ᠷᠢᠨᠴᠡᠨ᠂ ᠶᠦᠩᠰᠢᠶᠡᠪᠤ ᠪᠢᠮᠪᠠ ᠊ᠢᠢᠨ

22:09, 16 Арваннэгдүгээр сар 2022-ий байдлаарх Secen (яриа | оруулсан хувь нэмэр) хэрэглэгчийн хийсэн залруулга

ᠶᠦᠩᠰᠢᠶᠡᠪᠤ ᠪᠢᠮᠪᠠ ‍ᠢᠢᠨ ᠷᠢᠨᠴᠡᠨ

ᠶᠦᠩᠰᠢᠶᠡᠪᠤ ᠪᠢᠮᠪᠠ ‍ᠢᠢᠨ ᠷᠢᠨᠴᠡᠨ ᠠᠨᠤ ᠮᠣᠩᠭᠤᠯ ‍ᠤᠨ ᠨᠡᠷᠡᠲᠦ ᠡᠷᠳᠡᠮᠲᠡᠨ᠂ ᠵᠣᠬᠢᠶᠠᠯᠴᠢ᠂ ᠣᠷᠴᠢᠭᠤᠯᠤᠭᠴᠢ᠂ ᠰᠡᠳᠬᠢᠭᠦᠯᠴᠢ᠂ ᠰᠤᠷᠭᠠᠨ ᠬᠦᠮᠦᠵᠢᠭᠦᠯᠦᠭᠴᠢ ᠪᠢᠯᠡ᠃ ᠮᠣᠩᠭᠤᠯ ᠰᠤᠳᠤᠯᠤᠯ ‍ᠤᠨ ᠪᠠᠷᠠᠭ ᠪᠦᠬᠦ ᠰᠠᠯᠪᠤᠷᠢ ᠪᠠᠷ ᠡᠷᠳᠡᠮ ᠰᠢᠩᠵᠢᠯᠭᠡᠨ ‍ᠦ ᠪᠦᠲᠦᠭᠡᠯ᠂ ᠨᠣᠮ᠂ ᠲᠣᠪᠬᠢᠮᠠᠯ᠂ ᠥᠭᠦᠯᠡᠯ᠂ ᠲᠡᠮᠳᠡᠭᠯᠡᠯ ᠪᠢᠴᠢᠵᠡᠢ᠃ ᠪᠦᠲᠦᠭᠡᠯ ‍ᠦᠳ ᠨᠢ ᠮᠣᠩᠭᠤᠯ᠂ ᠠᠩᠯᠢ᠂ ᠹᠷᠠᠨ᠍ᠼ᠂ ᠣᠷᠤᠰ᠂ ᠭᠧᠷᠮᠠᠨ᠂ ᠫᠣᠯᠱ᠂ ᠮᠠᠵᠠᠷ᠂ ᠴᠧᠬ ᠬᠡᠯᠡ ᠪᠡᠷ ᠨᠡᠡᠲᠡᠯᠡᠭᠳᠡᠭᠰᠡᠨ ᠪᠠᠢᠢᠨ᠎ᠠ᠃


