ᠶᠡᠬᠡ ᠥᠭᠭᠦᠭᠳᠡᠯ

16:50, 8 Хоёрдугаар сар 2022-ий байдлаарх Uranbilig (яриа | оруулсан хувь нэмэр) хэрэглэгчийн хийсэн залруулга

ᠶᠡᠬᠡ ᠥᠭᠭᠦᠭᠳᠡᠯ ᠭᠡᠳᠡᠭ ᠢᠨᠦ ᠲᠥᠷᠥᠯ ᠵᠥᠢᠯ ᠣᠯᠠᠨ ᠲᠠᠢ᠂ ᠬᠡᠮᠵᠢᠶ ‍ᠡ᠋ ᠨᠢ ᠲᠠᠰᠣᠷᠠᠯᠲᠠ ᠥᠭᠡᠢ ᠶᠡᠬᠡᠰᠬᠥ᠂ ᠥᠨᠳᠥᠷ ᠬᠤᠷᠳᠤ ᠲᠠᠢ ᠪᠥᠥᠳᠥᠭᠡᠭᠳᠡᠬᠦ ᠥᠭᠭᠥᠭᠳᠡᠯ ᠶᠤᠮ᠃[1]
ᠶᠡᠬᠡ ᠥᠭᠭᠥᠭᠳᠡᠯ ᠨᠢ ᠬᠡᠮᠵᠢᠶ ‍ᠡ᠋ ᠪᠣᠯᠤᠨ ᠲᠥᠷᠦᠯ ᠠᠩᠭᠢ ‍ᠢᠢᠨ ᠬᠤᠪᠢ ‍ᠳᠤ ᠤᠯᠠᠮᠵᠢᠯᠠᠯᠲᠤ ᠥᠭᠭᠥᠭᠳᠡᠯ ᠊ᠥᠨ ᠰᠠᠩ ‍ᠣᠨ ᠰᠠᠭᠠᠳ ᠦᠭᠡᠢ ᠪᠣᠯᠪᠠᠰᠤᠷᠠᠭᠤᠯᠵᠤ ᠴᠢᠳᠠᠬᠤ ᠬᠢᠵᠠᠭᠠᠷ ᠡᠴᠡ ᠬᠠᠯᠢᠭᠰᠠᠨ ᠥᠭᠭᠥᠭᠳᠡᠯ ᠪᠢᠯᠡ᠃ ᠶᠡᠬᠡ ᠥᠭᠭᠦᠭᠳᠡᠯ ᠨᠢ ᠶᠠᠬᠡ ᠠᠭᠠᠭᠤᠯᠣᠮᠵᠢ᠂ ᠥᠨᠳᠦᠷ ᠬᠤᠷᠲᠤ᠂ ᠣᠯᠠᠨ ᠵᠥᠢᠯ ᠠᠩᠭᠢ ᠭᠡᠰᠡᠨ ᠣᠨᠴᠠᠯᠢᠭ ᠰᠢᠨᠴᠢ ᠨᠦᠭᠦᠳ ᠲᠠᠢ᠃[2]


ᠲᠠᠪᠤᠨ "V"


align: top
ᠶᠡᠬᠡ ᠥᠭᠭᠦᠭᠳᠡᠯ ‍ᠦᠨ ᠬᠡᠮᠵᠢᠶ ‍ᠡ᠋᠂ ᠬᠤᠷᠳᠤ᠂ ᠣᠯᠠᠨ ᠲᠥᠷᠦᠯᠲᠦ ᠪᠠᠢᠢᠳᠠᠯ ‍ᠤᠨ ᠣᠰᠦᠯᠲᠡ


ᠶᠡᠬᠡ ᠥᠭᠭᠦᠭᠳᠡᠯ ‍ᠢ ᠲᠠᠪᠤᠨ "V" ᠬᠡᠮᠡᠬᠦ ᠲᠠᠪᠤᠨ ᠰᠢᠨᠵᠢ ᠪᠠᠢᠢᠳᠠᠯ ‍ᠢᠢᠠᠷ ᠲᠣᠳᠤᠷᠬᠠᠢᠯᠠᠨ ᠳᠦᠷᠰᠦᠯᠡᠳᠡᠭ᠃


ᠬᠡᠮᠵᠢᠶ᠎ᠡ (Volume) ᠄ ᠻᠣᠮᠫᠠᠨᠢ ‍ᠢᠢᠨ ᠵᠣᠬᠢᠴᠠᠭᠤᠯᠵᠤ᠂ ᠰᠢᠨᠵᠢᠯᠡᠵᠦ᠂ ᠪᠣᠯᠪᠠᠰᠤᠷᠠᠭᠤᠯᠵᠤ ᠪᠤᠢ ᠶᠡᠬᠡ ᠥᠭᠭᠦᠭᠳᠡᠯ ‍ᠦᠨ ᠬᠡᠮᠵᠢᠶ ‍ᠡ᠋᠃

ᠦᠨ᠎ᠡ ᠴᠡᠨ᠎ᠡ (Value)᠄ ᠪᠢᠽᠢᠨ᠍ᠧᠰ ᠦᠨ ᠡᠭᠦᠳᠡᠨ ᠡᠴᠡ ᠡᠨᠡ ᠪᠣᠯ ᠬᠠᠮᠤᠭ ᠤᠨ ᠴᠢᠬᠤᠯᠠ "V" ᠪᠣᠯᠤᠨ᠎ᠠ᠃ ᠶᠡᠬᠡ ᠥᠭᠭᠥᠭᠳᠡᠯ ᠦᠨ ᠦᠨ᠎ᠡ ᠴᠡᠨ᠎ᠡ ᠨᠢ ᠶᠡᠬᠡᠪᠴᠢᠯᠡᠨ ᠦᠢᠯᠡ ᠠᠵᠢᠯᠯᠠᠭᠠᠨ ᠤ ᠦᠷ᠎ᠡ ᠪᠦᠲᠦᠭᠡᠯ ᠢ ᠰᠠᠶ᠋ᠢᠵᠢᠷᠠᠭᠤᠯᠬᠤ᠂ ᠦᠢᠯᠡᠴᠢᠯᠡᠭᠦᠯᠦᠭᠴᠢᠳ ᠲᠡᠢ ᠬᠠᠷᠢᠯᠴᠠᠭ᠎ᠠ ᠪᠠᠨ ᠪᠡᠬᠢᠵᠢᠭᠦᠯᠬᠦ ᠵᠡᠷᠭᠡ ᠪᠢᠽᠢᠨ᠍ᠧᠰ ᠲᠦ ᠪᠤᠢ ᠪᠣᠯᠬᠤ ᠲᠣᠳᠣᠷᠬᠠᠢ ᠪᠥᠭᠡᠳ ᠲᠣᠭ᠎ᠠ ᠪᠠᠷ ᠢᠯᠡᠷᠬᠡᠶ᠋ᠢᠯᠡᠬᠦᠶ᠋ᠢᠴᠡ ᠦᠷ᠎ᠡ ᠰᠢᠮ᠎ᠡ ᠶᠢ ᠠᠪᠴᠢᠷᠠᠬᠤ ᠰᠢᠨ᠎ᠡ ᠮᠡᠳᠡᠯᠭᠡ ᠣᠶ᠋ᠢᠯᠠᠭᠠᠯᠲᠠ ᠳᠦ ᠣᠷᠣᠰᠢᠨ᠎ᠠ᠃

