᠢᠨ᠎ᠡ ᠰᠢᠰᠲ᠋ᠧᠮ ᠢ ᠰᠠᠨᠠᠯ ᠪᠣᠯᠭᠠᠪᠠ[22]
ᠵᠦᠢᠯᠡᠰ ᠦᠨ ᠢᠨ᠍ᠲ᠋ᠧᠷᠨᠧᠲ ᠦᠨ ᠠᠶᠤᠯ ᠦᠭᠡᠢ ᠪᠠᠶ᠋ᠢᠳᠠᠯ ᠤᠨ ᠦᠨᠡᠯᠡᠭᠡ ᠢᠨᠦ 20 ᠍ ᠳᠦᠭᠠᠷ ᠵᠠᠭᠤᠨ ᠤ ᠲᠡᠭᠦᠰᠬᠡᠯ ᠳᠦ ᠦᠢᠯᠡᠳᠪᠦᠷᠢᠯᠡᠯ ᠦᠨ ᠤᠷᠴᠢᠨ ᠳᠤ ᠪᠤᠢ ᠪᠣᠯᠤᠭᠰᠠᠨ ᠹᠦᠨ᠍ᠻᠼᠢᠶᠤᠨᠠᠯfunctional ᠠᠶᠤᠯ ᠦᠭᠡᠢ ᠪᠠᠶ᠋ᠢᠳᠠᠯ ᠲᠠᠢ ᠨᠢᠭᠲᠠ ᠤᠶᠠᠯᠳᠤᠬᠤ ᠲᠥᠯᠥᠪ ᠲᠡᠢ ᠪᠠᠶ᠋ᠢᠨ᠎ᠠ᠃ ᠣᠯᠠᠨ ᠤᠯᠤᠰ ᠤᠨ ᠪᠣᠯᠤᠨ ᠪᠥᠰᠡ ᠨᠤᠲᠤᠭ ᠤᠨ ᠰᠲ᠋ᠠᠨ᠍ᠳᠠᠷᠳ᠋ ᠲᠤ IEC61508 ᠴᠤᠪᠤᠷᠠᠯ᠂ ISO26262 ᠴᠤᠪᠤᠷᠠᠯ᠂ ISO12100᠂ ISO13849 ᠴᠤᠪᠤᠷᠠᠯ᠂ IEC60730-1 ᠴᠤᠪᠤᠷᠠᠯ᠂ UL5500᠂ CSA Z434 ᠴᠤᠪᠤᠷᠠᠯ᠂ ANSI B11 ᠴᠤᠪᠤᠷᠠᠯ ᠣᠷᠣᠨ᠎ᠠ᠃

ᠹᠦᠨ᠍ᠻᠼᠢᠶᠤᠨᠠᠯ ᠠᠶᠤᠯ ᠦᠭᠡᠢ ᠪᠠᠶ᠋ᠢᠳᠠᠯ ᠤᠨ ᠦᠨᠡᠯᠡᠭᠡ ᠲᠡᠢ ᠬᠣᠯᠪᠣᠭ᠎ᠠ ᠲᠠᠢ ᠵᠠᠩᠭᠢᠯᠠᠭ᠎ᠠ ᠠᠰᠠᠭᠤᠳᠠᠯ ᠤᠳ ᠠᠨᠤ᠄