ᠶᠦᠩᠰᠢᠶᠡᠪᠤ ᠪᠢᠮᠪᠠ ‍ᠢᠢᠨ ᠷᠢᠨᠴᠡᠨ

ᠶᠦᠩᠰᠢᠶᠡᠪᠤ ᠷᠢᠨᠴᠡᠨ

ᠲᠣᠪᠴᠢ ᠲᠠᠨᠢᠯᠴᠠᠭᠣᠯᠭ᠍ᠠ᠋
ᠲᠥᠷᠦᠭᠰᠡᠨ ᠣᠩᠨᠠᠭ᠍ᠠ᠋ 1905 ᠣᠨ ‍ᠦ 11 ᠰᠠᠷ᠎ ‍ᠠ᠋ ᠶ᠋ᠢᠨ 21
ᠲᠥᠷᠦᠭᠰᠡᠨ ᠭᠠᠴᠠᠷ ᠪᠤᠯᠰᠠᠷᠠᠢ (ᠬᠨᠷᠠᠭᠠᠨ ‍ᠤ᠂ ᠡᠰᠡᠪᠡᠯ ᠪᠤᠤᠷ᠋ ‍ᠠ᠋ ‍ᠢᠢᠨ ᠬᠠᠷᠠᠭᠤᠯ ᠵᠠᠩᠭᠢ ‍ᠢᠢᠨ ᠬᠠᠷᠢᠶ ‍ᠠ᠋ ᠨᠤᠲᠤᠭ᠂ ᠡᠳᠦᠭᠡ ‍ᠢᠢᠨ ᠰᠡᠯᠡᠩᠭᠡ ᠠᠢᠢᠮᠠᠭ ‍ᠤᠨ ᠠᠯᠲᠠᠨᠪᠤᠯᠠᠭ ᠰᠤᠮᠤ ‍ᠢᠢᠨ ᠨᠤᠲᠤᠭ)[1]
ᠬᠠᠷᠢᠶᠠᠯᠠᠯ ᠴᠢᠩ ᠤᠯᠤᠰ
ᠪᠣᠭᠳᠠ ᠬᠠᠭᠠᠨᠲᠤ ᠮᠣᠩᠭᠤᠯ ᠤᠯᠤᠰ
ᠪᠥᠭᠥᠳᠡ ᠨᠠᠢᠢᠷᠠᠮᠳᠠᠬᠣ ᠮᠣᠩᠭᠣᠯ ᠠᠷᠠᠳ ᠤᠯᠤᠰ
ᠢᠳᠡᠪᠬᠢ ᠲᠡᠢ ᠣᠨ ᠵᠢᠯ ‍ᠥᠳ 1927 ᠣᠨ ᠡᠴᠡ
ᠰᠠᠯᠪᠣᠷᠢ ᠬᠡᠯᠡ ᠰᠢᠨᠵᠢᠯᠡᠯ
ᠲᠡᠦᠬᠡ
ᠮᠣᠩᠭᠤᠯ ᠰᠤᠳᠤᠯᠤᠯ
ᠪᠣᠯᠪᠠᠰᠣᠷᠠᠯ ᠠᠯᠧᠻᠰᠧᠧᠹ ᠰᠤᠷᠭᠠᠭᠤᠯᠢ (ᠣᠷᠤᠰ ᠤᠯᠤᠰ ‍ᠤᠨ ᠳᠡᠭᠡᠳᠦ ᠦᠳᠡ ᠬᠣᠲᠠ) 1914-1920

ᠳᠡᠭᠡᠳᠦ ᠦᠳᠡ ‍ᠢᠢᠨ ᠪᠠᠭᠰᠢ ‍ᠢᠢᠨ ᠲᠧᠻᠨᠢᠻᠤᠮ 1923-1924
ᠯᠧᠨᠢᠨᠭᠷᠠᠳ᠋ ‍ᠤᠨ ᠳᠣᠷᠤᠨ᠎ᠠ ᠳᠠᠬᠢᠨ ‍ᠤ ᠬᠡᠯᠡᠨ ‍ᠦ ᠳᠡᠭᠡᠳᠦ ᠰᠤᠷᠭᠠᠭᠤᠯᠢ 1924-1927

ᠪᠠᠢᠢᠭᠣᠯᠠᠯᠭ᠍ᠠ᠋
ᠬᠣᠪᠢ ᠨᠡᠮᠡᠷᠢ ᠮᠣᠩᠭᠤᠯ ‍ᠤᠨ ᠲᠡᠦᠬᠡ ‍ᠢᠢᠨ ᠰᠤᠳᠤᠯᠭ᠎ᠠ᠂ ᠵᠣᠬᠢᠶᠠᠯ ᠲᠤᠭᠤᠷᠪᠢᠯ ‍ᠤᠳ
ᠵᠡᠷᠭᠡ/ᠴᠣᠯ ᠠᠻᠠᠳᠧᠮᠢᠴᠢ
ᠳ᠋ᠣᠻᠲ᠋ᠣᠷ
ᠱᠠᠩᠨᠠᠯ {{{awards}}}