ᠣᠯᠠᠨ ᠲᠥᠷᠦᠯᠲᠦ (Variety)᠄ ᠪᠦᠲᠦᠴᠡ ᠦᠭᠡᠢ ᠪᠣᠯᠤᠨ ᠬᠠᠭᠠᠰ ᠪᠦᠲᠦᠴᠡ ᠲᠡᠢ ᠥᠭᠭᠥᠭᠳᠡᠯ᠂ ᠲᠡᠭᠦᠬᠡᠢ ᠥᠭᠭᠥᠭᠳᠡᠯ ᠵᠡᠷᠭᠡ ᠣᠯᠠᠨ ᠶᠠᠩᠵᠤ ᠪᠠᠶ᠋ᠢᠳᠠᠯ᠂ ᠬᠦᠷᠢᠶ᠎ᠡ᠃

ᠬᠤᠷᠳᠤ (Velocity)᠄ ᠻᠣᠮᠫᠠᠨᠢ ᠨᠤᠭᠤᠳ ᠤᠨ ᠮᠡᠳᠡᠭᠡᠯᠡᠯ ᠬᠦᠯᠢᠶᠡᠨ ᠠᠪᠴᠤ᠂ ᠬᠠᠳᠠᠭᠠᠯᠠᠵᠤ᠂ ᠪᠣᠯᠪᠠᠰᠤᠷᠠᠭᠤᠯᠵᠤ ᠪᠠᠶ᠋ᠢᠭ᠎ᠠ ᠬᠤᠷᠳᠤ᠃ ᠵᠢᠱᠢᠶᠡᠯᠡᠪᠡᠯ᠂ ᠨᠢᠭᠡ ᠡᠳᠦᠷ᠂ ᠴᠠᠭ᠂ ᠬᠤᠭᠤᠴᠠᠭᠠᠨ ᠤ ᠠᠯᠢᠪᠠ ᠨᠢᠭᠡᠴᠡ ᠶᠢᠨ ᠳᠣᠲᠣᠷ᠎ᠠ ᠬᠦᠯᠢᠶᠡᠨ ᠠᠪᠤᠭᠰᠠᠨ ᠣᠯᠠᠨ ᠨᠡᠶ᠋ᠢᠲᠡ ᠶᠢᠨ ᠰᠦᠯᠵᠢᠶᠡᠨ ᠳ᠋ᠡᠬᠢ ᠨᠡᠶ᠋ᠢᠲᠡᠯᠡᠯ᠂ ᠬᠠᠶ᠋ᠢᠯᠲᠠ ᠶᠢᠨ ᠲᠣᠭ᠎ᠠ᠃

ᠦᠨᠡᠨ ᠪᠣᠳᠠᠲᠤ (Veracity)᠄ ᠥᠭᠭᠥᠭᠳᠡᠯ᠂ ᠮᠡᠳᠡᠭᠡᠯᠡᠯ ᠦᠨ "ᠦᠨᠡᠨ" ᠪᠤᠶᠤ ᠨᠢᠭᠲᠠ ᠨᠢᠮᠪᠠᠢ ᠪᠠᠶ᠋ᠢᠳᠠᠯ ᠭᠦᠢᠴᠡᠳᠭᠡᠬᠦ ᠲᠦᠪᠰᠢᠨ ᠦ ᠢᠲᠡᠭᠡᠯ ᠲᠡᠢ ᠦᠢᠯᠡ ᠠᠵᠢᠯᠯᠠᠭ᠎ᠠ ᠶᠠᠪᠤᠭᠤᠯᠬᠤ ᠳᠤ ᠨᠥᠯᠦᠭᠡᠯᠡᠳᠡᠭ᠃


ᠨᠡᠮᠡᠵᠦ ᠦᠵᠡᠵᠦ ᠪᠣᠯᠬᠤ ᠪᠠᠰᠠ ᠨᠢᠭᠡ ᠦᠵᠡᠭᠦᠯᠦᠯᠲᠡ ᠨᠢ ᠬᠤᠪᠢᠰᠤᠮᠵᠢ ᠶᠤᠮ᠄

ᠬᠤᠪᠢᠰᠤᠮᠵᠢ (Variability)᠄ ᠻᠣᠮᠫᠠᠨᠢ ᠨᠤᠭᠤᠳ ᠤᠨ ᠣᠯᠵᠤ ᠠᠪᠬᠤ᠂ ᠪᠣᠯᠪᠠᠰᠤᠷᠠᠭᠤᠯᠬᠤ᠂ ᠰᠢᠨᠵᠢᠯᠡᠬᠦ ᠶᠢ ᠡᠷᠢᠯᠬᠢᠯᠡᠳᠡᠭ ᠥᠭᠭᠥᠭᠳᠡᠯ ᠦᠨ ᠬᠤᠪᠢᠰᠮᠠᠲᠠᠭᠠᠢ ᠴᠢᠨᠠᠷ᠃ ᠵᠢᠱᠢᠶᠡᠯᠡᠪᠡᠯ᠂ ᠪᠢᠴᠢᠪᠦᠷᠢ ᠶᠢᠨ ᠰᠢᠨᠵᠢᠯᠡᠯ ᠳᠦ ᠲᠦᠯᠬᠢᠭᠦᠷ ᠦᠭᠡ ᠶᠢᠨ ᠤᠳᠬ᠎ᠠ ᠳᠤ ᠣᠷᠣᠵᠤ ᠪᠤᠢ ᠥᠭᠡᠷᠡᠴᠢᠯᠡᠯᠲᠡ᠃[3]

ᠲᠡᠢᠢᠨ ᠪᠦᠲᠦᠴᠡ (architecture)


align: top
ᠶᠡᠬᠡ ᠥᠭᠭᠦᠭᠳᠡᠯ ‍ᠦᠨ ᠲᠡᠢᠢᠨ ᠪᠦᠲᠦᠴᠡ ᠪᠤᠶᠤ ᠠᠷᠻᠢᠲ᠋ᠧᠻᠲ᠋ᠦ᠋ᠷ


ᠶᠡᠬᠡ ᠥᠭᠭᠥᠭᠳᠡᠯ ᠦᠨ ᠠᠷᠻᠢᠲ᠋ᠧᠻᠲ᠋ᠦ᠌ᠷ ᠨᠢ ᠤᠯᠠᠮᠵᠢᠯᠠᠯᠲᠤ ᠥᠭᠭᠥᠭᠳᠡᠯ ᠦᠨ ᠰᠠᠩ ᠤᠨ ᠰᠢᠰᠲ᠋ᠧᠮ ᠳᠦ ᠬᠡᠲᠦ ᠶᠡᠬᠡᠳᠡᠭᠰᠡᠨ᠂ ᠡᠰᠡᠪᠡᠯ ᠪᠣᠯᠪᠠᠰᠤᠷᠠᠭᠤᠯᠬᠤ ᠬᠦᠴᠦᠨ ᠴᠢᠳᠠᠯ ᠨᠢ ᠦᠯᠦ ᠬᠦᠷᠬᠦ ᠥᠭᠭᠥᠭᠳᠡᠯ ᠢ ᠬᠦᠯᠢᠶᠡᠨ ᠠᠪᠬᠤ᠂ ᠪᠣᠯᠪᠠᠰᠤᠷᠠᠭᠤᠯᠬᠤ᠂ ᠰᠢᠨᠵᠢᠯᠡᠬᠦ ᠳᠦ ᠵᠣᠷᠢᠭᠤᠯᠤᠭᠳᠠᠭᠰᠠᠨ᠃

ᠶᠡᠬᠡ ᠥᠭᠭᠥᠭᠳᠡᠯ ᠦᠨ ᠰᠢᠢᠳᠦᠯ ᠦᠳ ᠨᠢ ᠶᠡᠬᠡᠪᠴᠢᠯᠡᠨ ᠳᠠᠷᠠᠭᠠᠬᠢ ᠨᠢᠭᠡ ᠪᠤᠶᠤ ᠬᠡᠳᠦ ᠬᠡᠳᠦᠨ ᠦᠢᠯᠡ ᠠᠵᠢᠯᠯᠠᠭ᠎ᠠ ᠶᠢ ᠠᠭᠤᠯᠳᠠᠭ᠃

  • ᠲᠠᠶ᠋ᠢᠪᠤᠩ ᠲᠥᠯᠥᠪ ᠳ᠋ᠡᠬᠢ ᠶᠡᠬᠡ ᠥᠭᠭᠥᠭᠳᠡᠯ ᠦᠨ ᠡᠬᠢ ᠡᠭᠦᠰᠪᠦᠷᠢ ᠳᠦ ᠪᠠᠭᠴᠠ ᠪᠣᠯᠪᠠᠰᠤᠷᠠᠭᠤᠯᠤᠯᠲᠠ ᠬᠢᠬᠦ᠃
  • ᠬᠥᠳᠡᠯᠭᠡᠭᠡᠨ ᠳ᠋ᠡᠬᠢ ᠶᠡᠬᠡ ᠥᠭᠭᠥᠭᠳᠡᠯ ᠳᠦ ᠪᠣᠳᠠᠲᠤ ᠴᠠᠭ ᠲᠤ ᠪᠣᠯᠪᠠᠰᠤᠷᠠᠭᠤᠯᠤᠯᠲᠠ ᠬᠢᠬᠦ᠃
  • ᠶᠡᠬᠡ ᠥᠭᠭᠥᠭᠳᠡᠯ ᠦᠨ ᠢᠨ᠍ᠲ᠋ᠧᠷᠠᠻᠲᠢᠹinteractive ᠰᠤᠳᠤᠯᠭ᠎ᠠ᠃
  • ᠤᠷᠢᠳᠴᠢᠯᠠᠨ ᠲᠠᠭᠠᠮᠠᠭᠯᠠᠬᠤ ᠠᠨᠠᠯᠢᠲ᠋ᠢᠭ ᠰᠢᠨᠵᠢᠯᠡᠯ ᠪᠣᠯᠤᠨ ᠮᠠᠱᠢᠨ ᠰᠤᠷᠤᠯᠴᠠᠬᠤᠢ᠃ᠶᠡᠬᠡ ᠥᠭᠭᠥᠭᠳᠡᠯ ᠦᠨ ᠶᠡᠬᠡᠩᠬᠢ ᠠᠷᠻᠢᠲ᠋ᠧᠻᠲ᠋ᠦ᠋ᠷ ᠨᠢ ᠳᠠᠷᠠᠭᠠᠬᠢ ᠪᠦᠷᠢᠯᠳᠦᠬᠦᠨ ᠬᠡᠰᠡᠭ ᠦᠳ ᠦᠨ ᠵᠠᠷᠢᠮ ᠢ ᠡᠰᠡᠪᠡᠯ ᠪᠦᠭᠦᠳᠡ ᠶᠢ ᠨᠢ ᠠᠭᠤᠯᠳᠠᠭ᠄

ᠥᠭᠭᠥᠭᠳᠡᠯ ᠦᠨ ᠡᠬᠢ ᠰᠤᠷᠪᠤᠯᠵᠢ (Data sources)᠄ ᠶᠡᠬᠡ ᠥᠭᠭᠥᠭᠳᠡᠯ ᠦᠨ ᠠᠯᠢᠪᠠ ᠰᠢᠢᠳᠦᠯ ᠥᠭᠭᠥᠭᠳᠡᠯ ᠦᠨ ᠨᠢᠭᠡ ᠪᠤᠶᠤ ᠬᠡᠳᠦ ᠬᠡᠳᠦᠨ ᠡᠬᠢ ᠰᠤᠷᠪᠤᠯᠵᠢ ᠠᠴᠠ ᠡᠬᠢᠯᠡᠳᠡᠭ᠃ ᠲᠡᠳᠡᠭᠡᠷ ᠦᠨ ᠵᠢᠱᠢᠶ᠎ᠡ ᠨᠢ᠄

ᠬᠡᠷᠡᠭᠯᠡᠭᠡᠨ ᠦ ᠮᠡᠳᠡᠭᠡᠯᠡᠯ ᠦᠨ ᠰᠠᠩ᠂ ᠲᠤᠬᠠᠶ᠋ᠢᠯᠠᠪᠠᠯ ᠬᠠᠷᠢᠯᠴᠠᠭᠠᠨ ᠤ ᠮᠡᠳᠡᠭᠡᠯᠡᠯ ᠦᠨ ᠰᠠᠩ᠃

ᠸᠧᠪweb ᠰᠧᠷᠸᠧᠷ ᠳ᠋ᠡᠬᠢ ᠪᠦᠷᠢᠳᠬᠡᠯ ᠦᠨ ᠹᠠᠶ᠋ᠢᠯ ᠤᠳ ᠭᠡᠬᠦᠴᠢᠯᠡᠨ ᠫᠷᠣᠭ᠌ᠷᠠᠮ ᠤᠨ ᠡᠭᠦᠰᠬᠡᠭᠰᠡᠨ ᠰᠲ᠋ᠠᠲ᠋ᠢᠭstatic ᠹᠠᠶ᠋ᠢᠯ ᠤᠳ᠃
ᠵᠦᠢᠯᠡᠰ ᠦᠨ ᠢᠨ᠍ᠲ᠋ᠧᠷᠨᠧᠲ ᠦᠨ ᠲᠥᠬᠥᠭᠡᠷᠦᠮᠵᠢ ᠭᠡᠬᠦ ᠮᠡᠲᠦ ᠪᠣᠳᠠᠲᠤ ᠴᠠᠭ ᠤᠨ ᠮᠡᠳᠡᠭᠡᠯᠡᠯ ᠦᠨ ᠡᠬᠢ ᠰᠤᠷᠪᠤᠯᠵᠢ᠃

ᠥᠭᠭᠥᠭᠳᠡᠯ ᠬᠠᠳᠠᠭᠠᠯᠠᠮᠵᠢ (Data storage)᠄ ᠪᠠᠭᠴᠠ ᠪᠠᠷ ᠪᠣᠯᠪᠠᠰᠤᠷᠠᠭᠤᠯᠬᠤ ᠥᠭᠭᠥᠭᠳᠡᠯ ᠢ ᠣᠯᠠᠨ ᠶᠠᠩᠵᠤ ᠶᠢᠨ ᠹᠣᠷᠮᠠᠲ ᠲᠠᠢformat ᠶᠡᠬᠡ ᠬᠡᠮᠵᠢᠶᠡᠨ ᠦ ᠹᠠᠢᠢᠯ ᠤᠳ ᠢ ᠪᠠᠭᠲᠠᠭᠠᠬᠤ ᠪᠣᠯᠤᠮᠵᠢ ᠲᠠᠢ ᠬᠤᠪᠢᠶᠠᠷᠢᠯᠠᠭᠳᠠᠭᠰᠠᠨ ᠹᠠᠢᠢᠯ ᠤᠨ ᠠᠭᠤᠯᠤᠮᠵᠢ ᠳᠤ ᠬᠠᠳᠠᠭᠠᠯᠠᠳᠠᠭ᠃ ᠡᠶ᠋ᠢᠮᠦ ᠠᠭᠤᠯᠤᠮᠵᠢ ᠶᠢ ᠵᠠᠷᠢᠮ ᠳᠤ ᠪᠠᠨ ᠥᠭᠭᠥᠭᠳᠡᠯ ᠦᠨ ᠨᠠᠭᠤᠷ ᠭᠡᠵᠦ ᠨᠡᠷᠡᠯᠡᠳᠡᠭ᠃ ᠡᠶ᠋ᠢᠮᠦ ᠬᠠᠳᠠᠭᠠᠯᠠᠮᠵᠢ ᠶᠢ ᠬᠡᠷᠡᠭᠵᠢᠭᠦᠯᠬᠦ ᠰᠣᠩᠭᠣᠯᠲᠠ ᠨᠤᠭᠤᠳ ᠲᠤ Azure Data Lake Store᠂ ᠮᠥᠨ Azure Storage ᠳᠠᠬᠢ ᠠᠭᠤᠯᠤᠮᠵᠢ ᠨᠤᠭᠤᠳ ᠪᠠᠭᠳᠠᠨ᠎ᠠ᠃

ᠪᠠᠭᠴᠠ ᠥᠭᠭᠦᠭᠳᠡᠯ ᠪᠣᠯᠪᠠᠰᠤᠷᠠᠭᠤᠯᠤᠯᠲᠠ (Batch processing)᠄ ᠥᠭᠭᠥᠭᠳᠡᠯ ᠦᠨ ᠪᠠᠭᠴᠠ ᠬᠡᠮᠵᠢᠶ᠎ᠡ ᠶᠡᠬᠡ ᠲᠡᠢ ᠤᠴᠢᠷ ᠠᠴᠠ ᠥᠭᠭᠥᠭᠳᠡᠯ ᠢ ᠰᠢᠨᠵᠢᠯᠡᠭᠡᠨ ᠳᠦ ᠪᠡᠯᠡᠳᠬᠦ ᠡᠭᠦᠳᠡᠨ ᠡᠴᠡ ᠥᠭᠭᠥᠭᠳᠡᠯ ᠢ ᠰᠢᠭᠦᠬᠦ᠂ ᠨᠢᠭᠡᠳᠬᠡᠬᠦ ᠪᠣᠯᠤᠨ ᠪᠤᠰᠤᠳ ᠦᠢᠯᠡᠳᠦᠯ ᠦᠳ ᠢ ᠭᠦᠢᠴᠡᠳᠭᠡᠨ ᠪᠣᠯᠪᠠᠰᠤᠷᠠᠭᠤᠯᠬᠤ ᠱᠠᠭᠠᠷᠳᠠᠯᠭ᠎ᠠ ᠲᠠᠢ᠃ ᠦᠨᠳᠦᠰᠦᠨ ᠳᠦ ᠪᠡᠨ ᠡᠳᠡᠭᠡᠷ ᠠᠵᠢᠯ ᠤᠨ ᠬᠦᠷᠢᠶᠡᠨ ᠳᠦ ᠡᠬᠢ ᠹᠠᠢᠢᠯ ᠤᠳ ᠢ ᠤᠩᠰᠢᠬᠤ᠂ ᠪᠣᠯᠪᠠᠰᠤᠷᠠᠭᠤᠯᠬᠤ᠂ ᠪᠦᠲᠦᠭᠡᠭᠳᠡᠬᠦᠨ ᠢ ᠰᠢᠨ᠎ᠡ ᠹᠠᠶ᠋ᠢᠯ ᠳᠤ ᠪᠢᠴᠢᠬᠦ ᠦᠢᠯᠡᠳᠦᠯ ᠬᠢᠭᠳᠡᠳᠡᠭ᠃ ᠰᠢᠢᠳᠦᠯ ᠦᠳ ᠲᠤ ᠨᠢ Azure Data Lake Analytics ᠳᠡᠭᠡᠷ᠎ᠡ U-SQL jobs᠂ HDInsight Hadoop Cluster ᠲᠤ Hive᠂ Pig᠂ Map/Reduce jobs ᠠᠰᠢᠭᠯᠠᠬᠤ᠂ ᠡᠰᠡᠪᠡᠯ HDInsight Spark Cluster ᠲᠤ Java᠂ Scala᠂ ᠡᠰᠡᠪᠡᠯ Python ᠫᠷᠣᠭ᠌ᠷᠠᠮ ᠤᠳ ᠢ ᠠᠰᠢᠭᠯᠠᠬᠤ ᠵᠡᠷᠭᠡ ᠪᠠᠭᠳᠠᠨ᠎ᠠ᠃

