ᠬᠢᠮᠡᠯ ᠣᠶᠤᠨ
ᠬᠢᠮᠡᠯ ᠣᠶᠤᠨ (AI) ᠭᠡᠳᠡᠭ ᠢᠨᠦ ᠬᠦᠮᠦᠨ ᠦ ᠣᠶᠤᠨ ᠤᠬᠠᠭᠠᠨ ᠤ ᠦᠢᠯᠡ ᠶᠠᠪᠤᠴᠠ ᠶᠢ ᠮᠠᠱᠢᠨ᠂ ᠢᠯᠠᠩᠭᠤᠶ᠎ᠠ ᠻᠣᠮᠫᠢᠶᠦ᠋ᠲ᠋ᠧᠷ ᠦᠨcomputer ᠰᠢᠰᠲ᠋ᠧᠮ ᠢᠢᠡᠷ ᠵᠠᠭᠪᠤᠷᠴᠢᠯᠠᠨ ᠭᠦᠢᠴᠡᠳᠬᠠᠭᠦᠯᠬᠦ ᠠᠵᠢᠯᠯᠠᠭ᠎ᠠ ᠶᠤᠮ᠃ ᠬᠢᠮᠡᠯ ᠣᠶᠤᠨ ᠦ ᠬᠡᠷᠡᠭᠯᠡᠭᠡᠨ ᠳᠦ ᠮᠡᠷᠭᠡᠵᠢᠯ ᠦᠨ ᠰᠢᠰᠲ᠋ᠧᠮ᠂ ᠬᠡᠯᠡ ᠶᠠᠷᠢᠶ᠎ᠠ ᠪᠣᠯᠤᠨ ᠪᠢᠴᠢᠭ ᠪᠣᠯᠪᠠᠰᠤᠷᠠᠭᠤᠯᠤᠯᠲᠠ᠂ ᠶᠠᠷᠢᠶ᠎ᠠ ᠲᠠᠨᠢᠬᠤ᠂ ᠮᠠᠱᠢᠨ ᠤ ᠬᠠᠷᠠᠭ᠎ᠠ ᠵᠡᠷᠭᠡ ᠣᠷᠣᠨ᠎ᠠ᠃[1]
ᠬᠢᠮᠡᠯ ᠣᠶᠤᠨ ᠨᠢ ᠮᠥᠨ ᠬᠦᠮᠦᠨ ᠦ ᠣᠶᠤᠨ ᠤᠬᠠᠭᠠᠨ ᠱᠠᠭᠠᠷᠳᠠᠳᠠᠭ ᠠᠵᠢᠯ ᠡᠭᠦᠷᠭᠡ ᠭᠦᠢᠴᠡᠳᠭᠡᠬᠦ ᠴᠢᠳᠠᠪᠤᠷᠢ ᠲᠠᠢ ᠤᠬᠠᠭᠠᠯᠢᠭ ᠮᠠᠱᠢᠨ ᠪᠦᠲᠦᠭᠡᠬᠦ ᠳᠦ ᠴᠢᠭᠯᠡᠭᠰᠡᠨ ᠻᠣᠮᠫᠢᠶᠦ᠋ᠲ᠋ᠧᠷ ᠦᠨ ᠰᠢᠨᠵᠢᠯᠡᠬᠦ ᠤᠬᠠᠭᠠᠨ ᠤ ᠰᠠᠯᠪᠤᠷᠢ ᠶᠤᠮ᠃[2]
ᠬᠢᠮᠡᠯ ᠣᠶᠤᠨ ᠨᠢ ᠻᠣᠮᠫᠢᠶᠦ᠋ᠲ᠋ᠧᠷ᠂ ᠮᠠᠱᠢᠨ ᠢ ᠠᠰᠠᠭᠤᠳᠠᠯ ᠰᠢᠢᠳᠪᠦᠷᠢᠯᠡᠬᠦ᠂ ᠰᠢᠢᠳᠪᠦᠷᠢ ᠭᠠᠷᠭᠠᠬᠤ ᠬᠦᠮᠦᠨ ᠦ ᠣᠶᠤᠨ ᠤᠬᠠᠭᠠᠨ ᠤ ᠴᠢᠳᠠᠪᠤᠷᠢ ᠶᠢ ᠳᠠᠭᠤᠷᠢᠶᠠᠯᠭᠠᠨ ᠠᠵᠢᠯᠯᠠᠭᠤᠯᠬᠤ
ᠦᠢᠯᠡ ᠶᠠᠪᠤᠴᠠ ᠶᠤᠮ᠃ ᠲᠡᠢᠢᠮᠦ ᠡᠴᠡ ᠬᠢᠮᠡᠯ ᠣᠶᠤᠨ ᠤ ᠰᠠᠯᠪᠤᠷᠢ ᠪᠣᠯ ᠤᠬᠠᠭᠠᠯᠢᠭ ᠮᠠᠱᠢᠨ᠂ ᠢᠯᠠᠩᠭᠤᠶ᠎ᠠ ᠤᠬᠠᠭᠠᠯᠢᠭ ᠻᠣᠮᠫᠢᠶᠦ᠋ᠲ᠋ᠧᠷ ᠦᠨ ᠫᠷᠣᠭ᠌ᠷᠠᠮprogram ᠪᠦᠲᠦᠭᠡᠬᠦ ᠰᠢᠨᠵᠢᠯᠡᠬᠦ ᠤᠬᠠᠭᠠᠨ᠂ ᠢᠨ᠍ᠵᠧᠨᠧᠷᠴᠢᠯᠡᠯengineering ᠶᠤᠮ᠃ ᠻᠣᠮᠫᠢᠶᠦ᠋ᠲ᠋ᠧᠷ ᠠᠰᠢᠭᠯᠠᠨ ᠬᠦᠮᠦᠨ ᠦ ᠣᠶᠤᠨ ᠤᠬᠠᠭᠠᠨ ᠢ ᠤᠶ᠋ᠢᠯᠠᠭᠠᠬᠤ ᠦᠢᠯᠡ ᠠᠵᠢᠯᠯᠠᠭ᠎ᠠ ᠲᠠᠢ ᠬᠢᠮᠡᠯ ᠣᠶᠤᠨ ᠬᠠᠮᠢᠶᠠᠷᠤᠯ ᠲᠠᠢ ᠪᠣᠯᠪᠠᠴᠤ ᠪᠢᠣᠯᠣᠭᠢ ᠶᠢᠨbiology ᠠᠷᠭ᠎ᠠ ᠨᠤᠭᠤᠳ ᠢ ᠵᠠᠭᠪᠤᠷᠴᠢᠯᠠᠨ ᠠᠰᠢᠭᠯᠠᠬᠤ ᠪᠠᠷ ᠬᠢᠵᠠᠭᠠᠷᠯᠠᠭᠳᠠᠬᠤ ᠠᠯᠪᠠ ᠦᠭᠡᠢ ᠪᠢᠯᠡ᠃[3]