ᠨᠠᠮᠲᠠᠷ

ᠶᠦᠩᠰᠢᠶᠡᠪᠤ ᠷᠢᠨᠴᠡᠨ 1905 ᠣᠨ ‍ᠤ 11 ᠰᠠᠷ ‍ᠠ᠋ ‍ᠢᠢᠨ 21 ‍ᠡ᠋ ᠶᠦᠩᠰᠢᠶᠡᠪᠤ ᠷᠠᠳᠨᠠᠵᠠᠪ ‍ᠤᠨ ᠬᠦᠦ ᠪᠣᠯᠤᠨ ᠮᠡᠨᠳᠦᠯᠠᠵᠦᠬᠦᠢ᠃ ᠲᠥᠷᠦᠭᠰᠠᠨ ᠭᠠᠵᠠᠷ ᠠᠨᠤ ᠪᠤᠯᠰᠠᠷᠠᠢ ᠬᠡᠮᠡᠬᠦ ᠭᠠᠵᠠᠷ ᠠᠭᠠᠳ ᠬᠠᠯᠬ᠎ᠠ ᠶᠢᠨ ᠤᠮᠠᠷᠠᠳᠤ ᠵᠠᠮ ᠤᠨ ᠬᠠᠨ ᠠᠭᠤᠯᠠ ᠶᠢᠨ ᠴᠢᠭᠤᠯᠭᠠᠨ ᠤ ᠳᠤᠮᠳᠠᠳᠤ ᠵᠡᠭᠦᠨ ᠠᠳᠠᠭ ᠤᠨ ᠬᠣᠰᠢᠭᠤᠨ ‍ᠤ[2] ᠨᠤᠲᠤᠭ ᠳᠡᠪᠢᠰᠬᠡᠷ ᠲᠦ ᠪᠠᠭᠲᠤᠵᠤ ᠪᠠᠢᠢᠪᠠ᠃ ᠲᠤᠰ ᠬᠣᠰᠢᠭᠤ ᠨᠢ ᠪᠣᠭᠳᠠ ᠬᠠᠭᠠᠨᠲᠤ ᠮᠣᠩᠭᠤᠯ ᠤᠯᠤᠰ ‍ᠤᠨ ᠦᠶ ‍ᠠ᠋ ᠳ᠋ᠦ ᠡᠷᠳᠡᠨᠢ ᠸᠠᠩ ‍ᠤᠨ ᠬᠣᠰᠢᠭᠤ ᠨᠡᠷ ‍ᠡ᠋ ᠲᠡᠢ ᠪᠣᠯᠵᠡᠢ᠃[3]

ᠪᠤᠳ᠋ ‍ᠤᠨ ᠷᠠᠳᠨᠠᠵᠠᠪ (1874-1921) ᠨᠢ ᠰᠠᠶ᠋ᠢᠲᠤᠷ ᠳᠠᠭᠤᠨ ᠬᠥᠷᠪᠡᠭᠦᠯᠦᠭᠴᠢ ᠪᠠᠶ᠋ᠢᠭᠰᠠᠨ ᠲᠡᠳᠦᠢ ᠦᠭᠡᠢ ᠮᠣᠩᠭᠣᠯ᠂ ᠣᠷᠣᠰ ᠬᠣᠶᠠᠷ ᠬᠡᠯᠡᠨ ᠦ ᠲᠣᠯᠢ ᠪᠢᠴᠢᠭ ᠲᠤᠭᠤᠷᠪᠢᠭᠰᠠᠨ ᠬᠡᠮᠡᠨ ᠠᠯᠳᠠᠷᠰᠢᠭᠰᠠᠨ ᠬᠦᠮᠦᠨ ᠪᠠᠶ᠋ᠢᠵᠠᠢ᠃ ᠪ ∙ ᠷᠢᠨᠴᠢᠨ ᠦ ᠡᠵᠢ ᠨᠢ ᠬᠠᠯᠬ᠎ᠠ ᠶᠢᠨ ᠴᠣᠭᠲᠤ ᠬᠤᠩᠲᠠᠶ᠋ᠢᠵᠢ ᠶᠢᠨ ᠤᠳᠤᠮ ᠤᠨ ᠪᠣᠷᠵᠢᠭᠢᠨ ᠣᠪᠣᠭᠲᠤ ᠰᠠᠮᠳᠠᠩ ᠤᠨ ᠳᠤᠯᠮ᠎ᠠ ᠭᠡᠳᠡᠭ ᠪᠦᠰᠡᠭᠦᠢ ᠪᠠᠶ᠋ᠢᠵᠠᠢ᠃[4]