ᠪᠣᠳᠠᠲᠤ ᠴᠠᠭ ᠲᠤ ᠮᠡᠳᠡᠭᠡᠯᠡᠯ ᠬᠦᠯᠢᠶᠡᠨ ᠠᠪᠬᠤ (Real-time message ingestion)᠄ ᠬᠡᠷᠪᠡ ᠰᠢᠢᠳᠦᠯ ᠨᠢ ᠪᠣᠳᠠᠲᠤ ᠴᠠᠭ ᠤᠨ ᠮᠡᠳᠡᠭᠡᠯᠡᠯ ᠦᠨ ᠡᠭᠦᠰᠪᠦᠷᠢ ᠨᠦᠭᠦᠳ ᠢ ᠬᠠᠮᠤᠷᠴᠤ ᠪᠠᠶ᠋ᠢᠭ᠎ᠠ ᠪᠣᠯ ᠠᠷᠻᠢᠲ᠋ᠧᠻᠲ᠋ᠦ᠋ᠷ ᠨᠢ ᠪᠣᠳᠠᠲᠤ ᠴᠠᠭ ᠲᠤ ᠮᠡᠳᠡᠭᠡᠯᠡᠯ ᠢᠯᠡᠷᠡᠭᠦᠯᠦᠨ ᠬᠦᠯᠢᠶᠡᠨ ᠠᠪᠬᠤ᠂ ᠬᠠᠳᠠᠭᠠᠯᠠᠬᠤ᠂ ᠤᠷᠤᠰᠬᠠᠯ ᠥᠭᠭᠥᠭᠳᠡᠯ ᠪᠣᠯᠪᠠᠰᠤᠷᠠᠭᠤᠯᠤᠯᠲᠠ ᠳᠤ ᠳᠠᠮᠵᠢᠭᠤᠯᠬᠤ ᠦᠢᠯᠡᠳᠦᠯ ᠢ ᠪᠠᠭᠲᠠᠭᠠᠭᠰᠠᠨ ᠪᠠᠶ᠋ᠢᠪᠠᠯ ᠵᠣᠬᠢᠨ᠎ᠠ᠃ ᠡᠨᠡ ᠨᠢ ᠢᠷᠡᠵᠦ ᠪᠤᠢ ᠮᠡᠳᠡᠭᠡᠯᠡᠯ ᠢ ᠪᠣᠯᠪᠠᠰᠤᠷᠠᠭᠤᠯᠬᠤ ᠵᠣᠷᠢᠯᠭ᠎ᠠ ᠪᠠᠷ ᠶᠠᠮᠪᠠᠷ ᠨᠢᠭᠡ ᠬᠠᠪᠲᠠᠰᠤᠨ ᠳᠤ ᠬᠠᠳᠠᠭᠠᠯᠠᠳᠠᠭ ᠵᠢᠷ ᠦᠨ ᠰᠠᠩ ᠪᠠᠶ᠋ᠢᠵᠤ ᠪᠣᠯᠤᠨ᠎ᠠ᠃ ᠭᠡᠬᠦ ᠳᠦ ᠪᠡᠨ ᠣᠯᠠᠨ ᠰᠢᠢᠳᠦᠯ ᠳᠦ ᠮᠡᠳᠡᠭᠡᠯᠡᠯ ‍ᠦᠨ ᠪᠦ᠋ᠹᠧᠷ ‍ᠦᠨbuffer ᠡᠭᠦᠷᠭᠡ ᠭᠦᠢᠴᠡᠳᠭᠡᠬᠦ᠂ ᠥᠷᠭᠡᠵᠢᠨ ᠪᠣᠯᠪᠠᠰᠤᠷᠠᠭᠤᠯᠬᠤ᠂ ᠨᠠᠶ᠋ᠢᠳᠠᠪᠤᠷᠢᠲᠠᠢ ᠬᠦᠷᠭᠡᠬᠦ᠂ ᠮᠡᠳᠡᠭᠡᠯᠡᠯ ᠦᠨ ᠳᠠᠷᠠᠭᠠᠯᠠᠯ ᠤᠨ (queue) ᠰᠧᠮᠠᠨ᠍ᠲ᠋ᠢᠭ ᠢ ᠳᠡᠮᠵᠢᠬᠦ ᠵᠣᠷᠢᠯᠭ᠎ᠠ ᠪᠠᠷ ᠮᠡᠳᠡᠭᠡᠯᠡᠯ ᠬᠦᠯᠢᠶᠡᠨ ᠠᠪᠬᠤ ᠬᠠᠳᠠᠭᠠᠯᠠᠮᠵᠢ ᠬᠡᠷᠡᠭᠲᠡᠢ᠃ ᠵᠢᠱᠢᠶᠡᠨ ᠳᠦ Azure Event Hubs᠂ Azure IoT Hubs᠂ Kafka – ᠡᠳᠡᠭᠡᠷ ᠢ ᠳᠤᠷᠠᠳᠴᠤ ᠪᠣᠯᠤᠨ᠎ᠠ᠃

