ᠭᠡᠷᠡᠯ ᠊ᠦᠨ ᠮᠢᠨᠳᠠᠰᠤ
ᠭᠡᠷᠡᠯ ᠦᠨ ᠮᠢᠨᠳᠠᠰᠤ (ᠰᠢᠯᠢᠨ ᠻᠠᠪᠧᠯ) ᠨᠢ ᠭᠡᠷᠡᠯ ᠦᠨ ᠳᠣᠬᠢᠶ᠎ᠠ ᠶᠢ ᠬᠣᠯᠠ ᠵᠠᠢ ᠳᠤ ᠳᠠᠮᠵᠢᠭᠤᠯᠬᠤ ᠳᠤ ᠠᠰᠢᠭᠯᠠᠳᠠᠭ ᠰᠢᠯᠢᠨ ᠡᠰᠡᠪᠡᠯ ᠻᠬᠤᠪᠠᠨᠴᠢᠷ ᠨᠢᠮᠭᠡᠨ᠂ ᠤᠶᠠᠨ ᠨᠠᠯᠠᠷᠬᠠᠢ ᠮᠢᠨᠳᠠᠰᠤᠯᠢᠭ ᠤᠲᠠᠰᠤ ᠶᠤᠮ᠃ ᠭᠡᠷᠡᠯ ᠦᠨ ᠮᠢᠨᠳᠠᠰᠤ ᠨᠢ ᠮᠡᠳᠡᠭᠡᠯᠡᠯ ᠳᠠᠮᠵᠢᠭᠤᠯᠬᠤ᠂ ᠬᠠᠷᠢᠯᠴᠠᠬᠤ ᠲᠧᠭᠨᠣᠯᠣᠭᠢ ᠳᠤ ᠬᠤᠪᠢᠰᠬᠠᠯ ᠬᠢᠵᠦ᠂ ᠳᠡᠯᠡᠬᠡᠢ ᠳᠠᠶᠠᠭᠠᠷ ᠥᠨᠳᠦᠷ ᠬᠤᠷᠳᠤ ᠲᠠᠢ᠂ ᠨᠠᠶ᠋ᠢᠳᠠᠪᠤᠷᠢᠲᠠᠢ ᠮᠡᠳᠡᠭᠡᠯᠡᠯ ᠳᠠᠮᠵᠢᠭᠤᠯᠬᠤ ᠪᠣᠯᠤᠮᠵᠢ ᠪᠤᠢ ᠪᠣᠯᠤᠭᠰᠠᠨ᠃
ᠭᠡᠷᠡᠯ ᠦᠨ ᠮᠢᠨᠳᠠᠰᠤ ᠶᠢᠨ ᠨᠢᠭᠡ ᠦᠵᠦᠭᠦᠷ ᠲᠦ ᠭᠡᠷᠡᠯ ᠣᠷᠣᠬᠤ ᠠᠴᠠ ᠡᠬᠢᠯᠡᠭᠡᠳ ᠪᠦᠬᠦᠯᠢ ᠳᠦ ᠪᠡᠨ ᠳᠣᠲᠣᠭᠠᠳᠤ ᠣᠶ᠋ᠢᠯᠲᠠ ᠭᠡᠳᠡᠭ ᠦᠢᠯᠡ ᠶᠠᠪᠤᠴᠠ ᠪᠠᠷ ᠨᠥᠭᠥᠭᠡ ᠦᠵᠦᠭᠦᠷ ᠬᠦᠷᠲᠡᠯ᠎ᠡ ᠳᠠᠮᠵᠢᠳᠠᠭ᠃
ᠭᠡᠷᠡᠯᠲᠦ ᠮᠢᠨᠳᠠᠰᠤ ᠶᠢ ᠬᠠᠷᠢᠯᠴᠠᠭ᠎ᠠ ᠬᠣᠯᠪᠣᠭᠠᠨ ᠤ ᠰᠦᠯᠵᠢᠶᠡᠨ ᠳᠦ ᠥᠷᠭᠡᠨ ᠬᠡᠷᠡᠭᠯᠡᠳᠡᠭ ᠠᠭᠠᠳ ᠮᠡᠳᠡᠭᠡᠯᠡᠯ ᠢ ᠬᠣᠯᠠ ᠵᠠᠢ ᠳᠤ ᠥᠨᠳᠥᠷ ᠬᠤᠷᠳᠤ ᠲᠠᠢ᠂ ᠬᠤᠴᠤᠷᠤᠯ ᠪᠣᠭᠣᠨᠢ ᠲᠠᠢ ᠳᠠᠮᠵᠢᠭᠤᠯᠳᠠᠭ᠃ ᠪᠠᠰᠠ ᠡᠮᠨᠡᠯᠭᠡ ᠶᠢᠨ ᠲᠣᠨᠣᠭ ᠲᠥᠬᠥᠭᠡᠷᠡᠮᠵᠢ᠂ ᠰᠢᠨᠵᠢᠯᠡᠬᠦ ᠤᠬᠠᠭᠠᠨ ᠤ ᠲᠤᠷᠰᠢᠯᠲᠠ ᠰᠤᠳᠤᠯᠭᠠᠨ ᠤ ᠪᠠᠭᠠᠵᠢ ᠬᠡᠷᠡᠭᠰᠡᠯ᠂ ᠦᠢᠯᠡᠳᠪᠦᠷᠢᠯᠡᠯ ᠦᠨ ᠬᠡᠷᠡᠭᠯᠡᠭᠡᠨ ᠳᠦ ᠠᠰᠢᠭᠯᠠᠳᠠᠭ᠃
ᠤᠯᠠᠮᠵᠢᠯᠠᠯᠲᠤ ᠵᠡᠰ ᠤᠲᠠᠰᠤ ᠲᠠᠢ ᠬᠠᠷᠢᠴᠠᠭᠤᠯᠬᠤ ᠳᠤ ᠣᠫᠲ᠋ᠢᠻ ᠮᠢᠨᠳᠠᠰᠤ ᠨᠢ ᠥᠷᠭᠡᠨ ᠵᠤᠷᠪᠤᠰ ᠲᠠᠢ᠂ ᠳᠣᠬᠢᠶᠠᠨ ᠤ ᠠᠯᠳᠠᠭᠳᠠᠯ ᠪᠠᠭ᠎ᠠ ᠲᠠᠢ᠂ ᠴᠠᠬᠢᠯᠭᠠᠨ ᠰᠣᠷᠢᠨᠵᠢᠨ ᠬᠥᠨᠳᠡᠯᠡᠨ ᠢᠢᠨ ᠨᠥᠯᠥᠭᠡᠯᠡᠯ ᠳᠦ ᠥᠷᠲᠦᠬᠦ ᠦᠭᠡᠢ ᠭᠡᠬᠦ ᠵᠡᠷᠭᠡ ᠳᠠᠪᠠᠭᠤ ᠲᠠᠯ᠎ᠠ ᠲᠠᠢ᠃ ᠮᠥᠨ ᠬᠥᠩᠭᠡᠨ ᠵᠢᠩ ᠲᠡᠢ᠂ ᠵᠢᠪᠡᠷᠡᠬᠦ ᠰᠢᠯᠲᠠᠭᠠᠨ ᠦᠭᠡᠢ ᠲᠤᠯᠠ ᠬᠠᠬᠢᠷ ᠰᠢᠷᠦᠭᠦᠨ ᠤᠷᠴᠢᠨ ᠳᠤ ᠠᠰᠢᠭᠯᠠᠬᠤ ᠳᠤ ᠲᠣᠬᠢᠷᠠᠮᠵᠢᠲᠠᠢ᠃[1]
ᠭᠡᠷᠡᠯ ᠦᠨ ᠮᠢᠨᠳᠠᠰᠤᠨ ᠤᠲᠠᠰᠤᠨ ᠤ ᠵᠡᠭᠦᠨ ᠦᠵᠦᠭᠦᠷ ᠲᠦ ᠯᠠᠰᠧᠷ ᠭᠡᠷᠡᠯ ᠲᠤᠰᠬᠠᠨ ᠣᠷᠤᠭᠤᠯᠠᠭᠰᠠᠨ ᠠᠨᠤ ᠪᠠᠷᠠᠭᠤᠨ ᠦᠵᠦᠭᠦᠷ ᠡᠴᠡ ᠭᠠᠷᠴᠤ ᠪᠠᠢᠢᠨ᠎ᠠ |
ᠠᠵᠢᠯᠯᠠᠭ᠎ᠠ Засварлах
ᠭᠡᠷᠡᠯ ᠦᠨ ᠮᠢᠨᠳᠠᠰᠤᠨ ᠤ ᠪᠦᠲᠦᠴᠡ |