ᠠᠩᠬᠠᠨ ᠷᠢᠨᠴᠡᠨᠳᠥᠷᠵᠢ ᠨᠡᠷ ‍ᠡ᠋ ᠲᠠᠢ ᠪᠠᠢᠢᠭᠰᠠᠨ ᠪᠣᠯᠪᠠᠴᠤ ᠷᠢᠨᠴᠡᠨ ᠬᠡᠮᠡᠨ ᠲᠣᠪᠴᠢᠯᠠᠭᠰᠠᠨ ᠪᠠ ᠡᠯᠦᠨᠴᠡ ᠡᠪᠦᠭᠡ ‍ᠢᠢᠨ ‍ᠢᠢᠡᠨ ᠨᠡᠷ ‍ᠡ᠋ ᠪᠡᠷ ᠪᠢᠮᠪᠠ ‍ᠢᠢᠨ ᠷᠢᠨᠴᠡᠨ ᠬᠡᠨᠮᠡᠨ ᠶᠠᠪᠤᠬᠤ ᠪᠣᠯᠤᠭᠰᠠᠨ ᠪᠠᠢᠢᠳᠠᠭ᠃

ᠪ ∙ ᠷᠢᠨᠴᠢᠨ ᠳᠣᠯᠣᠭᠠᠨ ᠨᠠᠰᠤᠲᠠᠢ ᠳᠤ ᠪᠠᠨ ᠨ ∙ ᠪᠢᠯᠢᠭᠰᠠᠶ᠋ᠢᠬᠠᠨ (1866-1923) ᠭᠦᠩ ᠳ᠋᠋ᠦ ᠱᠠᠪᠢ ᠣᠷᠣᠵᠤ ᠮᠣᠩᠭᠣᠯ᠂ ᠮᠠᠨᠵᠤ ᠪᠢᠴᠢᠭ ᠵᠢᠭᠠᠯᠭᠠᠵᠤ ᠪᠠᠶ᠋ᠢᠴᠠᠢ᠃ ᠲᠡᠨᠳᠡ ᠡᠴᠡ 1914 ᠣᠨ ᠠᠴᠠ ᠳᠡᠭᠡᠳᠦ ᠰᠢᠪᠡᠭᠡ ᠬᠣᠲᠠ ᠶᠢᠨ ᠣᠷᠣᠰ ᠰᠤᠷᠭᠠᠭᠤᠯᠢ ᠶᠢᠨ ᠪᠡᠯᠡᠳᠬᠡᠯ ᠠᠩᠭᠢ ᠳᠤ ᠰᠢᠯᠭᠠᠯᠲᠠ ᠥᠭᠴᠦ ᠡᠯᠡᠰᠦᠨ ᠣᠷᠣᠭᠠᠳ᠂ ᠮᠠᠨᠵᠤ᠂ ᠣᠷᠣᠰ ᠵᠡᠷᠭᠡ ᠭᠠᠳᠠᠭᠠᠳᠤ ᠬᠡᠯᠡᠨ ᠦ ᠪᠣᠯᠪᠠᠰᠤᠷᠠᠯ ᠡᠵᠡᠮᠰᠢᠪᠡ᠃ ᠤᠯᠠᠮ ‍ᠢᠶ᠋ᠠᠷ 1924-1927 ᠣᠨ ᠳᠤ ᠯᠧᠨᠢᠩᠷᠠᠳ᠋ ᠍ ᠤᠨ ᠳᠣᠷᠣᠨ᠎ᠠ ᠳᠠᠬᠢᠨ ᠤ ᠬᠡᠯᠡᠨ ᠦ ᠳᠡᠭᠡᠳᠦ ᠰᠤᠷᠭᠠᠭᠤᠯᠢ ᠳᠤ ᠰᠤᠷᠤᠯᠴᠠᠵᠤ ᠮᠣᠩᠭᠣᠯ ᠰᠤᠳᠤᠯᠤᠯ ᠢᠢᠠᠷ ᠳᠠᠩᠨᠠᠨ ᠮᠡᠷᠭᠡᠰᠢᠵᠡᠢ᠃