ᠤᠷᠤᠰᠬᠠᠯ ᠥᠭᠭᠥᠭᠳᠡᠯ ᠪᠣᠯᠪᠠᠰᠤᠷᠠᠭᠤᠯᠤᠯᠲᠠ (Stream processing)᠄ ᠪᠣᠳᠠᠲᠤ ᠴᠠᠭ ᠲᠤ ᠮᠡᠳᠡᠭᠡᠯᠡᠯ ᠠᠪᠤᠭᠰᠠᠨ ᠤ ᠳᠠᠷᠠᠭ᠎ᠠ ᠰᠢᠭᠦᠬᠦ᠂ ᠨᠢᠭᠡᠳᠬᠡᠬᠦ ᠲᠡᠷᠢᠭᠦᠲᠡᠨ ᠦᠢᠯᠡᠳᠦᠯ ᠦᠳ ᠢᠶ᠋ᠡᠷ ᠥᠭᠭᠥᠭᠳᠡᠯ ᠢ ᠰᠢᠨᠵᠢᠯᠡᠭᠡ ᠬᠢᠬᠦ ᠳᠦ ᠪᠡᠯᠡᠳᠬᠡᠵᠦ ᠪᠣᠯᠪᠠᠰᠤᠷᠠᠭᠤᠯᠤᠨ᠎ᠠ᠃ ᠪᠣᠯᠪᠠᠰᠤᠷᠠᠭᠤᠯᠤᠭᠰᠠᠨ ᠤᠷᠤᠰᠬᠠᠯ ᠥᠭᠭᠥᠭᠳᠡᠯ ᠢ ᠭᠠᠷᠤᠯᠲᠠ ᠶᠢᠨ ᠠᠭᠤᠯᠤᠮᠵᠢ ᠳᠤ ᠪᠢᠴᠢᠨ᠎ᠡ᠃ Azure Stream Analytics ᠨᠢ ᠬᠢᠵᠠᠭᠠᠷ ᠦᠭᠡᠢ ᠤᠷᠤᠰᠬᠠᠯ ᠳᠡᠭᠡᠷ᠎ᠡ ᠠᠵᠢᠯᠯᠠᠳᠠᠭ SQL ᠰᠠᠭᠤᠷᠢ ᠲᠠᠢ ᠤᠷᠤᠰᠬᠠᠯ ᠪᠣᠯᠪᠠᠰᠤᠷᠠᠭᠤᠯᠬᠤ ᠦᠢᠯᠡᠴᠢᠯᠡᠭᠡ ᠪᠡᠷ ᠬᠠᠩᠭᠠᠳᠠᠭ᠃ ᠲᠡᠭᠦᠨᠴᠢᠯᠡᠨ HDInsight Cluster ᠲᠤ Storm᠂ Spark Streaming ᠵᠡᠷᠭᠡ ᠨᠡᠭᠡᠭᠡᠯᠲᠡ ᠲᠡᠢ ᠡᠬᠢ ᠡᠭᠦᠰᠪᠦᠷᠢ ᠶᠢᠨ Apache streaming ᠲᠧᠻᠨᠣᠯᠣᠭᠢ ᠶᠢ ᠠᠰᠢᠭᠯᠠᠵᠤ ᠪᠣᠯᠤᠨ᠎ᠠ᠃

ᠰᠢᠨᠵᠢᠯᠡᠯᠲᠦ ᠥᠭᠭᠦᠭᠳᠡᠯ ‍ᠦᠨ ᠠᠭᠤᠯᠬᠤ (Analytical data store)᠄ ᠶᠡᠬᠡ ᠥᠭᠭᠥᠭᠳᠡᠯ ᠦᠨ ᠣᠯᠠᠨ ᠰᠢᠢᠳᠦᠯ ᠳᠦ ᠥᠭᠭᠥᠭᠳᠡᠯ ᠢ ᠰᠢᠨᠵᠢᠯᠡᠬᠦ ᠳᠦ ᠪᠡᠯᠡᠳᠬᠡᠵᠦ᠂ ᠪᠣᠯᠪᠠᠰᠤᠷᠠᠭᠤᠯᠤᠭᠰᠠᠨ ᠥᠭᠭᠥᠭᠳᠡᠯ ᠢ ᠰᠢᠨᠵᠢᠯᠡᠯᠳᠦ ᠠᠷᠭ᠎ᠠ ᠬᠡᠷᠡᠭᠰᠡᠯ ᠢᠢᠡᠷ ᠰᠢᠭᠦᠨ ᠡᠷᠢᠵᠦ ᠪᠣᠯᠬᠤ ᠪᠦᠲᠦᠴᠡᠯᠡᠭᠳᠡᠭᠰᠡᠨ ᠬᠡᠯᠪᠡᠷᠢ ᠪᠡᠷ ᠣᠯᠭᠤᠳᠠᠭ᠃ ᠡᠳᠡᠭᠡᠷ ᠠᠰᠠᠭᠤᠯᠭ᠎ᠠ ᠳᠤ ᠠᠰᠢᠭᠯᠠᠳᠠᠭ ᠰᠢᠨᠵᠢᠯᠡᠯᠳᠦ ᠥᠭᠭᠥᠭᠳᠡᠯ ᠦᠨ ᠠᠭᠤᠯᠬᠤ ᠨᠢ ᠶᠡᠬᠡᠩᠬᠢ ᠤᠯᠠᠮᠵᠢᠯᠠᠯᠲᠤ ᠪᠢᠽᠢᠨ᠍ᠧᠰ ᠣᠶᠤᠨ ᠤ (business intelligence - BI) ᠰᠢᠢᠳᠦᠯ ᠦᠳ ᠲᠦ ᠪᠠᠶ᠋ᠢᠳᠠᠭᠴᠢᠯᠠᠨ ᠬᠠᠷᠢᠯᠴᠠᠭᠠᠨ ᠤ ᠥᠭᠭᠥᠭᠳᠡᠯ ᠦᠨ (relational data) ᠠᠭᠤᠯᠬᠤ ᠪᠠᠶ᠋ᠢᠵᠤ ᠪᠣᠯᠤᠨ᠎ᠠ᠃ ᠡᠰᠡᠪᠡᠯ HBase ᠭᠡᠬᠦ ᠵᠡᠷᠭᠡ ᠬᠣᠴᠣᠷᠤᠯ ᠳᠤ ᠪᠠᠭ᠎ᠠ ᠲᠠᠢ NoSQL ᠲᠧᠻᠨᠣᠯᠣᠭᠢ᠂ ᠡᠰᠡᠪᠡᠯ ᠲᠠᠷᠬᠠᠮᠠᠯ ᠥᠭᠭᠥᠭᠳᠡᠯ ᠦᠨ ᠰᠠᠩ ᠳᠠᠬᠢ ᠹᠠᠶ᠋ᠢᠯ ᠤᠳ ᠲᠤ ᠮᠧᠲ᠋ᠠmeta ᠥᠭᠭᠥᠭᠳᠡᠯ ᠦᠨ ᠬᠡᠶ᠋ᠢᠰᠪᠦᠷᠢᠯᠡᠯ ᠦᠢᠯᠡᠳᠳᠡᠭ Interactive Hive ᠮᠡᠳᠡᠭᠡᠯᠡᠯ ᠦᠨ ᠰᠠᠩ ‍ᠢᠢᠠᠷ ᠳᠠᠮᠵᠢᠭᠤᠯᠤᠨ ᠥᠭᠭᠥᠭᠳᠡᠯ ᠢ ᠲᠠᠨᠢᠯᠴᠠᠭᠤᠯᠵᠤ ᠪᠣᠯᠤᠨ᠎ᠠ᠃ Azure Synapse Analytics ᠨᠢ ᠡᠭᠦᠯᠡᠨ ᠳᠦ ᠰᠠᠭᠤᠷᠢᠯᠠᠭᠰᠠᠨ ᠶᠡᠬᠡ ᠬᠡᠮᠵᠢᠶᠡᠨ ᠦ ᠮᠡᠳᠡᠭᠡᠯᠡᠯ ᠦᠨ ᠠᠭᠤᠯᠠᠬᠤ ᠶᠢ ᠵᠣᠬᠢᠴᠠᠭᠤᠯᠬᠤ ᠦᠢᠯᠡᠴᠢᠯᠡᠭᠡ ᠪᠡᠷ ᠬᠠᠩᠭᠠᠳᠠᠭ᠃ HDInsight ᠨᠢ Interactive Hive᠂ HBase᠂ Spark SQL ᠍ ᠢ ᠳᠡᠮᠵᠢᠳᠡᠭ ᠪᠥᠭᠡᠳ ᠡᠭᠦᠨ ᠢ ᠰᠢᠨᠵᠢᠯᠡᠭᠡ ᠬᠢᠬᠦ ᠥᠭᠭᠥᠭᠳᠡᠯ ᠣᠯᠭᠤᠬᠤ ᠳᠤ ᠠᠰᠢᠭᠯᠠᠬᠤ ᠪᠣᠯᠤᠮᠵᠢ ᠲᠠᠢ᠃