‍ - ᠲᠥᠯᠥᠪᠯᠡᠯᠲᠡ ᠪᠠ ᠪᠣᠯᠪᠠᠰᠤᠷᠠᠭᠤᠯᠤᠯᠲᠠ

‍ - ᠠᠶᠤᠯ ᠡᠷᠦᠰᠳᠡᠯ

‍ - ᠤᠳᠤᠷᠢᠳᠤᠯᠭ᠎ᠠ ᠶᠢᠨ ᠲᠥᠯᠥᠪᠯᠡᠭᠡ

‍ - ᠠᠵᠢᠯᠯᠠᠭᠠᠨ ᠤ ᠲᠦᠪᠰᠢᠨ

‍ - ᠢᠵᠢ ᠠᠶᠤᠯ ᠦᠭᠡᠢ ᠪᠠᠶ᠋ᠢᠳᠠᠯ ᠤᠨ ᠲᠦᠪᠰᠢᠨ

‍ - ᠠᠯᠳᠠᠭ᠎ᠠ ᠭᠠᠷᠬᠤ ᠭᠣᠷᠢᠮ᠂ ᠨᠥᠯᠥᠭᠡ᠂ ᠣᠨᠣᠰᠢᠯᠠᠭ᠎ᠠ ᠰᠢᠨᠵᠢᠯᠡᠭᠡ

‍ - ᠪᠣᠯᠪᠠᠰᠤᠨ ᠬᠦᠴᠦᠨ ᠦ ᠬᠠᠷᠢᠭᠤᠴᠠᠯᠭ᠎ᠠ

‍ - ᠲᠤᠭᠤᠰᠢᠲᠠᠶ ᠪᠠᠷᠢᠮᠲᠠᠵᠢᠭᠤᠯᠤᠯᠲᠠ

ᠵᠦᠢᠯᠡᠰ ᠦᠨ ᠢᠨ᠍ᠲ᠋ᠧᠷᠨᠧᠲ ᠲᠠᠰᠤᠷᠠᠯᠲᠠ ᠦᠭᠡᠢ ᠬᠥᠭᠵᠢᠵᠦ ᠪᠠᠶ᠋ᠢᠭ᠎ᠠ ᠥᠨᠦ ‍ᠢᠢᠨ ᠨᠥᠬᠥᠴᠡᠯ ᠳᠦ ᠠᠶᠤᠯ ᠦᠭᠡᠢ ᠶᠢᠨ ᠰᠲ᠋ᠠᠨ᠍ᠳᠠᠷᠳ᠋ ᠤᠳ ᠤᠨ ᠲᠠᠯ᠎ᠠ ᠪᠠᠷ ᠣᠶ᠋ᠢᠯᠠᠭᠠᠯᠲᠠ᠂ ᠮᠡᠳᠡᠭᠡᠯᠡᠯ ᠲᠡᠢ ᠪᠠᠶ᠋ᠢᠵᠤ᠂ ᠠᠶᠤᠯ ᠦᠭᠡᠢ ᠶᠢᠨ ᠱᠠᠭᠠᠷᠳᠠᠯᠭ᠎ᠠ ᠬᠠᠩᠭᠠᠵᠤ᠂ ᠬᠡᠷᠡᠭᠯᠡᠭᠴᠢᠳ ᠦᠨ ᠬᠡᠷᠡᠭᠴᠡᠭᠡᠨ ᠳᠦ ᠨᠡᠶ᠋ᠢᠴᠡᠵᠦ ᠠᠵᠢᠯᠯᠠᠬᠤ ᠠᠨᠤ ᠴᠢᠬᠤᠯᠠ ᠶᠤᠮ᠃[21]

ᠨᠡᠷ ‍ᠡ᠋ ᠲᠣᠮᠢᠶᠠᠯᠠᠯ Засварлах

ᠵᠦᠢᠯᠡᠰ ᠦᠨ ᠢᠨ᠍ᠲ᠋ᠧᠷᠨᠧᠲ - Internet of Things - интернет вещей

ᠰᠦᠯᠵᠢᠶ᠎ᠡ - network - сеть

ᠮᠡᠳᠡᠭᠡᠯᠡᠯ ᠬᠣᠯᠪᠣᠭᠠᠨ ᠤ ᠲᠧᠻᠨᠣᠯᠣᠭᠢ - information and communcation technology - информационно-коммуникационная технология

ᠴᠠᠬᠢᠮ - electronic - электронный

ᠮᠡᠳᠡᠷᠡᠭᠴᠢ - sensor - сенсор

ᠢᠳᠡᠪᠬᠢᠵᠢᠭᠦᠯᠦᠭᠴᠢ - actuator - актюатор

ᠲᠧᠻᠨᠢᠭ ᠬᠠᠩᠭᠠᠮᠵᠢ - hardware - техническое обеспечение

ᠫᠷᠣᠭ᠌ᠷᠠᠮ ᠬᠠᠩᠭᠠᠮᠵᠢ - software - программное обеспечение

ᠬᠣᠣᠷ ᠲᠠᠢ ᠫᠷᠣᠭ᠌ᠷᠠᠮ - malware - вредоносная программа

ᠳᠠᠪᠬᠤᠷᠭ᠎ᠠ - layer - уровень

ᠥᠶᠡᠯᠢᠭ - tier - уровень

ᠥᠭᠭᠥᠭᠳᠡᠯ - data - данные

ᠥᠭᠭᠥᠭᠳᠡᠯ ᠦᠨ ᠤᠳᠤᠷᠢᠳᠤᠯᠭ᠎ᠠ - data management - управление данными

ᠡᠭᠦᠯᠡ - cloud - облако

ᠣᠶᠤᠨ - intelligence - интеллект

ᠬᠦᠷᠢᠶᠡᠯᠡᠯ ᠦᠨ ᠣᠶᠤᠨ - ambient intelligence - окружающий интеллект

ᠤᠬᠠᠭᠠᠯᠢᠭ - smart - умный

ᠢᠨ᠍ᠲ᠋ᠧᠷᠹᠧᠢᠢᠰ - interface - интерфейс

ᠵᠡᠭᠦᠰᠬᠡᠯ ᠲᠥᠬᠥᠭᠡᠷᠦᠮᠵᠢ - wearables - носимый компьютер

ᠮᠡᠳᠡᠭᠡᠯᠡᠯ ‍ᠦᠨ ᠠᠶᠤᠯ ᠦᠭᠡᠶ ᠪᠠᠢᠢᠳᠠᠯ - information security - информационная безопасность