1927-1936 ᠣᠨ ᠳᠤ ᠮᠣᠩᠭᠣᠯ ᠤᠯᠤᠰ ᠤᠨ ᠰᠤᠳᠤᠷ ᠪᠢᠴᠢᠭ ᠦᠨ ᠬᠦᠷᠢᠶᠡᠯᠡᠩ᠂ ᠰᠢᠨᠵᠢᠯᠡᠬᠦ ᠤᠬᠠᠭᠠᠨ ᠤ ᠬᠦᠷᠢᠶᠡᠯᠡᠩ ᠳᠦ ᠡᠷᠳᠡᠮ ᠰᠢᠨᠵᠢᠯᠡᠭᠡᠨ ᠦ ᠠᠵᠢᠯᠲᠠᠨ᠂ ᠳᠠᠭᠤᠨ ᠤᠬᠠᠭᠠᠨ ᠤ ᠲᠠᠰᠤᠭ ᠤᠨ ᠡᠷᠬᠢᠯᠡᠭᠴᠢ ᠶᠢᠨ ᠠᠯᠪᠠ ᠶᠢ ᠬᠠᠰᠢᠵᠤ ᠪᠠᠶ᠋ᠢᠭᠰᠠᠨ᠃ ᠡᠨᠡ ᠦᠶ᠎ᠡ ᠳ᠋ᠦ ᠪᠡᠨ ᠰᠢᠨᠵᠢᠯᠡᠭᠡᠨ ᠦ ᠠᠵᠢᠯ ᠤᠨ ᠮᠠᠲ᠋ᠧᠷᠢᠶᠠᠯᠯᠢᠭ ᠪᠠᠭᠠᠵᠠ ᠪᠦᠷᠢᠳᠦᠭᠦᠯᠬᠦ ᠳᠦ ᠣᠨᠴᠠᠭᠠᠢ ᠠᠩᠬᠠᠷᠵᠤ ᠠᠵᠢᠯᠯᠠᠭᠰᠠᠨ ᠪᠠᠶ᠋ᠢᠨ᠎ᠠ᠃ ᠷᠢᠨᠴᠢᠨ ᠦ ᠬᠤᠷᠢᠶᠠᠵᠤ ᠴᠤᠭᠯᠠᠭᠤᠯᠤᠭᠰᠠᠨ ᠪᠢᠯᠢᠭ ᠣᠶᠤᠨ ᠤ ᠳᠤᠷᠠᠰᠬᠠᠯ ᠤᠳ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠪᠣᠯᠤᠨ ᠪᠤᠰᠤᠳ ᠣᠯᠠᠨ ᠭᠠᠵᠠᠷ ᠤᠨ ᠠᠷᠬᠢᠸ ᠤᠳ ᠲᠤ ᠬᠠᠳᠠᠭᠠᠯᠠᠭᠳᠠᠵᠤ ᠦᠯᠡᠳᠡᠭᠰᠡᠨ᠃ ᠲᠡᠳᠡᠭᠡᠷ ᠡᠴᠡ ᠭᠧᠷᠮᠠᠨ ᠵᠡᠷᠭᠡ ᠪᠤᠰᠤᠳ ᠣᠷᠣᠨ ᠨᠤᠭᠤᠳ ᠲᠤ ᠣᠯᠠᠨ ᠪᠣᠲᠢ ᠪᠠᠷ ᠬᠡᠪᠯᠡᠭᠳᠡᠨ ᠦᠯᠡᠳᠡᠭᠰᠡᠨ ᠪᠠᠶ᠋ᠢᠨ᠎ᠠ᠃

ᠡᠨᠡ ᠦᠶᠡᠰ ᠲᠦ ᠷᠢᠨᠴᠡᠨ ‍ᠦ ᠭᠡᠷ ᠪᠦᠯᠢ ‍ᠢᠢᠨ ᠠᠮᠢᠳᠤᠷᠠᠯ ᠶᠠᠳᠠᠭᠤ ᠲᠠᠷᠴᠢᠭ ᠪᠠᠢᠢᠵᠡᠢ᠃ᠬᠡᠦᠬᠡᠳ ‍ᠦᠳ ᠲᠦ ᠪᠡᠨ ᠪᠡᠶ ‍ᠡ᠋ ᠬᠠᠮᠠᠭᠠᠯᠬᠤ ᠤᠷᠠᠯᠢᠭ ᠵᠢᠭᠠᠵᠤ ᠰᠤᠷᠭᠠᠳᠠᠭ ᠪᠠᠢᠢᠭᠰᠠᠨ ᠠᠵᠡᠢ᠃[5]

