ᠮᠣᠩᠭᠣᠯ ᠤᠯᠤᠰ

01:34, 10 Хоёрдугаар сар 2022-ий байдлаарх 122.201.22.233 (яриа) хэрэглэгчийн хийсэн залруулга



ᠮᠣᠩᠭᠣᠯ ᠤᠯᠤᠰ ᠠᠽᠢᠢ᠎ᠠ ᠲᠢᠪ ᠦᠨ ᠲᠥᠪ ᠬᠡᠰᠡᠭ ᠲᠦ ᠣᠷᠣᠰᠢᠳᠠᠭ ᠫᠠᠷᠯᠠᠮᠧᠨᠲ ᠤᠨ ᠠᠷᠠᠳᠴᠢᠯᠠᠭᠰᠠᠨ ᠲᠣᠭᠲᠠᠯᠴᠠᠭ᠎ᠠ ᠲᠠᠢ ᠤᠯᠤᠰ ᠪᠢᠯᠡ᠃ ᠭᠠᠵᠠᠷ ᠨᠤᠲᠤᠭ ᠤᠨ ᠬᠡᠮᠵᠢᠶ᠎ᠡ ᠪᠡᠷ ᠠᠽᠢᠶ᠎ᠠ ᠶᠢᠨ ᠵᠢᠷᠭᠤᠭ᠎ᠠ᠂ ᠳᠡᠯᠡᠬᠡᠢ ᠶᠢᠨ 18 ᠍ ᠳᠦ ᠣᠷᠣᠳᠠᠭ᠂ ᠬᠠᠷᠢᠨ ᠳᠠᠯᠠᠢ ᠳᠤ ᠭᠠᠷᠤᠴᠠ ᠦᠭᠡᠢ ᠬᠣᠶᠠᠷ ᠳᠠᠬᠢ ᠲᠣᠮᠣ ᠤᠯᠤᠰ ᠶᠤᠮ᠃ ᠨᠢᠭᠡ ᠬᠦᠮᠦᠨ ᠳᠦ ᠨᠣᠭᠳᠠᠳᠠᠭ ᠨᠤᠲᠤᠭ ᠳᠡᠪᠢᠰᠬᠡᠷ ᠦᠨ ᠬᠡᠮᠵᠢᠶ᠎ᠡ ᠪᠡᠷ ᠳᠡᠯᠡᠬᠡᠢ ᠳᠦ ᠲᠡᠷᠢᠭᠦᠯᠡᠳᠡᠭ᠃ ᠨᠡᠢᠢᠰᠯᠡᠯ ᠨᠢ ᠤᠯᠠᠭᠠᠨᠪᠠᠭᠠᠲᠤᠷ ᠬᠣᠲᠠ ᠶᠢᠨ 6 ᠳᠡᠭᠦᠷᠭᠡ᠂ ᠮᠥᠨ ᠠᠯᠤᠰᠯᠠᠭᠳᠠᠭᠰᠠᠨ ᠳᠡᠭᠦᠷᠭᠡ ᠪᠣᠯᠬᠤ ᠪᠠᠭᠠᠨᠠᠭᠤᠷ᠂ ᠨᠠᠯᠠᠢᠢᠬᠤ ᠳᠡᠭᠦᠷᠭᠡ᠂ ᠪᠠᠭᠠᠬᠠᠩᠭᠠᠢ ᠳᠡᠭᠦᠷᠭᠡ ᠶᠢ ᠪᠠᠭᠲᠠᠭᠠᠳᠠᠭ ᠲᠤᠯᠠ ᠨᠡᠢᠢᠲᠡ 9 ᠳᠡᠭᠦᠷᠭᠡ ᠲᠡᠢ᠃ ᠤᠯᠠᠭᠠᠨᠪᠠᠭᠠᠲᠤᠷ ᠬᠣᠲᠠ ᠳᠡᠯᠡᠬᠡᠢ ᠶᠢᠨ ᠬᠠᠮᠤᠭ ᠤᠨ ᠬᠦᠢᠲᠡᠨ ᠨᠡᠢᠢᠰᠯᠡᠯ᠃ ᠵᠢᠯ ᠦᠨ ᠳᠤᠮᠳᠠᠴᠢ ᠬᠡᠮ ᠨᠢ ᠼᠧᠯᠰ ᠦᠨ - 1.3 ᠬᠡᠮ᠃ ꡏꡡꡃ ꡂꡡꡙ