ᠰᠢᠨᠵᠢᠯᠡᠭᠡ ᠪᠠ ᠲᠠᠶ᠋ᠢᠯᠤᠨ (Analysis and reporting)᠄ ᠶᠡᠬᠡ ᠥᠭᠭᠥᠭᠳᠡᠯ ᠦᠨ ᠶᠡᠬᠡᠩᠬᠢ ᠰᠢᠢᠳᠦᠯ ᠨᠢ ᠳᠦᠩ ᠰᠢᠨᠵᠢᠯᠡᠭᠡ ᠬᠢᠬᠦ᠂ ᠲᠠᠶ᠋ᠢᠯᠤᠩᠨᠠᠬᠤ ᠵᠠᠮ ᠢᠶᠠᠷ ᠮᠡᠳᠡᠭᠡᠯᠡᠯ ᠦᠨ ᠲᠠᠯ᠎ᠠ ᠪᠠᠷ ᠣᠶᠢᠯᠠᠭᠠᠯᠲᠠ ᠥᠭᠬᠦ ᠵᠣᠷᠢᠯᠭ᠎ᠠ ᠲᠠᠢ ᠪᠠᠶ᠋ᠢᠳᠠᠭ᠃ ᠬᠡᠷᠡᠭᠯᠡᠭᠴᠢᠳ ᠲᠦ ᠥᠭᠭᠥᠭᠳᠡᠯ ᠳᠦ ᠳᠦᠩ ᠰᠢᠨᠵᠢᠯᠡᠭᠡ ᠬᠢᠬᠦ ᠪᠣᠯᠤᠮᠵᠢ ᠣᠯᠭᠤᠬᠤ ᠶᠢᠨ ᠲᠤᠯᠠᠳᠠ ᠠᠷᠻᠢᠲ᠋ᠧᠻᠲ᠋ᠦ᠋ᠷ ᠨᠢ Azure Analysis Services ᠳ᠋ᠡᠬᠢ ᠣᠯᠠᠨ ᠬᠡᠮᠵᠢᠶᠡᠰᠦ ᠳᠦ OLAP ᠱᠣᠣ ᠪᠤᠶᠤ ᠬᠦᠰᠦᠨᠦᠭᠲᠡᠨ ᠥᠭᠭᠥᠭᠳᠡᠯ ᠦᠨ ᠵᠠᠭᠪᠤᠷ ᠭᠡᠬᠦ ᠮᠡᠲᠦ ᠥᠭᠭᠥᠭᠳᠡᠯ ᠦᠨ ᠵᠠᠭᠪᠤᠷᠴᠢᠯᠠᠯ ᠤᠨ ᠳᠠᠪᠬᠤᠷᠭ᠎ᠠ ᠶᠢ ᠠᠭᠤᠯᠵᠤ ᠪᠣᠯᠤᠨ᠎ᠠ᠃ ᠡᠨᠡ ᠨᠢ ᠮᠥᠨ Microsoft Power BI᠂ ᠡᠰᠡᠪᠡᠯ Microsoft Excel ᠳ᠋ᠡᠬᠢ ᠵᠠᠭᠪᠤᠷᠴᠢᠯᠠᠯ᠂ ᠳᠦᠷᠰᠦᠵᠢᠭᠦᠯᠦᠯ ᠦᠨ ᠲᠧᠻᠨᠣᠯᠣᠭᠢ ᠶᠢ ᠠᠰᠢᠭᠯᠠᠨ ᠥᠪᠡᠷᠲᠡᠭᠡᠨ ᠦᠢᠯᠡᠴᠢᠯᠡᠬᠦ BI ᠍ ᠢ ᠳᠡᠮᠵᠢᠵᠦ ᠪᠣᠯᠤᠨ᠎ᠠ᠃ ᠰᠢᠨᠵᠢᠯᠡᠭᠡ᠂ ᠲᠠᠶ᠋ᠢᠯᠤᠩᠨᠠᠯ ᠨᠢ ᠥᠭᠭᠥᠭᠳᠡᠯ ᠰᠤᠳᠤᠯᠤᠭᠠᠴᠢ᠂ ᠰᠢᠨᠵᠢᠭᠡᠴᠢᠳ ᠦᠨ ᠥᠭᠭᠥᠭᠳᠡᠯ ᠦᠨ ᠬᠠᠷᠢᠯᠴᠠᠨ ᠢᠳᠡᠪᠬᠢᠲᠡᠢ ᠡᠷᠢᠯ ᠦᠨ ᠬᠡᠯᠪᠡᠷᠢ ᠪᠡᠷ ᠶᠠᠪᠤᠭᠳᠠᠵᠤ ᠪᠣᠯᠤᠨ᠎ᠠ᠃ ᠡᠳᠡᠭᠡᠷ ᠲᠣᠬᠢᠶᠠᠯᠳᠤᠯ ᠳᠤ ᠵᠠᠷᠢᠮ Azure ᠦᠢᠯᠡᠴᠢᠯᠡᠭᠡ ᠨᠢ Jupyter ᠵᠡᠷᠭᠡ ᠰᠢᠨᠵᠢᠯᠡᠯ ᠦᠨ ᠬᠡᠷᠡᠭᠰᠡᠯ ᠢ ᠳᠡᠮᠵᠢᠳᠡᠭ ᠪᠥᠭᠡᠳ ᠡᠨᠡ ᠨᠢ ᠡᠳᠡᠭᠡᠷ ᠬᠡᠷᠡᠭᠯᠡᠭᠴᠢᠳ ᠲᠦ Python᠂ R ‍ᠢᠢᠠᠷ ᠴᠢᠳᠠᠪᠤᠷᠢ ᠪᠠᠨ ᠢᠳᠡᠪᠬᠢᠵᠢᠭᠦᠯᠬᠦ ᠪᠣᠯᠤᠮᠵᠢ ᠶᠢ ᠪᠦᠷᠢᠳᠦᠭᠦᠯᠳᠡᠭ᠃ ᠶᠡᠬᠡ ᠬᠡᠮᠵᠢᠶᠡᠨ ᠦ ᠥᠭᠭᠥᠭᠳᠡᠯ ᠬᠠᠶ᠋ᠢᠬᠤ ᠲᠤᠬᠠᠢ ᠳᠤ Microsoft R Server ᠠᠰᠢᠭᠯᠠᠵᠤ ᠪᠣᠯᠤᠨ᠎ᠠ᠃