ᠪ᠂ ᠷᠢᠨᠴᠡᠨ ‍ᠢ ᠬᠡᠪᠯᠡᠬᠦ ᠦᠢᠯᠡᠳᠪᠦᠷᠢ ᠳ᠋ᠦ ᠠᠵᠢᠯᠯᠠᠵᠤ ᠪᠠᠢᠢᠬᠤ ᠳ᠋ᠤ ᠨᠢ ᠪᠠᠷᠢᠪᠴᠢᠯᠠᠭᠰᠠᠨ ᠪᠠᠢᠢᠨ᠎ᠠ᠃ ᠡᠨᠡ ᠦᠶ ᠎ᠡ ᠬᠡᠦᠬᠡᠳ ‍ᠦᠳ ᠨᠢ ᠰᠤᠷᠭᠠᠭᠤᠯᠢ ᠡᠴᠡ ᠬᠥᠭᠡᠭᠳᠡᠵᠦ᠂ ᠳᠤᠮᠳᠠ ᠠᠨ ᠨᠢᠭᠡ ᠭᠤᠲᠤᠯ ᠡᠭᠡᠯᠵᠢᠯᠡᠨ ᠡᠮᠦᠰᠴᠦ᠂ ᠲᠦᠯᠡᠭᠡ ᠭᠤᠶᠤᠬᠤ᠂ ᠬᠤᠯᠠᠭᠠᠢᠢᠯᠠᠬᠤ ᠵᠡᠷᠭᠡ ᠪᠡᠷ ᠠᠮᠢ ᠵᠠᠭᠤᠵᠤ ᠪᠠᠢᠢᠪᠠ᠃[5]

ᠪ. ᠷᠢᠨᠴᠢᠨ 1937 ᠣᠨ ᠳᠤ ᠬᠢᠯᠢᠰ ᠬᠡᠷᠡᠭ ᠦᠨ ᠤᠯᠠᠮ ᠠᠴᠠ ᠪᠠᠷᠢᠪᠴᠢᠯᠠᠭᠳᠠᠨ ᠱᠣᠷᠣᠩ ᠳᠤ ᠰᠠᠭᠤᠵᠤ 1942 ᠣᠨ ᠤ 4 ᠳ᠋ᠦᠭᠡᠷ᠎ ᠰᠠᠷ᠎ᠠ ᠳᠤ ᠰᠤᠯᠠᠯᠠᠭᠳᠠᠭᠰᠠᠨ᠃

ᠪ᠂ ᠷᠢᠨᠴᠡᠨ ᠪᠡᠶ ‍ᠡ᠋ ᠨᠢ ᠢᠯᠠᠷᠢ ᠪᠤᠰᠤ᠂ ᠨᠠᠰᠤ ᠪᠠᠷᠠᠬᠤ ᠠᠴᠠ ᠪᠠᠨ ᠬᠡᠳᠦᠬᠡᠨ ᠬᠣᠨᠣᠭ ᠤᠨ ᠡᠮᠦᠨ᠎ᠡ ᠬᠡᠦᠬᠡᠳ ‍ᠦᠳ ᠳ᠋ᠦ ᠪᠡᠨ "ᠠᠪᠤ ᠨᠢ ᠮᠣᠩᠭᠣᠯ ᠢᠢᠠᠨ ᠭᠡᠭᠰᠡᠭᠡᠷ ᠶᠠᠪᠤᠭᠠᠳ ᠡᠶ᠋ᠢᠮᠦ ᠪᠣᠯᠤᠯ᠎ᠠ ᠳ᠋ᠠ" ᠭᠡᠵᠦ ᠨᠢᠭᠡ ᠬᠡᠯᠡᠭᠰᠡᠨ ᠭᠡᠳᠡᠭ᠃[5]