ᠬᠦᠮᠦᠨ ᠠᠮᠠ

ᠬᠦᠮᠦᠨ ᠠᠮᠠ 2016 ᠣᠨ ᠳᠤ 3 ᠰᠠᠶ᠎ᠠ ᠬᠦᠷᠦᠭᠰᠡᠨ᠃ ᠬᠦᠮᠦᠨ ᠠᠮᠠ ᠶᠢᠨ ᠥᠰᠦᠯᠲᠡ ᠶᠢᠨ ᠲᠦᠪᠰᠢᠨ ᠵᠢᠯ ᠦᠨ 2.8% - ᠲᠠᠢ ᠪᠠᠢᠢᠨ᠎ᠠ᠃ ᠮᠣᠩᠭᠣᠯ ᠤᠨ ᠬᠦᠮᠦᠨ ᠠᠮᠠ ᠶᠢᠨ ᠭᠤᠷᠪᠠᠨ ᠤ ᠬᠣᠶᠠᠷ ᠨᠢ 30 – ᠡᠴᠡ ᠳᠣᠷᠣᠭᠰᠢ ᠨᠠᠰᠤᠲᠠᠢ ᠪᠠᠢᠢᠳᠠᠭ᠃ ᠬᠦᠮᠦᠨ ᠠᠮᠠ ᠶᠢᠨ ᠲᠣᠭ᠎ᠠ ᠪᠠᠷ ᠳᠡᠯᠡᠬᠡᠢ ᠳᠦ 138 ᠍ ᠳᠦ ᠣᠷᠣᠳᠠᠭ᠃ ᠬᠦᠮᠦᠨ ᠠᠮᠠ ᠶᠢᠨ ᠳᠡᠢᠢᠯᠦᠩᠬᠢ ᠬᠡᠰᠡᠭ ᠨᠢ ᠲᠥᠪ ᠰᠠᠭᠤᠷᠢᠨ ᠭᠠᠵᠠᠷ ᠲᠤ ᠲᠥᠪᠯᠡᠷᠡᠵᠦ ᠪᠠᠢᠢᠨ᠎ᠠ᠃ ᠬᠣᠲᠠ ᠶᠢᠨ ᠬᠦᠮᠦᠨ ᠠᠮᠠ ᠨᠢᠭᠡ ᠰᠠᠶ᠎ᠠ ᠳᠠᠪᠠᠭᠰᠠᠨ ᠪᠥᠭᠡᠳ ᠤᠯᠠᠭᠠᠨᠪᠠᠭᠠᠲᠤᠷ ᠬᠣᠲᠠ ᠳᠤ ᠨᠡᠢᠢᠲᠡ ᠬᠦᠮᠦᠨ ᠠᠮᠠ ᠶᠢᠨ ᠭᠤᠷᠪᠠᠨ ᠤ ᠨᠢᠭᠡ ᠪᠤᠶᠤ 1 ᠰᠠᠶ᠎ᠠ ᠭᠠᠷᠤᠢ ᠣᠷᠣᠰᠢᠨ ᠰᠠᠭᠤᠭᠴᠢᠳ ᠲᠠᠢ ᠪᠣᠯᠵᠤ ᠥᠷᠭᠡᠵᠢᠨ ᠲᠡᠯᠡᠭᠰᠡᠭᠡᠷ ᠪᠠᠢᠢᠨ᠎ᠠ᠃ ᠬᠡᠳᠦᠢ ᠲᠡᠢᠢᠮᠦ ᠪᠣᠯᠪᠠᠴᠤ᠂ ᠬᠣᠲᠠ ᠶᠢᠨ ᠬᠦᠮᠦᠨ ᠠᠮᠠ ᠶᠢᠨ ᠨᠡᠯᠢᠶᠡᠳ ᠶᠡᠬᠡ ᠬᠡᠰᠡᠭ ᠨᠢ ᠬᠣᠲᠠ ᠶᠢᠨ ᠵᠠᠬ᠎ᠠ ᠳᠤ ᠭᠡᠷ ᠬᠣᠷᠢᠶᠠᠯᠠᠯ ᠳᠤ ᠠᠮᠢᠳᠤᠷᠠᠵᠤ ᠪᠠᠢᠢᠨ᠎ᠠ᠃ ᠮᠣᠩᠭᠣᠯ ᠤᠨ ᠬᠦᠮᠦᠨ ᠠᠮᠠ ᠶᠢᠨ ᠳᠤᠮᠳᠠᠴᠢ ᠨᠢᠭᠲᠠᠷᠠᠯ ᠨᠢᠭᠡ ᠺᠸᠠᠳ᠋ᠷᠠᠲ ᠺᠢᠯᠤᠮᠸᠲ᠋ᠷ ᠲᠠᠯᠠᠪᠠᠢ ᠳᠤ 1.6 ᠬᠦᠮᠦᠨ᠂ ᠭᠣᠪᠢ ᠶᠢᠨ ᠬᠦᠮᠦᠨ ᠠᠮᠠ ᠶᠢᠨ ᠨᠢᠭᠲᠠᠷᠠᠯ ᠶᠡᠷᠦᠳᠡᠭᠡᠨ 0.3 ᠬᠦᠮᠦᠨ / ᠱᠤ᠋ ᠳᠦᠷᠪᠡᠯᠵᠢᠨ ᠺᠢᠯᠤᠮᠸᠲ᠋ᠷ ᠪᠠᠢᠢᠳᠠᠭ᠃ ᠮᠣᠩᠭᠣᠯ ᠤᠨ ᠬᠦᠮᠦᠨ ᠠᠮᠠ ᠶᠢᠨ 75% ᠨᠢ ᠬᠠᠯᠬ᠎ᠠ ᠮᠣᠩᠭᠣᠯ ᠬᠡᠯᠡ ᠪᠡᠷ ᠶᠠᠷᠢᠳᠠᠭ᠂ 15% ᠨᠢ ᠪᠤᠰᠤᠳ ᠮᠣᠩᠭᠣᠯ ᠬᠡᠯᠡ ᠪᠡᠷ ᠶᠠᠷᠢᠳᠠᠭ ᠪᠠ ᠡᠨᠳᠡ ᠲᠦᠷᠦᠭ ᠭᠠᠷᠤᠯ ᠤᠨ ᠬᠠᠰᠠᠭ᠂ ᠲᠤᠸᠠ᠂ ᠤᠷᠢᠶᠠᠩᠬᠠᠢ᠂ ᠬᠣᠲᠤᠩ ᠬᠡᠯᠡ ᠣᠷᠣᠳᠠᠭ ᠪᠥᠭᠡᠳ ᠠᠯᠪᠠᠨ ᠶᠣᠰᠣᠨ ᠤ ᠬᠡᠯᠡ ᠨᠢ ᠬᠠᠯᠬ᠎ᠠ ᠮᠣᠩᠭᠣᠯ ᠠᠶᠠᠯᠭᠤ ᠪᠤᠯᠤᠨ᠎ᠠ᠃