ᠭᠡᠷᠡᠯ ᠦᠨ ᠮᠢᠨᠳᠠᠰᠤ ᠨᠢ ᠵᠢᠷᠦᠬᠡᠪᠴᠢ (core)᠂ ᠪᠦᠷᠬᠦᠪᠴᠢ (cladding᠂ ᠪᠦᠷᠬᠦᠭᠦᠯ)᠂ ᠭᠠᠳᠠᠷ (buffer coating) ᠭᠡᠰᠡᠨ ᠭᠤᠷᠪᠠᠨ ᠬᠡᠰᠡᠭ ᠡᠴᠡ ᠪᠥᠷᠢᠳᠦᠨ᠎ᠡ᠃ ᠵᠢᠷᠦᠬᠡᠪᠴᠢ ᠨᠢ ᠬᠠᠮᠤᠭ ᠤᠨ ᠳᠣᠲᠣᠭᠠᠳᠤ ᠬᠡᠰᠡᠭ ᠪᠥᠭᠡᠳ ᠬᠦᠮᠦᠨ ᠦ ᠦᠰᠦᠨ ᠦ ᠣᠷᠴᠢᠮ ᠥᠷᠭᠡᠨ ᠲᠡᠢ ᠮᠠᠰᠢ ᠨᠢᠮᠭᠡᠨ ᠰᠢᠯᠢᠨ ᠮᠢᠨᠳᠠᠰᠤ ᠪᠠᠷ ᠬᠢᠭᠳᠡᠭᠰᠡᠨ ᠪᠠᠶᠢᠳᠠᠭ᠃ ᠪᠦᠷᠬᠦᠪᠴᠢ ᠨᠢ ᠵᠢᠷᠦᠬᠡᠪᠴᠢ ᠶᠢ ᠬᠦᠷᠢᠶᠡᠯᠡᠬᠦ ᠪᠠ ᠮᠥᠨ ᠰᠢᠯᠢ ᠪᠡᠷ ᠬᠢᠭᠳᠡᠭᠰᠡᠨ ᠪᠣᠯᠪᠠᠴᠤ ᠬᠤᠭᠤᠷᠠᠯ ᠤᠨ ᠢᠨᠳᠧᠻᠰ ᠪᠠᠭ᠎ᠠ ᠲᠠᠢ᠃ ᠭᠠᠳᠠᠷ ᠨᠢ ᠬᠠᠮᠤᠭ ᠤᠨ ᠭᠠᠳᠠᠨ᠎ᠠ ᠲᠠᠯ᠎ᠠ ᠶᠢᠨ ᠳᠠᠪᠬᠤᠷᠭ᠎ᠠ ᠪᠥᠭᠡᠳ ᠮᠢᠨᠳᠠᠰᠤ ᠶᠢ ᠭᠡᠮᠲᠦᠬᠦ ᠡᠴᠡ ᠬᠠᠮᠠᠭᠠᠯᠠᠬᠤ ᠵᠣᠷᠢᠯᠭ᠎ᠠ ᠪᠠᠷ ᠻᠬᠤᠪᠠᠨᠴᠢᠷ ᠪᠣᠯᠤᠨ ᠪᠤᠰᠤᠳ ᠮᠠᠲ᠋ᠧᠷᠢᠶᠠᠯ ᠢᠢᠠᠷ ᠬᠢᠭᠳᠡᠭᠰᠡᠨ ᠪᠠᠶ᠋ᠢᠳᠠᠭ᠃[2]
ᠭᠡᠷᠡᠯ ᠦᠨ ᠮᠢᠨᠳᠠᠰᠤ ᠶᠢᠨ ᠵᠢᠷᠦᠬᠡᠪᠴᠢ ᠦᠷᠦᠭᠦ ᠣᠷᠣᠭᠰᠠᠨ ᠭᠡᠷᠡᠯ ᠴᠢᠨᠠᠭᠰᠢ ᠶᠠᠪᠤᠬᠤ ᠳᠤ ᠪᠠᠨ ᠪᠦᠷᠬᠦᠪᠴᠢ ᠡᠴᠡ ᠣᠶ᠋ᠢᠬᠤ ᠪᠥᠭᠡᠳ ᠢᠩᠭᠢᠭᠰᠡᠨ ᠢᠢᠡᠷ ᠭᠡᠷᠡᠯ ᠢ ᠵᠢᠷᠦᠬᠡᠪᠴᠢ ᠳᠣᠲᠣᠷ᠎ᠠ ᠪᠠᠶ᠋ᠢᠯᠭᠠᠵᠤ᠂ ᠭᠠᠳᠠᠭᠰᠢ ᠠᠯᠳᠠᠭᠳᠠᠬᠤ ᠠᠴᠠ ᠰᠡᠷᠭᠡᠶ᠋ᠢᠯᠡᠳᠡᠭ᠃ ᠭᠡᠷᠡᠯ ᠨᠢ ᠵᠢᠷᠦᠬᠡᠪᠴᠢ ᠪᠡᠷ ᠳᠠᠮᠵᠢᠨ ᠠᠶᠠᠯᠠᠬᠤ ᠳᠤ ᠪᠠᠨ ᠪᠦᠷᠬᠦᠪᠴᠢ ᠶᠢᠨ ᠵᠠᠭᠠᠭ ᠠᠴᠠ ᠮᠣᠬᠣᠭ᠎ᠠ ᠥᠨᠴᠥᠭ ᠢᠢᠡᠷ ᠡᠷᠭᠢᠵᠦ ᠣᠶ᠋ᠢᠵᠢ ᠪᠤᠴᠠᠵᠤ ᠪᠠᠶ᠋ᠢᠳᠠᠭ᠃ ᠡᠭᠦᠨ ᠢ ᠪᠦᠷᠢᠨ ᠳᠣᠲᠣᠭᠠᠳᠤ ᠣᠶ᠋ᠢᠯᠲᠠ ᠭᠡᠳᠡᠭ᠃
ᠭᠡᠷᠡᠯ ᠦᠨ ᠮᠢᠨᠳᠠᠰᠤᠨ ᠻᠠᠪᠧᠯ ᠨᠢ ᠴᠠᠬᠢᠯᠭᠠᠨ ᠤ ᠣᠷᠣᠨ ᠳᠤ ᠭᠡᠷᠡᠯ ᠢ ᠠᠰᠢᠭᠯᠠᠨ ᠬᠣᠯᠠ ᠵᠠᠢ ᠳᠤ ᠥᠭᠭᠥᠭᠳᠡᠯ ᠢ ᠥᠨᠳᠥᠷ ᠬᠤᠷᠳᠤ ᠲᠠᠢ ᠳᠠᠮᠵᠢᠭᠤᠯᠬᠤ ᠪᠣᠯᠤᠮᠵᠢ ᠲᠠᠢ᠃ ᠭᠡᠷᠡᠯ ᠦᠨ ᠮᠢᠨᠳᠠᠰᠤ ᠶᠢᠨ ᠵᠢᠷᠦᠬᠡᠪᠴᠢ ᠪᠡᠷ ᠳᠠᠮᠵᠢᠬᠤ ᠭᠡᠷᠡᠯ ᠢ ᠮᠣᠳᠦ᠋ᠯᠢᠶᠠᠼᠢᠯᠠᠵᠤmodulate᠂ ᠥᠭᠭᠥᠭᠳᠡᠯ ᠢ ᠨᠢᠭᠡ ᠪᠠ ᠲᠡᠭ ᠭᠡᠰᠡᠨ ᠬᠡᠯᠪᠡᠷᠢ ᠪᠡᠷ ᠢᠯᠡᠷᠬᠡᠶ᠋ᠢᠯᠡᠵᠦ ᠪᠣᠯᠤᠨ᠎ᠠ᠃ ᠮᠣᠳᠦ᠋ᠯᠢᠶᠠᠼᠢ ᠬᠢᠭᠳᠡᠭᠰᠡᠨ ᠭᠡᠷᠡᠯ ᠦᠨ ᠳᠣᠬᠢᠶ᠎ᠠ ᠨᠢ ᠮᠢᠨᠳᠠᠰᠤ ᠪᠠᠷ ᠳᠠᠮᠵᠢᠨ ᠬᠦᠯᠢᠶᠡᠨ ᠠᠪᠬᠤ ᠲᠠᠯ᠎ᠠ ᠤᠷᠤᠭᠤ ᠬᠦᠷᠭᠡᠭᠳᠡᠵᠦ᠂ ᠲᠡᠨᠳᠡ ᠪᠡᠨ ᠳᠧᠮᠣᠳᠦᠶ᠋ᠢᠯᠢᠶᠠᠼ ᠬᠢᠭᠳᠡᠨ᠂ ᠥᠭᠭᠥᠭᠳᠡᠯ ᠰᠡᠷᠭᠦᠭᠡᠭᠳᠡᠳᠡᠭ᠃
