Гангар хун
ᠭᠠᠩᠭᠠᠷ ᠬᠤᠨ Засварлах
ᠭᠠᠩᠭᠠᠷ ᠬᠤᠨ | |
---|---|
ᠰᠢᠩᠵᠢᠯᠡᠬᠦ ᠤᠬᠠᠭᠠᠨ ᠊ᠤ ᠠᠩᠭᠢᠯᠠᠯ | |
ᠠᠢᠢᠮᠠᠭ | ᠠᠮᠢᠲᠠᠨ |
ᠬᠦᠷᠢᠶ ᠊ᠡ᠋ | ᠬᠥᠪᠴᠢᠲᠡᠨ |
ᠠᠩᠬᠢ | ᠵᠢᠭᠦᠷᠲᠡᠨ |
ᠪᠠᠭ | ᠭᠠᠯᠠᠭᠤᠲᠠᠨ |
ᠣᠪᠤᠭ | ᠨᠤᠭᠤᠰᠤᠨ ᠊ᠤ ᠬᠢᠨ(Anatidae) |
ᠲᠥᠷᠦᠯ | ᠬᠤᠨ |
ᠵᠦᠢᠯ | C. Cygnus |
ᠯᠠᠲ᠋ᠢᠨ᠍ ᠨᠡᠷ ᠊ᠡ᠋ | |
Cygnus Cygnus
(Linnaeus, 1758) |
ᠭᠠᠩᠭᠠᠷ ᠬᠤᠨ ᠪᠤᠶᠤ Cygnus Cygnus ᠨᠢ ᠨᠡᠭᠦᠳᠡᠯ ᠊ᠦᠨ᠂ ᠤᠰᠤᠨ ᠊ᠤ ᠰᠢᠪᠠᠭᠤ᠃
ᠬᠣᠪᠣᠷᠳᠠᠵᠤ ᠪᠠᠢᠢᠭ᠍ ᠊ᠠ᠋᠋ ᠵᠦᠢᠯ᠃
ᠪᠠᠢᠷᠢᠰᠢᠬᠤ ᠨᠤᠲᠤᠭ Засварлах
ᠮᠣᠩᠭᠣᠯ ᠣᠷᠣᠨ ᠤ ᠲᠠᠢᠢᠭ᠎ᠠ᠂ ᠣᠢᠢᠲᠤ ᠬᠡᠭᠡᠷ᠎ᠠ᠂ ᠲᠠᠯ᠎ᠠ᠂ ᠭᠣᠪᠢ ᠶ᠋ᠢᠨ ᠪᠦᠰᠡ ᠶ᠋ᠢᠨ ᠲᠣᠮᠣᠬᠠᠨ ᠭᠣᠣᠯ᠂ ᠨᠠᠭᠤᠷ ᠊ᠤᠳ ᠲᠤ ᠥᠨᠳᠡᠭᠡᠯᠡᠨ ᠵᠤᠰᠠᠨᠠ᠃ [1] ᠥᠨᠳᠦᠷ ᠡᠪᠡᠰᠦ᠂ ᠵᠡᠭᠡᠰᠦ ᠲᠡᠢ᠂ ᠬᠦᠮᠦᠨ ᠮᠠᠯ ᠤᠨ ᠬᠥᠯ ᠡᠴᠡ ᠵᠠᠢᠢᠳᠠᠭᠤ ᠨᠠᠭᠤᠷ ᠊ᠤᠨ ᠠᠷᠠᠯ ᠬᠥᠪᠡᠭᠡ ᠵᠡᠷᠭᠡ ᠨᠢ ᠪᠠᠢᠢᠷᠢᠰᠢᠬᠤ ᠭᠣᠣᠯ ᠣᠷᠴᠢᠨ ᠨᠢ ᠪᠣᠯᠳᠠᠭ᠃ ᠪᠠᠢᠢᠷᠢᠰᠢᠬᠤ ᠨᠤᠲᠤᠭ ᠲᠤ ᠨᠢ ᠡᠪᠡᠰᠦ᠂ ᠵᠡᠭᠡᠰᠦ ᠶ᠋ᠢ ᠬᠠᠳᠤᠬᠤ᠂ ᠮᠠᠯ ᠪᠡᠯᠴᠢᠭᠡᠬᠦ ᠶᠠᠪᠤᠳᠠᠯ ᠤᠯᠠᠮ ᠶᠡᠬᠡᠰᠴᠦ ᠪᠠᠢᠢᠨ᠎ᠠ᠃ ᠳᠡᠯᠡᠬᠡᠢ ᠨᠡᠢᠢᠲᠦ ᠳ᠋ᠤ 180000 ᠭᠠᠩᠭᠠᠷ ᠬᠤᠨ ᠪᠠᠢᠢᠨ᠎ᠠ ᠭᠡᠰᠡᠨ ᠲᠤᠭᠠᠴᠠᠭ᠎ᠠ ᠪᠤᠢ᠃ ᠮᠣᠩᠭᠣᠯ ᠳ᠋ᠤ 2000 ᠭᠠᠷᠤᠢ ᠲᠣᠯᠤᠭᠠᠢ ᠢᠷᠡᠳᠡᠭ ᠪᠠᠢᠢᠬᠤ ᠮᠠᠭᠠᠳᠯᠠᠯ ᠲᠠᠢ᠃[2] ᠥᠨᠳᠡᠭᠡᠯᠡᠬᠦ ᠣᠷᠴᠢᠨ ᠡᠴᠡ ᠨᠢ ᠦᠷᠭᠦᠭᠡᠨ ᠳᠠᠢᠢᠵᠢᠭᠤᠯᠬᠤ᠂ ᠵᠡᠭᠡᠰᠦ᠂ ᠡᠪᠡᠰᠦ ᠬᠠᠳᠤᠨ᠂ ᠥᠨᠳᠡᠭᠡᠯᠡᠬᠦ ᠣᠷᠴᠢᠨ ᠦᠭᠡᠢ ᠪᠣᠯᠭᠠᠬᠤ᠂ ᠬᠤᠯᠠᠭᠠᠢ ᠶ᠋ᠢᠨ ᠠᠩ ᠵᠡᠷᠭᠡ ᠨᠢ ᠭᠠᠩᠭᠠᠷ ᠬᠤᠨ ᠬᠣᠪᠣᠷᠳᠠᠬᠤ ᠰᠢᠯᠲᠠᠭᠠᠨ ᠪᠤᠯᠳᠠᠭ᠃[3]
ᠦᠷᠡᠵᠢᠯ Засварлах
ᠬᠤᠨ ᠬᠣᠣᠰ ᠬᠣᠣᠰ ᠶ᠋ᠢᠠᠷ ᠶ᠋ᠢᠠᠨ ᠠᠷᠠᠯ᠂ ᠨᠠᠭᠤᠷ ᠤᠨ ᠵᠠᠬ᠎ᠠ ᠪᠠᠷ ᠬᠠᠭᠳᠠᠷᠠᠭᠰᠠᠨ ᠡᠪᠡᠰᠦ᠂ ᠵᠡᠭᠡᠰᠦ ᠣᠪᠣᠭᠠᠯᠠᠨ ᠡᠭᠦᠷ ᠶ᠋ᠢᠡᠨ ᠵᠠᠰᠠᠵᠤ᠂ 5 ᠳ᠋ᠤᠭᠠᠷ ᠰᠠᠷ᠎ᠠ ᠢᠢᠨ 20 ᠡᠴᠡ 8-11 ᠥᠨᠳᠡᠭᠡ ᠭᠠᠷᠭᠠᠨ ᠊ᠠ᠋᠃ ᠥᠨᠳᠡᠭᠡ ᠶ᠋ᠢ 35-40 ᠬᠣᠨᠣᠭ ᠳᠠᠷᠤᠨ᠎ᠠ᠃
ᠬᠠᠮᠠᠭᠠᠯᠠᠯ Засварлах
ᠬᠤᠨ ᠰᠢᠪᠠᠭᠤ ᠮᠣᠩᠭᠣᠯ ᠊ᠤᠨ ᠤᠯᠠᠭᠠᠨ ᠨᠣᠮ ᠳ᠋ᠤ ᠣᠷᠣᠭᠰᠠᠨ᠂ ᠠᠩᠨᠠᠬᠤ ᠶ᠋ᠢ ᠬᠣᠷᠢᠭᠯᠠᠭᠰᠠᠨ᠂ ᠳᠠᠷᠬᠠᠨ ᠴᠠᠭᠠᠵᠠᠲᠠᠢ ᠠᠮᠢᠲᠠᠨ ᠪᠢᠯᠡ᠃
ᠲᠦᠯᠬᠢᠭᠦᠷ ᠦᠭᠡᠰ Засварлах
whooper swan
ебедь кликун
гангар хун
ᠡᠬᠢ ᠰᠤᠷᠪᠤᠯᠵᠢ Засварлах
- ↑ Piechoki R. Beitrage zur Avifauna der Mongolei. Mitt. Zool. Mus. Berlin. 1968
- ↑ ᠪᠦ᠊᠂ ᠨᠠ᠊᠂ ᠮᠣ᠊᠂ ᠠ᠊᠂ ᠤ᠊ ᠊ᠤᠨ ᠤᠠᠯᠠᠭᠠᠨ ᠨᠣᠮ᠃ ᠶᠡᠷᠦᠩᠬᠡᠢ ᠷᠧᠳᠠᠻᠲ᠋ᠣᠷ ᠣ᠂ ᠱᠠᠭᠳᠤᠷᠰᠦᠷᠦᠩ᠃ ᠤᠯᠣᠰ ᠊ᠤᠨ ᠬᠡᠪᠯᠡᠯ ᠊ᠦᠨ ᠭᠠᠵᠠᠷ᠃ ᠤᠯᠠᠭᠠᠨᠪᠠᠭᠠᠲᠤᠷ 1987
- ↑ ᠪᠦ᠊᠂ ᠨᠠ᠊᠂ ᠮᠣ᠊᠂ ᠠ᠊᠂ ᠤ᠊ ᠊ᠤᠨ ᠤᠠᠯᠠᠭᠠᠨ ᠨᠣᠮ᠃ ᠶᠡᠷᠦᠩᠬᠡᠢ ᠷᠧᠳᠠᠻᠲ᠋ᠣᠷ ᠣ᠂ ᠱᠠᠭᠳᠤᠷᠰᠦᠷᠦᠩ᠃ ᠤᠯᠣᠰ ᠊ᠤᠨ ᠬᠡᠪᠯᠡᠯ ᠊ᠦᠨ ᠭᠠᠵᠠᠷ᠃ ᠤᠯᠠᠭᠠᠨᠪᠠᠭᠠᠲᠤᠷ 1987