ᠤᠭᠰᠠᠭᠠᠲᠠᠨ ᠊ᠤ ᠪᠦᠲᠦᠴᠡ

ᠬᠦᠮᠦᠨ ᠠᠮᠠ ᠶᠢᠨ 85% ᠨᠢ ᠮᠣᠩᠭᠣᠯ᠂ ᠲᠡᠳᠡᠭᠡᠷ ᠦᠨ ᠳᠡᠢᠢᠯᠦᠩᠬᠢ ᠨᠢ ᠬᠠᠯᠬ᠎ᠠ ᠮᠣᠩᠭᠣᠯ᠂ 7% ᠨᠢ ᠲᠦᠷᠦᠭ ᠤᠭᠰᠠᠭᠠᠨ ᠤ (ᠭᠣᠣᠯᠳᠠᠭᠤ ᠺᠠᠽᠠᠭ)᠂ 4.6% ᠲᠦᠩᠭᠦᠰ ᠬᠠᠮᠨᠢᠭᠠᠨ ᠤᠭᠰᠠᠭᠠᠳᠠᠨ᠂ 3.4% ᠨᠢ ᠪᠤᠰᠤᠳ ᠦᠨᠳᠦᠰᠦᠲᠡᠨ ᠡᠵᠡᠯᠡᠳᠡᠭ ᠪᠠᠢᠢᠨ᠎ᠠ᠃ ᠮᠣᠩᠭᠣᠯ ᠠᠴᠠ ᠪᠤᠰᠤᠳ ᠣᠷᠣᠨ ᠳᠤ 6.0 ᠰᠠᠶ᠎ᠠ ᠭᠠᠷᠤᠢ ᠮᠣᠩᠭᠣᠯᠴᠤᠳ ᠠᠮᠢᠳᠤᠷᠠᠵᠤ ᠪᠠᠢᠢᠨ᠎ᠠ᠃