ᠭᠡᠷᠡᠯ ᠦᠨ ᠮᠢᠨᠳᠠᠰᠤ ᠬᠥᠨᠳᠡᠯᠡᠩ ᠦᠨ ᠴᠠᠬᠢᠯᠭᠠᠨ ᠰᠣᠷᠢᠨᠵᠢᠨ ᠳᠣᠯᠭᠢᠶᠠᠨ ᠤ ᠨᠥᠯᠥᠭᠡᠯᠡᠯ ᠡᠴᠡ ᠠᠩᠭᠢᠳᠠ᠂ ᠪᠠᠰᠠ ᠥᠪᠡᠷ ᠢᠢᠡᠨ ᠷᠠᠳᠢᠣ᠋ ᠳᠣᠯᠭᠢᠶᠠᠨ ᠰᠠᠴᠤᠷᠠᠭᠤᠯᠬᠤ ᠦᠭᠡᠢ ᠲᠤᠯᠠ ᠵᠡᠰ ᠤᠲᠠᠰᠤ ᠠᠴᠠ ᠢᠯᠡᠭᠦᠦ ᠨᠠᠶ᠋ᠢᠳᠠᠪᠤᠷᠢᠲᠠᠢ ᠪᠠᠶ᠋ᠢᠨ᠎ᠠ᠃
ᠭᠡᠷᠡᠯ ᠦᠨ ᠮᠢᠨᠳᠠᠰᠤ ᠻᠠᠪᠧᠯ ᠪᠠᠲᠤ ᠪᠡᠬᠢ ᠴᠢᠨᠠᠷ ᠢᠢᠠᠷ ᠢᠢᠠᠨ ᠢᠯᠡᠭᠦᠦ᠂ ᠬᠠᠬᠢᠷ ᠰᠢᠷᠦᠭᠦᠨ ᠠᠭᠤᠷ ᠠᠮᠢᠰᠬᠤᠯ ᠤᠨ ᠨᠥᠬᠥᠴᠡᠯ ᠳᠦ ᠲᠡᠰᠪᠦᠷᠢᠲᠡᠢ᠃[3]
ᠠᠯᠤᠰ ᠤᠨ ᠵᠠᠢ ᠳᠤ ᠳᠠᠮᠵᠢᠭᠤᠯᠬᠤ ᠳᠤ ᠮᠢᠨᠳᠠᠰᠤᠨ ᠤᠲᠠᠰᠤ ᠪᠠᠷ ᠳᠠᠮᠵᠢᠵᠤ ᠪᠠᠶ᠋ᠢᠭ᠎ᠠ ᠭᠡᠷᠡᠯ ᠦᠨ ᠡᠷᠴᠢᠮ ᠰᠠᠭᠠᠷᠠᠳᠠᠭ᠃ ᠰᠠᠭᠠᠷᠠᠭᠰᠠᠨ ᠰᠢᠭ᠌ᠨᠠᠯ ᠢ ᠳᠠᠬᠢᠨ ᠥᠰᠬᠡᠬᠦ ᠶ᠋ᠢᠨ ᠲᠤᠯᠠᠳᠠ ᠳᠠᠮᠵᠢᠭᠤᠯᠬᠤ ᠱᠤᠭᠤᠮ ᠤᠨ ᠳᠠᠭᠠᠤ 80-100 km ᠲᠤᠲᠤᠮ ᠳᠤ ᠭᠡᠷᠡᠯ ᠦᠨ ᠳᠠᠬᠢᠨ ᠳᠠᠮᠵᠢᠭᠤᠯᠤᠭᠴᠢ (repeaters) ᠰᠠᠭᠤᠷᠢᠯᠠᠭᠤᠯᠳᠠᠭ᠃ ᠳᠠᠬᠢᠨ ᠳᠠᠮᠵᠢᠭᠤᠯᠤᠭᠴᠢ ᠭᠡᠷᠡᠯ ᠦᠨ ᠥᠰᠬᠡᠭᠴᠢ ᠲᠡᠢ᠂ ᠲᠡᠷᠡᠬᠦ ᠥᠰᠬᠡᠭᠴᠢ ᠨᠢ ᠰᠢᠯᠢ ᠮᠢᠨᠳᠠᠰᠤ ᠪᠠᠷ ᠳᠠᠮᠵᠢᠵᠤ ᠪᠤᠢ ᠭᠡᠷᠡᠯ ᠦᠨ ᠰᠢᠭ᠌ᠨᠠᠯ ᠢ ᠥᠰᠬᠡᠳᠡᠭ᠃ ᠭᠡᠷᠡᠯ ᠦᠨ ᠥᠰᠬᠡᠭᠴᠢ (optical amplifier) ᠨᠢ ᠭᠠᠵᠠᠷ ᠤᠨ ᠬᠣᠪᠣᠷ ᠡᠯᠧᠮᠧᠨ᠍ᠲ erbium᠂ ᠡᠰᠡᠪᠡᠯ ytterbium ᠬᠡᠷᠡᠭᠯᠡᠳᠡᠭ ᠪᠠ ᠡᠨᠡᠬᠦ ᠪᠣᠳᠠᠰ ᠢᠢᠠᠷ ᠭᠡᠷᠡᠯ ᠦᠨ ᠮᠢᠨᠳᠠᠰᠤᠨ ᠳᠣᠲᠣᠷ᠎ᠠ ᠲᠦᠷᠬᠢᠯᠭᠡ ᠬᠢᠭᠰᠡᠨ ᠪᠠᠶ᠋ᠢᠨ᠎ᠠ᠃[4]
ᠭᠡᠷᠡᠯ ᠦᠨ ᠰᠢᠭ᠌ᠨᠠᠯ ᠭᠡᠷᠡᠯ ᠦᠨ ᠮᠢᠨᠳᠠᠰᠤᠨ ᠤᠲᠠᠰᠤᠨ ᠤ ᠲᠦᠷᠬᠢᠯᠭᠡ ᠲᠡᠢ ᠬᠡᠰᠡᠭ ᠢᠢᠡᠷ ᠥᠩᠭᠡᠷᠡᠬᠦ ᠳᠦ ᠭᠠᠵᠠᠷ ᠤᠨ ᠬᠣᠪᠣᠷ ᠡᠯᠧᠮᠧᠨᠲ ᠦᠨ ᠢᠤᠨion ᠨᠤᠭᠤᠳ ᠨᠢ ᠧᠨᠧᠷᠭᠢ ᠶᠢenergy ᠥᠪᠡᠷᠲᠡᠭᠡᠨ ᠰᠢᠩᠭᠡᠭᠡᠵᠦ᠂ ᠡᠳᠦᠭᠡᠭᠳᠡᠭᠰᠡᠨ ᠲᠥᠯᠦᠪ ᠲᠦ ᠰᠢᠯᠵᠢᠨ᠎ᠡ᠃ ᠬᠡᠪ ᠦᠨ ᠲᠥᠯᠥᠪ ᠲᠦ ᠪᠤᠴᠠᠬᠤ ᠦᠶᠡᠳ᠋ᠡᠭᠡᠨ ᠲᠡᠷᠡᠬᠦ ᠧᠨᠧᠷᠭᠢ ᠶᠢ ᠨᠡᠮᠡᠯᠲᠡ ᠭᠡᠷᠡᠯ ᠪᠣᠯᠭᠠᠨ ᠢᠯᠭᠠᠷᠠᠭᠤᠯᠬᠤ ᠪᠠ ᠲᠡᠭᠦᠪᠡᠷ ᠭᠡᠷᠡᠯ ᠦᠨ ᠰᠢᠭ᠌ᠨᠠᠯ ᠥᠰᠬᠡᠭᠳᠡᠳᠡᠭ᠃