ᠬᠠᠯᠳᠠᠯᠭ᠎ᠠ - hacking - взлом

ᠬᠠᠯᠳᠠᠭᠴᠢ - hacker - хакер

ᠡᠬᠢ ᠰᠤᠷᠪᠤᠯᠵᠢ Засварлах

  1. ᠣᠯᠠᠨ ᠤᠯᠤᠰ ‍ᠤᠨ ᠴᠠᠬᠢᠯᠭᠠᠨ ᠬᠣᠯᠪᠤᠭᠠᠨ ‍ᠤ ᠡᠪᠰᠡᠯ᠃ Overview of the Internet of things. https://www.itu.int/ITU-T/recommendations/rec.aspx?rec=y.2060 ᠬᠠᠨᠳᠤᠭᠰᠠᠨ 2021/12/11
  2. Mark Weiser. The Computer for the 21st Century. 1991. https://www.lri.fr/~mbl/Stanford/CS477/papers/Weiser-SciAm.pdf
  3. Kevin Ashton: That „Internet of Things“ Thing. In: RFID Journal. 22. 2009.
  4. F. Mattern, Ch. Flörkemeier: Vom Internet der Computer zum Internet der Dinge (PDF; 868 kB). In: Informatik-Spektrum. Vol. 33, No. 2, S. 107–121, April 2010. http://www.vs.inf.ethz.ch/publ/papers/Internet-der-Dinge.pdf
  5. CERP-IOT: Internet of Things Strategic Research Roadmap. 15. September 2009. https://web.archive.org/web/20120227190246/http://www.grifs-project.eu/data/File/CERP-IoT%20SRA_IoT_v11.pdf
  6. 6.0 6.1 Architecture of Internet of Things (IoT). https://www.geeksforgeeks.org/architecture-of-internet-of-things-iot ᠰᠡᠭᠦᠯ ᠳ᠋ᠦ ᠰᠢᠨᠡᠴᠢᠯᠡᠭᠰᠡᠨ 2020/06/25
  7. 7.0 7.1 Techtarget Network. The three tiers of a successful enterprise IoT. systemhttps://internetofthingsagenda.techtarget.com/blog/IoT-Agenda/The-three-tiers-of-a-successful-enterprise-IoT-system ᠬᠠᠨᠳᠤᠭᠰᠠᠨ 2021/12/19
  8. Bryan Che. Implementing IoT with a three-tier architecture. 2016/04/06. The Enterprisers Project.https://enterprisersproject.com/article/2016/1/implementing-iot-three-tier-architecture
  9. Mohammadi, Mehdi; Al-Fuqaha, Ala; Sorour, Sameh; Guizani, Mohsen (2018). Deep Learning for IoT Big Data and Streaming Analytics: A Survey. https://ieeexplore.ieee.org/document/8373692
  10. Ivy Wigmore. Ambient Intelligence (AmI). 2021/10 Techtarget Network https://www.techtarget.com/searchenterpriseai/definition/ambient-intelligence-AmI
  11. Recent Advances in Ambient Intelligence for IoT Applications and Services. IEEE Communications Society. https://www.comsoc.org/publications/magazines/ieee-internet-things-magazine/cfp/recent-advances-ambient-intelligence-iot ᠬᠠᠨᠳᠤᠭᠰᠠᠨ 2021/12/21
  12. 12.0 12.1 Karthe. Ten Real World Applications of Internet of Things (IoT) – Explained in Videos. 2016/08/26. Analytics Vidhya. https᠄//www.analyticsvidhya.com/blog/2016/08/10-youtube-videos-explaining-the-real-world-applications-of-internet-of-things-iot
  13. 13.0 13.1 Jyotsna. Ten Major Applications of IoT You Should Know. 2021/03/06. Jigsaw. https᠄//www.jigsawacademy.com/top-uses-of-iot
  14. 14.0 14.1 Upasana. Real World IoT Applications in Different Domains. 2020/11/25. Eurodeka. https᠄//www.edureka.co/blog/iot-applications
  15. Общие сведения о безопасности в Интернете вещей. ᠬᠠᠨᠳᠤᠭᠰᠠᠨ 2021/12/27 Azure. https://azure.microsoft.com/ru-ru/overview/internet-of-things-iot/iot-security-cybersecurity
  16. Ben Francis. Building the Web of Things. 2017/06/28. Mozilla Hacks. https://hacks.mozilla.org/2017/06/building-the-web-of-things
  17. IoT Security Market Size. 2016/07. KBV Research. https://www.kbvresearch.com/global-iot-security-market
  18. Mark Ward. Smart Devices to Get Security Tune-up. 2015/09/23. BBC News. https://www.bbc.com/news/technology-34324247
  19. Chris Clearfield. Why the FTC Can't Regulate the Internet of Things. 2013/09/18. Forbes. https://www.forbes.com/sites/chrisclearfield/2013/09/18/why-the-ftc-cant-regulate-the-internet-of-things/?sh=5c344ddc2242
  20. Omar Alfandi, Musaab Hasan, Zayed Balbahaith. Assessment and Hardening of IoT Development Boards. 2019/09/11. SpringerLink. https://link.springer.com/chapter/10.1007%2F978-3-030-30523-9_3
  21. 21.0 21.1 Ang Zhu. Hazards and Safety Requirements of Internet of Things (IoT). 2018/09/11. Intertek. https᠄//www.intertek.com/blog/2018-09-11-iot
  22. Dang Tu Nguyen. IoTSan: Fortifying the Safety of IoT Systems. 2018/10/22. Cornell University. https://arxiv.org/abs/1810.09551