ᠭᠠᠵᠠᠷ ᠵᠦᠢ

ᠮᠣᠩᠭᠣᠯ ᠤᠨ ᠭᠠᠵᠠᠷ ᠵᠦᠢ ᠶᠢᠨ ᠪᠠᠢᠢᠷᠢᠯᠠᠯ ᠨᠢ 1564100 ᠻᠢᠯᠣᠮᠧᠲ᠋ᠷ ᠬᠠᠪᠲᠠᠭᠠᠢ ᠳᠥᠷᠪᠡᠯᠵᠢᠨ ᠭᠠᠵᠠᠷ ᠨᠤᠲᠤᠭ ᠲᠠᠢ᠂ ᠠᠽᠢᠶ᠎ᠠ ᠲᠢᠪ ᠦᠨ ᠵᠢᠷᠦᠬᠡᠨ ᠳᠦ ᠪᠠᠢᠢᠷᠢᠯᠠᠵᠤ ᠪᠠᠢᠢᠨ᠎ᠠ᠃ ᠪᠠᠷᠠᠭᠤᠨ ᠠᠴᠠ ᠵᠡᠭᠦᠨ ᠲᠡᠰᠢ 2.400 ᠭᠠᠷᠤᠢ ᠺᠢᠯᠤᠮᠸᠲ᠋ᠷ᠂ ᠬᠣᠢᠢᠨ᠎ᠠ ᠠᠴᠠ ᠤᠷᠤᠭᠰᠢ 1.260 ᠭᠠᠷᠤᠢ ᠺᠢᠯᠤᠮᠸᠲ᠋ᠷ ᠤᠷᠲᠤ ᠲᠠᠢ ᠪᠠ ᠬᠣᠢᠢᠭᠤᠷ  ᠢᠢᠠᠨ ᠣᠷᠣᠰ ᠤᠨ ᠬᠣᠯᠪᠣᠭᠠᠨ ᠤ ᠤᠯᠤᠰ᠂ ᠵᠡᠭᠦᠨ ᠤᠷᠢᠳᠤ ᠪᠣᠯᠤᠨ ᠪᠠᠷᠠᠭᠤᠨ ᠲᠠᠯ᠎ᠠ ᠪᠠᠷ ᠢᠢᠠᠨ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠠᠢ ᠬᠢᠯᠢᠯᠡᠵᠤ ᠪᠠᠢᠢᠨ᠎ᠠ᠃ ᠮᠣᠩᠭᠣᠯ ᠤᠯᠤᠰ ᠤᠨ ᠨᠡᠢᠢᠲᠡ ᠬᠢᠯᠢ ᠶᠢᠨ ᠤᠷᠲᠤ ᠨᠢ 8.158 ᠻᠢᠯᠣᠮᠧᠲ᠋ᠷ ᠶᠤᠮ᠃ ᠮᠣᠩᠭᠣᠯ ᠤᠯᠤᠰ ᠨᠢ ᠳᠠᠯᠠᠢ ᠶᠢᠨ ᠲᠦᠪᠰᠢᠨ ᠡᠴᠡ ᠳᠡᠭᠡᠭᠰᠢ 1.580 ᠮᠧᠲ᠋ᠷ ᠦᠨ ᠳᠤᠮᠳᠠᠴᠢ ᠥᠨᠳᠥᠷᠯᠢᠭ ᠲᠦ ᠪᠠᠢᠢᠳᠠᠭ ᠠᠭᠤᠯᠠᠷᠬᠠᠭ ᠤᠯᠤᠰ ᠪᠥᠭᠡᠳ ᠬᠠᠮᠤᠭ ᠤᠨ ᠨᠠᠮ ᠳᠣᠣᠷ᠎ᠠ ᠭᠠᠵᠠᠷ ᠨᠢ ᠵᠡᠭᠦᠨ ᠮᠣᠩᠭᠣᠯ ᠤᠨ ᠬᠥᠬᠡ ᠨᠠᠭᠤᠷ ᠨᠢ ᠳᠠᠯᠠᠢ ᠶᠢᠨ ᠲᠦᠪᠰᠢᠨ ᠡᠴᠡ ᠳᠡᠭᠡᠭᠰᠢ 556 ᠮᠧᠲ᠋ᠷ ᠥᠨᠳᠥᠷ ᠲᠦ᠂ ᠮᠣᠩᠭᠣᠯ ᠤᠨ ᠬᠠᠮᠤᠭ ᠤᠨ ᠥᠨᠳᠥᠷ ᠴᠡᠭ ᠨᠢ ᠪᠠᠷᠠᠭᠤᠨ ᠮᠣᠩᠭᠣᠯ ᠤᠨ ᠨᠤᠲᠤᠭ ᠲᠤ ᠮᠣᠩᠭᠣᠯ ᠠᠯᠲᠠᠢ ᠶᠢᠨ ᠨᠢᠷᠤᠭᠤᠨ ᠤ ᠬᠦᠢᠲᠡᠨ ᠠᠭᠤᠯᠠ ᠢᠢᠨ ᠨᠠᠢᠢᠷᠠᠮᠳᠠᠯ ᠣᠷᠭᠢᠯ 4.374 ᠮ ᠥᠨᠳᠥᠷ ᠶᠤᠮ᠃ ᠮᠣᠩᠭᠣᠯ ᠤᠨ ᠭᠠᠵᠠᠷ ᠨᠤᠲᠤᠭ ᠢ ᠭᠧᠣᠯᠣᠭᠢ ᠶᠢᠨ ᠪᠦᠲᠦᠴᠡ ᠪᠡᠷ ᠨᠢ 4 ᠦᠨᠳᠦᠰᠦᠨ ᠬᠡᠰᠡᠭ ᠲᠦ ᠬᠤᠪᠢᠶᠠᠳᠠᠭ᠃ ᠡᠭᠦᠨ ᠳᠦ᠂ ᠠᠭᠤᠯᠠᠷᠬᠠᠭ ᠣᠢᠢᠲᠤ ᠬᠡᠭᠡᠷ᠎ᠡ ᠶᠢᠨ ᠪᠥᠰᠡ᠂ ᠠᠭᠤᠯᠠᠷᠬᠠᠭ ᠲᠠᠯ᠎ᠠ ᠶᠢᠨ ᠪᠥᠰᠡ᠂ ᠬᠠᠭᠠᠰ ᠴᠥᠯ ᠦᠨ ᠪᠥᠰᠡ᠂ ᠴᠥᠯ ᠦᠨ ᠪᠥᠰᠡ ᠭᠡᠵᠦ ᠬᠤᠪᠢᠶᠠᠨ᠎ᠠ᠃ ᠮᠣᠩᠭᠣᠯ ᠣᠷᠣᠨ ᠳᠤ ᠬᠠᠨ ᠬᠡᠨᠲᠡᠢ ᠶᠢᠨ ᠨᠢᠷᠤᠭᠤ᠂ ᠬᠠᠩᠭᠠᠢ ᠨᠢᠷᠤᠭᠤ᠂ ᠮᠣᠩᠭᠣᠯ ᠠᠯᠲᠠᠢ ᠨᠢᠷᠤᠭᠤ ᠭᠡᠰᠡᠨ ᠦᠨᠳᠦᠰᠦᠨ ᠭᠤᠷᠪᠠᠨ ᠠᠭᠤᠯᠠᠰ ᠤᠨ ᠪᠥᠰᠡ ᠨᠤᠲᠤᠭ᠂ ᠡᠮᠦᠨ᠎ᠡ ᠲᠠᠯ᠎ᠠ ᠪᠠᠷ ᠢᠢᠠᠨ ᠭᠣᠪᠢ ᠶᠢᠨ ᠪᠥᠰᠡ᠂ ᠵᠡᠭᠦᠨ ᠲᠠᠯ᠎ᠠ ᠪᠠᠷ  ᠢᠢᠠᠨ ᠲᠠᠯ᠎ᠠ ᠬᠡᠭᠡᠷ᠎ᠡ ᠶᠢᠨ ᠪᠥᠰᠡ ᠨᠤᠲᠤᠭ ᠲᠠᠢ᠃ ᠲᠤᠰ ᠤᠯᠤᠰ ᠤᠨ ᠬᠠᠮᠤᠭ ᠤᠨ ᠲᠣᠮᠣ ᠨᠠᠭᠤᠷ ᠤᠪᠰᠦ ᠨᠠᠭᠤᠷ 3.350 ᠻᠢᠯᠣᠮᠧᠲ᠋ᠷ 2 ᠲᠠᠯᠠᠪᠠᠢ ᠲᠠᠢ᠂ ᠬᠥᠪᠰᠥᠭᠥᠯ ᠨᠠᠭᠤᠷ 2.760 ᠻᠢᠯᠣᠮᠧᠲ᠋ᠷ 2 ᠲᠠᠯᠠᠪᠠᠢ ᠲᠠᠢ ᠪᠠ ᠡᠨᠡ ᠨᠠᠭᠤᠷ ᠨᠢ ᠲᠥᠪ ᠠᠽᠢᠶ᠎ᠠ ᠶᠢᠨ ᠴᠡᠪᠡᠷ ᠤᠰᠤ ᠲᠠᠢ ᠬᠠᠮᠤᠭ ᠤᠨ ᠲᠣᠮᠣ ᠨᠠᠭᠤᠷ ᠶᠤᠮ᠃ ᠮᠣᠩᠭᠣᠯ ᠤᠨ ᠲᠩᠷᠢ ᠵᠢᠯ ᠦᠨ ᠳᠤᠮᠳᠠᠴᠢ ᠪᠠᠷ 257 ᠬᠣᠨᠣᠭ ᠨᠢ ᠴᠡᠯᠮᠡᠭ ᠪᠠᠢᠢᠳᠠᠭ᠃ ᠮᠣᠩᠭᠣᠯ ᠤᠨ ᠭᠣᠪᠢ ᠳᠡᠯᠡᠬᠡᠢ ᠶᠢᠨ ᠲᠠᠪᠤᠳᠠᠬᠢ᠂ ᠠᠽᠢᠶ᠎ᠠ ᠶᠢᠨ ᠬᠠᠮᠤᠭ ᠤᠨ ᠲᠣᠮᠣ ᠴᠥᠯ ᠭᠡᠵᠦ ᠦᠵᠡᠳᠡᠭ᠃ ᠭᠠᠵᠠᠷ ᠨᠤᠲᠤᠭ ᠨᠢ ᠳᠠᠯᠠᠢ ᠶᠢᠨ ᠲᠥᠪᠰᠢᠨ ᠡᠴᠡ ᠳᠤᠮᠳᠠᠴᠢ ᠪᠠᠷ 1580 ᠮᠧᠲ᠋ᠷ ᠥᠨᠳᠥᠷ ᠡᠷᠭᠦᠭᠳᠡᠭᠰᠡᠨ᠂ ᠳᠡᠯᠡᠬᠡᠢ ᠶᠢᠨ ᠬᠠᠮᠤᠭ ᠤᠨ ᠥᠨᠳᠥᠷᠯᠢᠭ ᠣᠷᠣᠨ ᠤ ᠨᠢᠭᠡ ᠶᠤᠮ᠃ ᠮᠣᠩᠭᠣᠯ ᠤᠨ ᠴᠡᠩᠭᠡᠭ ᠤᠰᠤᠨ ᠤ 70 ᠬᠤᠪᠢ ᠵᠢ ᠡᠵᠡᠯᠡᠳᠡᠭ ᠬᠥᠪᠰᠥᠭᠥᠯ ᠨᠠᠭᠤᠷ ᠳᠡᠯᠡᠬᠡᠢ ᠶᠢᠨ ᠴᠡᠩᠭᠡᠭ ᠤᠰᠤᠨ ᠤ 0.4 ᠬᠤᠪᠢ ᠵᠢ ᠪᠦᠷᠢᠳᠦᠭᠦᠯᠳᠡᠭ᠂ ᠠᠽᠢᠶ᠎ᠠ ᠶᠢᠨ ᠬᠣᠶᠠᠳᠠᠬᠢ ᠴᠡᠩᠭᠡᠭ ᠤᠰᠤᠲᠤ ᠲᠣᠮᠣ ᠨᠠᠭᠤᠷ᠃ ᠦᠯᠭᠡ ᠭᠦᠷᠪᠡᠯ ᠦᠨ ᠴᠢᠯᠠᠭᠤᠵᠢᠭᠰᠠᠨ ᠥᠨᠳᠡᠭᠡ ᠠᠩᠬ᠎ᠠ 1920 ᠍ - ᠊ᠭᠠᠳ ᠣᠨ ᠳᠤ ᠮᠣᠩᠭᠣᠯ ᠤᠨ ᠭᠣᠪᠢ ᠠᠴᠠ ᠣᠯᠳᠠᠭᠰᠠᠨ᠃ ᠮᠣᠩᠭᠣᠯ ᠣᠷᠤᠨ ᠦ ᠭᠠᠵᠠᠷ ᠤᠨ ᠬᠡᠪᠡᠯᠢ ᠦᠶᠡᠯᠡᠬᠦ ᠰᠢᠰᠲ᠋ᠧᠮ ᠦᠨ ᠪᠦᠬᠦ ᠧᠯᠧᠮᠧᠨᠲ᠎  ᠢ ᠠᠭᠤᠯᠳᠠᠭ ᠭᠡᠵᠦ ᠦᠵᠡᠳᠡᠭ᠃