ᠨᠠᠶ᠋ᠢᠷᠠᠯᠳᠠᠭᠤᠯᠬᠤ (Orchestration)᠄ ᠶᠡᠬᠡ ᠥᠭᠭᠥᠭᠳᠡᠯ ᠦᠨ ᠶᠡᠬᠡᠩᠬᠢ ᠰᠢᠢᠳᠦᠯ ᠨᠢ ᠡᠬᠢ ᠥᠭᠭᠥᠭᠳᠡᠯ ᠢ ᠬᠤᠪᠢᠷᠠᠭᠠᠬᠤ᠂ ᠣᠯᠠᠨ ᠡᠬᠢ ᠰᠤᠷᠪᠤᠯᠵᠢ ᠪᠣᠯᠤᠨ ᠠᠭᠤᠯᠬᠤ ᠬᠣᠭᠣᠷᠣᠨᠳᠣ ᠰᠢᠯᠵᠢᠭᠦᠯᠬᠦ᠂ ᠪᠣᠯᠪᠠᠰᠤᠷᠠᠭᠤᠯᠤᠭᠰᠠᠨ ᠥᠭᠭᠥᠭᠳᠡᠯ ᠢ ᠰᠢᠨᠵᠢᠯᠡᠯᠳᠦ ᠥᠭᠭᠥᠭᠳᠡᠯ ‍ᠦᠨ ᠠᠭᠤᠯᠬᠤ ᠤᠷᠤᠭᠤ ᠠᠴᠢᠶᠠᠯᠠᠬᠤ᠂ ᠦᠷ᠎ᠡ ᠳᠦᠩ ᠢ ᠲᠠᠶ᠋ᠢᠯᠤᠨ ᠪᠤᠶᠤ ᠡᠰᠡᠪᠡᠯ ᠬᠢᠨᠠᠯᠲᠠ ᠶᠢᠨ ᠰᠠᠮᠪᠠᠷ᠎ᠠ ᠳᠤ ᠢᠯᠡᠭᠡᠬᠦ ᠦᠢᠯᠡᠳᠦᠯ ᠦᠳ ᠢ ᠬᠠᠮᠤᠷᠤᠭᠰᠠᠨ ᠥᠭᠭᠥᠭᠳᠡᠯ ᠪᠣᠯᠪᠠᠰᠤᠷᠠᠭᠤᠯᠬᠤ ᠣᠯᠠᠨ ᠳᠠᠪᠲᠠᠭᠳᠠᠬᠤ ᠦᠢᠯᠡ ᠠᠵᠢᠯᠯᠠᠭ᠎ᠠ ᠶᠢ ᠠᠭᠤᠯᠳᠠᠭ᠃ ᠡᠳᠡᠭᠡᠷ ᠠᠵᠢᠯ ᠢ ᠠᠦ᠋ᠲ᠋ᠣᠮᠠᠲ᠋ᠵᠢᠭᠤᠯᠬᠤ ᠶᠢᠨautomise ᠲᠤᠯᠠᠳᠠ Azure Data Factory᠂ Apache Oozie᠂ Sqoop ᠵᠡᠷᠭᠡ ᠲᠧᠻᠨᠣᠯᠣᠭᠢ ᠶᠢ ᠠᠰᠢᠭᠯᠠᠵᠤ ᠪᠣᠯᠤᠨ᠎ᠠ᠃[4]

ᠨᠡᠷ ‍ᠡ᠋ ᠲᠣᠮᠢᠶᠠᠯᠠᠯ

ᠰᠢᠭᠦᠨ ᠡᠷᠢᠬᠦ᠂ ᠰᠢᠭᠦᠨ ᠬᠠᠢᠢᠬᠤ – to query - делать запрос
ᠠᠰᠠᠭᠤᠯᠭ ‍ᠠ᠋ - query - запрос
ᠤᠷᠤᠰᠬᠠᠯ - stream - поток
ᠳᠠᠷᠠᠭᠠᠯᠠᠯ – queue - очередь
ᠬᠠᠷᠢᠯᠴᠠᠨ ᠢᠳᠡᠪᠬᠢᠲᠠᠢ – interactive - интерактивность
ᠳᠦᠷᠰᠦᠵᠢᠭᠦᠯᠦᠯ - visualization - визуализация


ᠡᠬᠢ ᠰᠤᠷᠪᠤᠯᠵᠢ

  1. What is Big Data? at Oracle Cloud Infrastructure. ᠬᠠᠨᠳᠤᠭᠰᠠᠨ 2022/01/30 https://www.oracle.com/big-data/what-is-big-data/
  2. Big data analytics. IBM. ᠬᠠᠨᠳᠤᠭᠰᠠᠨ 2022/01/30 https://www.ibm.com/analytics/big-data-analytics
  3. What are the 5 V's of Big Data? ᠬᠠᠨᠳᠤᠭᠰᠠᠨ 2022/02/04 Teradata. https://www.teradata.com/Glossary/What-are-the-V-s
  4. Big data architecture style. ᠬᠠᠨᠳᠤᠭᠰᠠᠨ 2022/02/08. Microsoft https://docs.microsoft.com/en-us/azure/architecture/guide/architecture-styles/big-data