ᠳᠠᠬᠢᠨ ᠳᠠᠮᠵᠢᠭᠤᠯᠤᠭᠴᠢ ᠨᠢ ᠥᠰᠬᠡᠭᠴᠢ ᠶᠢ ᠡᠷᠴᠢᠮ ᠬᠦᠴᠢ ᠪᠡᠷ ᠬᠠᠩᠭᠠᠬᠤ᠂ ᠰᠢᠭ᠌ᠨᠠᠯ ᠤᠨ ᠴᠢᠨᠠᠷ ᠢ ᠬᠢᠨᠠᠬᠤ ᠵᠡᠷᠭᠡ ᠳᠦ ᠪᠠᠰᠠ ᠠᠰᠢᠭᠯᠠᠭᠳᠠᠳᠠᠭ᠃ ᠳᠠᠬᠢᠨ ᠳᠠᠮᠵᠢᠭᠤᠯᠤᠭᠴᠢ ᠶᠢ ᠳᠠᠮᠵᠢᠭᠤᠯᠬᠤ ᠱᠤᠭᠤᠮ ᠤᠨ ᠳᠠᠭᠠᠤ᠂ ᠮᠥᠨ ᠳᠠᠯᠠᠢ ᠶᠢᠨ ᠢᠷᠤᠭᠠᠷ ᠳ᠋ᠠᠬᠢ ᠱᠤᠭᠤᠮ ᠤᠨ ᠳᠠᠭᠠᠤ ᠰᠠᠭᠤᠷᠢᠯᠠᠭᠤᠯᠳᠠᠭ᠃
ᠭᠡᠷᠡᠯ ᠦᠨ ᠮᠢᠨᠳᠠᠰᠤᠨ ᠬᠣᠯᠪᠣᠭᠠᠨ ᠤ ᠰᠦᠯᠵᠢᠶ᠎ᠡ Засварлах
|
ᠭᠡᠷᠡᠯ ᠦᠨ ᠮᠢᠨᠳᠠᠰᠤᠨ ᠰᠦᠯᠵᠢᠶ᠎ᠡ ᠨᠢ ᠲᠣᠭᠠᠨ ᠥᠭᠭᠥᠭᠳᠡᠯ ᠢ ᠤᠷᠲᠤ ᠬᠣᠯᠠ ᠶᠢᠨ ᠵᠠᠢ ᠳᠤ ᠥᠨᠳᠥᠷ ᠬᠤᠷᠳᠤ ᠪᠠᠷ ᠳᠠᠮᠵᠢᠭᠤᠯᠬᠤ ᠬᠣᠯᠪᠣᠭᠠᠨ ᠤ ᠰᠦᠯᠵᠢᠶ᠎ᠡ ᠪᠥᠭᠡᠳ ᠨᠠᠶ᠋ᠢᠳᠠᠪᠤᠷᠢᠲᠠᠢ᠂ ᠥᠷᠭᠡᠨ ᠵᠤᠷᠪᠤᠰ ᠤᠨ ᠪᠠᠭᠲᠠᠭᠠᠮᠵᠢ ᠶᠡᠬᠡ ᠲᠡᠢ ᠪᠢᠯᠡ᠃
ᠭᠡᠷᠡᠯ ᠦᠨ ᠮᠢᠨᠳᠠᠰᠤᠨ ᠰᠦᠯᠵᠢᠶ᠎ᠡ ᠨᠢ ᠬᠢᠮᠡᠯ ᠳᠠᠭᠠᠭᠤᠯᠢ ᠪᠣᠯᠤᠨ ᠰᠲ᠋ᠠᠷᠯᠢᠨᠻ ᠤᠨ ᠬᠣᠯᠪᠣᠭ᠎ᠠ ᠲᠠᠢ ᠬᠠᠷᠢᠴᠠᠭᠤᠯᠬᠤ ᠳᠤ ᠰᠢᠭ᠌ᠨᠠᠯ ᠤᠨ ᠬᠣᠴᠣᠷᠤᠯ ᠮᠠᠰᠢ ᠪᠠᠭ᠎ᠠ᠂ ᠠᠭᠠᠷ ᠮᠠᠨᠳᠠᠯ ᠤᠨ ᠦᠵᠡᠭᠳᠡᠯ᠂ ᠬᠠᠷᠠᠭᠳᠠᠴᠠ ᠬᠢᠵᠠᠭᠠᠷᠯᠠᠭᠳᠠᠬᠤ ᠪᠡᠷᠬᠡᠰᠢᠶᠡᠯ ᠡᠴᠡ ᠠᠩᠭᠢᠳᠠ᠂ ᠨᠠᠶ᠋ᠢᠳᠠᠪᠤᠷᠢᠲᠠᠢ᠂ ᠳᠠᠮᠵᠢᠭᠤᠯᠬᠤ ᠵᠤᠷᠪᠤᠰ ᠨᠢ ᠥᠷᠭᠡᠨ ᠲᠤᠯᠠ ᠮᠡᠳᠡᠭᠡᠯᠡᠯ ᠦᠨ ᠪᠠᠭᠲᠠᠭᠠᠮᠵᠢ ᠶᠡᠬᠡ ᠲᠡᠢ ᠶᠤᠮ᠃[5]