ᠦᠢᠯᠡ ᠬᠡᠷᠡᠭ

ᠰᠤᠳᠤᠯᠭ᠍ᠠ᠋ ᠰᠢᠨᠵᠢᠯᠡᠭᠡ

ᠵᠣᠬᠢᠶᠠᠯ ᠪᠦᠲᠦᠭᠡᠯ

ᠭᠡᠷ ᠪᠦᠯᠢ

ᠨᠡᠷ ‍ᠡ᠋ ᠲᠣᠮᠢᠶᠠᠯᠠᠯ

ᠡᠬᠢ ᠰᠤᠷᠪᠤᠯᠵᠢ

  1. ᠲᠡᠦᠬᠡᠨ ᠵᠠᠮᠨᠠᠯ᠃ ᠰᠡᠯᠡᠩᠭᠡ ᠠᠢᠢᠮᠠᠭ ‍ᠤᠨ ᠠᠯᠲᠠᠨᠪᠤᠯᠠᠭ ᠰᠤᠮᠤ ‍ᠢᠢᠨ ᠲᠡᠦᠬᠡ᠃ ᠰᠡᠯᠡᠩᠭᠡ ᠠᠢᠢᠮᠠᠭ ‍ᠤᠨ ᠠᠯᠲᠠᠨᠪᠤᠯᠠᠭ ᠰᠤᠮᠤ ‍ᠢᠢᠨ ᠠᠯᠪᠠᠨ ᠶᠣᠰᠤᠨ ‍ᠤ ᠬᠠᠭᠤᠳᠠᠰᠤ᠃ 2016᠃ http://altanbulag.se.gov.mn/news/230/single/103
  2. ᠡᠷᠳᠡᠨᠢ ᠸᠠᠩ ‍ᠤᠨ ᠬᠣᠰᠢᠭᠤ (ᠲᠦᠰᠢᠶᠡᠲᠦ ᠬᠠᠨ ᠠᠢᠢᠮᠠᠭ)᠃ ᠮᠣᠩᠭᠤᠯ ‍ᠤᠨ ᠲᠡᠦᠬᠡ ‍ᠢᠢᠨ ᠲᠠᠢᠢᠯᠠᠪᠤᠷᠢ ᠲᠣᠯᠢ᠃ ᠬᠠᠨᠳᠤᠭᠰᠠᠨ 2022/11/13᠃https://mongoltoli.mn/history/h/47
  3. ᠡᠷᠳᠡᠨᠢ ᠸᠠᠩ ‍ᠤᠨ ᠬᠣᠰᠢᠭᠤ ᠬᠢᠭᠡᠳ ᠰᠡᠯᠡᠩᠭᠡᠴᠦᠳᠳ᠃ ᠰᠡᠯᠡᠩᠭᠡ ᠠᠢᠢᠮᠠᠭ ‍ᠤᠨ ᠠᠯᠪᠠᠨ ᠶᠣᠰᠤᠨ ‍ᠤ ᠬᠠᠭᠤᠳᠠᠰᠤ᠃ 2021/02/22᠃ http://selenge.gov.mn/beta/3/item/16
  4. ᠴ᠂ ᠣᠳᠬᠠᠨᠴᠡᠴᠡᠭ᠃ ᠰᠡᠯᠡᠩᠭᠡ᠄ ᠨᠣᠮ ‍ᠤᠨ ᠪᠠᠶᠠᠷ ᠵᠠᠪᠠᠯ ᠤᠩᠰᠢᠵᠤ ᠰᠤᠳᠤᠯᠬᠤ ᠵᠣᠬᠢᠶᠠᠯ ᠪᠦᠲᠦᠭᠡᠯ ‍ᠦᠨ ᠲᠠᠨᠢᠯᠴᠠᠭᠤᠯᠭ᠎ᠠ ᠪᠠᠷ ᠦᠷᠭᠡᠯᠵᠢᠯᠡᠵᠦ ᠪᠠᠢᠢᠨ᠎ᠠ᠃ ᠮᠣᠩ᠊᠂ᠴᠠ᠊᠂ᠮᠡ᠊᠂ 2022/09/19᠃ https://montsame.mn/en/read/304129
  5. 5.0 5.1 5.2 ᠷᠢ᠊᠂ ᠢᠨᠳᠠᠷ᠎ᠠ᠃ ᠪᠢᠮᠪᠠ ‍ᠢᠢᠨ ᠷᠢᠨᠴᠡᠨ ‍ᠦ ᠠᠮᠢᠳᠤᠷᠠᠯ ‍ᠤᠨ ᠪᠣᠳᠠᠲᠤ ᠲᠡᠦᠬᠡ᠃ Newsfeed 2022/01/15. https://newsfeed.mn/uls-tur/byambyn-rincheniy-amdralyn-bodit-tkh