ᠪᠣᠯᠪᠠᠰᠤᠷᠠᠯ 

ᠮᠣᠩᠭᠣᠯ ᠤᠯᠤᠰ ᠢᠷᠭᠡᠳ ᠦᠨ ᠢᠢᠠᠨ IQ ᠍ ᠤᠨ ᠳᠤᠮᠳᠠᠴᠢ ᠲᠥᠪᠰᠢᠨ ᠢᠢᠠᠷ 81 ᠳᠤ᠂ ᠲᠤᠰᠠᠭᠠᠷ ᠣᠷᠣᠨ ᠠᠴᠠ 17 ᠍ ᠳᠦ ᠵᠢᠭᠰᠠᠳᠠᠭ᠃ ᠮᠣᠩᠭᠣᠯᠴᠤᠳ ᠤᠨ ᠣᠶᠤᠨ ᠤ ᠴᠢᠳᠠᠮᠵᠢ ᠶᠢᠨ ᠳᠤᠮᠳᠠᠴᠢ ᠦᠵᠡᠭᠦᠯᠦᠯᠲᠡ IQ ᠨᠢᠭᠡᠴᠡ ᠪᠡᠷ 98 ᠪᠥᠭᠡᠳ ᠡᠨᠡ ᠨᠢ ᠠᠦᠢᠰᠲ᠋ᠷᠠᠯᠢᠶ᠎ᠠ᠂ ᠳ᠋ᠠᠨᠢ᠂ ᠹᠷᠠᠨᠼᠢ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠬᠢ ᠲᠠᠢ ᠢᠵᠢᠯ᠂ ᠹᠢᠨᠯᠶᠠᠨᠳ᠋᠂ ᠣᠷᠣᠰ᠂ ᠢᠰᠷᠸᠯ᠂ ᠭᠷᠧᠭ ᠵᠡᠷᠭᠡ ᠣᠷᠣᠨ ᠤ ᠬᠢ ᠠᠴᠠ ᠢᠯᠡᠭᠦᠦ ᠶᠤᠮ᠃

ᠭᠠᠳᠠᠭᠠᠳᠤ ᠬᠠᠷᠢᠯᠴᠠᠭ᠎ᠠ

ᠭᠠᠳᠠᠭᠠᠳᠤ ᠬᠠᠷᠢᠯᠴᠠᠭ᠎ᠠ ᠨᠢ ᠥᠷᠭᠡᠵᠢᠵᠦ ᠪᠠᠢᠢᠨ᠎ᠠ᠃ ᠤᠯᠤᠰ ᠭᠦᠷᠦᠨ ᠨᠣᠭᠦᠳ ᠲᠡᠢ ᠡᠷᠬᠡ ᠲᠡᠭᠰᠢ᠂ ᠬᠠᠷᠢᠯᠴᠠᠨ ᠬᠦᠨᠳᠦᠳᠬᠡᠬᠦ ᠵᠠᠷᠴᠢᠮ ᠶ᠋ᠢᠠᠷ ᠬᠠᠷᠢᠯᠴᠠᠳᠠᠭ᠃ ᠬᠣᠶᠠᠷ ᠬᠥᠷᠰᠢ ᠭᠦᠷᠦᠨ ᠲᠡᠢ ᠪᠡᠨ ᠬᠢᠯᠢ ᠶ᠋ᠢᠨ ᠮᠠᠷᠭᠤᠭᠠᠨ ᠪᠠᠢᠢᠬᠤ ᠦᠭᠡᠢ᠂ ᠡᠩᠬᠡ ᠲᠠᠢᠢᠪᠤᠩ ᠶ᠋ᠢᠠᠷ ᠵᠡᠷᠭᠡᠴᠡᠨ ᠣᠷᠣᠰᠢᠳᠠᠭ᠃ ᠠᠮᠧᠷᠢᠻᠡ ᠢᠢᠨ ᠨᠢᠭᠡᠳᠦᠭᠰᠡᠨ ᠤᠯᠤᠰ᠂ ᠶᠠᠫᠣᠨ᠂ ᠣᠷᠣᠰ ᠦ᠋ᠨ ᠬᠣᠯᠪᠤᠭᠠᠨ ‍ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠠᠢ ᠰᠲ᠋ᠷᠠᠲ᠋ᠧᠭᠢ ᠶ᠋ᠢᠨ ᠲᠦᠩᠰᠢᠯᠡᠯ ᠦ᠋ᠨ ᠭᠡᠷ᠎ᠡ ᠲᠡᠢ᠃