ᠪᠠᠶ᠋ᠢᠭᠠᠯᠢ ᠢᠢᠨ ᠣᠶᠤᠨ ᠬᠦᠮᠦᠨ ᠬᠢᠭᠡᠳ ᠪᠤᠰᠤᠳ ᠠᠮᠢᠲᠠᠳ ᠲᠤ ᠢᠯᠡᠷᠡᠳᠡᠭ ᠪᠣᠯ ᠬᠢᠮᠡᠯ ᠣᠶᠤᠨ ᠨᠢ ᠮᠠᠱᠢᠨ ᠨᠤᠭᠤᠳ ᠤᠨ ᠠᠵᠢᠯᠯᠠᠭᠠᠨ ᠳᠤ ᠲᠤᠰᠬᠠᠯ ᠢᠢᠨ ᠣᠯᠳᠠᠭ᠃
ᠠᠵᠢᠯᠯᠠᠭ᠎ᠠ
ᠬᠢᠮᠡᠯ
ᠲᠥᠷᠦᠯ
ᠬᠢᠮᠡᠯ
ᠨᠡᠷ ᠡ᠋ ᠲᠣᠮᠢᠶᠠᠯᠠᠯ
ᠬᠢᠮᠡᠯ ᠣᠶᠤᠨ - artificial intelligence - искусственный интеллект
ᠮᠡᠷᠭᠡᠵᠢᠯ ᠦᠨ ᠰᠢᠰᠲ᠋ᠧᠮ - expert system - экспертная система
ᠬᠡᠯᠡ ᠪᠣᠯᠪᠠᠰᠤᠷᠠᠭᠤᠯᠤᠯᠲᠠ - natural language procesing - обработка естественного языка
ᠶᠠᠷᠢᠶ᠎ᠠ ᠲᠠᠨᠢᠬᠤ - speech recognition - распознавание речи
ᠮᠠᠱᠢᠨ ᠰᠤᠷᠤᠯᠴᠠᠬᠤᠢ - machine learning - машинное обучение
ᠮᠠᠱᠢᠨ ᠬᠠᠷᠠᠭ᠎ᠠ - machine vision - машинное зрение
ᠡᠬᠢ ᠰᠤᠷᠪᠤᠯᠵᠢ
- ↑ Ed Burns, Nicole Laskowski, Linda Tucci. What is artificial intelligence (AI)? ᠬᠠᠨᠳᠤᠭᠰᠠᠨ 2022/02/12. TechTarget. https://www.techtarget.com/searchenterpriseai/definition/AI-Artificial-Intelligence
- ↑ Artificial Intelligence. ᠬᠠᠨᠳᠤᠭᠰᠠᠨ 2022/02/12. Built In.https://builtin.com/artificial-intelligence
- ↑ Artificial Intelligence (AI). By: IBM Cloud Education, 3 June 2020. IBM. https://www.ibm.com/cloud/learn/what-is-artificial-intelligence