ᠰᠫᠣᠷᠲ

2008 ᠣᠨ ᠤ ᠣᠯᠢᠮᠫᠢᠺ ᠤᠨ ᠨᠠᠭᠠᠳᠤᠮ ᠤᠨ ᠦᠶ᠎ᠡ ᠪᠡᠷ ᠵᠤᠨ ᠤ ᠣᠯᠢᠮᠫᠢᠺ  ᠤᠨ ᠠᠩᠬᠠᠨ ᠤ ᠠᠯᠲᠠᠨ ᠮᠧᠳᠠᠯ ᠢᠢᠠᠨ ᠬᠦᠷᠲᠡᠬᠦ ᠬᠦᠷᠲᠡᠯ᠎ᠡ ᠬᠠᠮᠤᠭ ᠤᠨ ᠣᠯᠠᠨ ᠬᠦᠷᠡᠯ᠂ ᠮᠥᠩᠭᠥᠨ ᠮᠧᠳᠠᠯ ᠲᠠᠢ ᠤᠯᠤᠰ ᠪᠠᠢᠢᠪᠠ᠃ ᠣᠯᠢᠮᠫᠢᠺ ᠠᠴᠠ ᠬᠦᠷᠲᠡᠭᠰᠡᠨ ᠮᠧᠳᠠᠯ ᠤᠨ ᠴᠢᠨᠠᠷ ᠢᠢᠠᠷ ᠢᠢᠠᠨ ᠳᠡᠯᠡᠬᠡᠢ ᠳᠦ ᠲᠡᠷᠢᠭᠦᠯᠡᠳᠡᠭ᠃

ᠲᠡᠦᠬᠡ

ᠮᠣᠩᠭᠣᠯ ᠤᠨ ᠡᠵᠡᠨᠲᠦ ᠭᠦᠷᠦᠨ ᠨᠢ ᠬᠦᠮᠦᠨ ᠲᠥᠷᠥᠯᠬᠢᠲᠡᠨ ᠦ ᠲᠡᠦᠬᠡᠨ ᠳ᠋ᠡᠬᠢ ᠬᠠᠮᠤᠭ ᠤᠨ ᠲᠣᠮᠣ ᠡᠵᠡᠨᠲᠦ ᠭᠦᠷᠦᠨ᠃ ᠮᠣᠩᠭᠣᠯᠴᠣᠳ ᠤᠨ ᠡᠪᠥᠭᠡ ᠳᠡᠭᠡᠳᠥᠰ ᠤᠨ ᠪᠠᠢᠢᠭᠣᠯᠣᠭᠰᠠᠨ ᠠᠩᠬᠠᠨ ᠤ ᠣᠯᠣᠰ ᠨᠢ ᠾᠦᠩᠨᠦ ᠬᠥᠷᠥᠨ᠃ ᠾᠦᠩᠨᠦ ᠬᠥᠷᠥᠨ ᠢ ᠮᠣᠳᠣᠨ ᠱᠠᠨ ᠢᠦᠢ ᠬᠠᠭᠠᠨ ᠥᠪᠡᠷ ᠤᠨ ᠡᠴᠢᠭᠡ ᠲᠥᠮᠡᠨ ᠰᠠᠢᠢᠨ ᠬᠠᠭᠠᠨ ᠢ ᠠᠯᠠᠵᠤ ᠲᠥᠷᠤ ᠵᠢᠨ ᠡᠷᠬᠡ ᠵᠢ ᠠᠪᠣᠭᠰᠠᠨ ᠨᠢ ᠮᠠᠨ ᠊ᠤ ᠡᠷᠢᠨ ᠤ ᠡᠮᠥᠨᠡᠬᠢ 209 ᠣᠨ ᠭᠡᠵᠤ ᠥᠵᠡᠳᠡᠭ᠃

ᠡᠬᠢ ᠰᠤᠷᠪᠤᠯᠵᠢ