ᠭᠡᠬᠦ ᠳᠦ ᠪᠡᠨ ᠭᠡᠷᠡᠯ ᠦᠨ ᠮᠢᠨᠳᠠᠰᠤᠨ ᠰᠦᠯᠵᠢᠶ᠎ᠡ ᠬᠢᠮᠡᠯ ᠳᠠᠭᠠᠭᠤᠯᠢ ᠶᠢᠨ ᠬᠣᠯᠪᠣᠭ᠎ᠠ ᠶᠢ ᠬᠡᠷᠡᠭᠯᠡᠭᠡᠨ ᠡᠴᠡ ᠰᠢᠬᠠᠨ ᠭᠠᠷᠭᠠᠬᠤ ᠦᠭᠡᠢ᠂ ᠬᠢᠮᠡᠯ ᠳᠠᠭᠠᠭᠤᠯᠢ ᠶᠢᠨ ᠬᠣᠯᠪᠣᠭ᠎ᠠ ᠨᠢ ᠳᠡᠳ᠋ ᠪᠦᠲᠦᠴᠡ ᠬᠦᠷᠦᠭᠡᠳᠦᠢ ᠠᠯᠤᠰᠯᠠᠭᠳᠠᠭᠰᠠᠨ ᠴᠡᠭ ᠦᠳ ᠢ ᠬᠣᠯᠪᠣᠬᠤ ᠭᠡᠬᠦ ᠵᠡᠷᠭᠡ ᠳᠦ ᠴᠢᠬᠤᠯᠠ ᠠᠴᠢ ᠬᠣᠯᠪᠣᠭᠳᠠᠯ ᠲᠠᠢ᠃[6]
ᠭᠡᠷᠡᠯ ᠦᠨ ᠮᠢᠨᠳᠠᠰᠤᠨ ᠰᠦᠯᠵᠢᠶᠡᠨ ᠦ ᠻᠠᠪᠧᠯ ᠢ ᠡᠬᠡ ᠭᠠᠵᠠᠷ ᠲᠤ ᠱᠤᠤᠳᠤᠤ᠂ ᠭᠠᠵᠠᠷ ᠳᠣᠣᠷᠠᠬᠢ ᠬᠣᠩᠭᠢᠯ ᠢᠢᠠᠷ᠂ ᠪᠠᠰᠠ ᠳᠠᠯᠠᠢ᠂ ᠲᠡᠩᠭᠢᠰ ᠦᠨ ᠢᠷᠤᠭᠠᠷ ᠢᠢᠠᠷ ᠲᠠᠯᠪᠢᠳᠠᠭ᠃ ᠠᠯᠢ ᠴᠤ ᠲᠣᠬᠢᠶᠠᠯᠳᠤᠯ ᠳᠤ ᠱᠤᠭᠤᠮ ᠳᠤ ᠭᠡᠮᠲᠦᠯ ᠤᠴᠠᠷᠠᠬᠤ ᠡᠷᠦᠰᠳᠡᠯ ᠢ ᠪᠠᠭᠤᠷᠠᠭᠤᠯᠬᠤ ᠡᠭᠦᠳᠡᠨ ᠡᠴᠡ ᠨᠤᠬᠤᠴᠠᠲᠠᠢ ᠲᠥᠯᠥᠪᠯᠡᠯᠲᠡ᠂ ᠢᠨ᠍ᠵᠧᠨᠧᠷᠴᠢᠯᠡᠯ ᠱᠠᠭᠠᠷᠳᠠᠯᠭ᠎ᠠ ᠲᠠᠢ ᠪᠠᠶ᠋ᠢᠳᠠᠭ᠃
ᠲᠢᠢᠪ ᠦᠳ ᠢ ᠬᠣᠯᠪᠣᠭᠰᠠᠨ ᠭᠡᠷᠡᠯ ᠦᠨ ᠮᠢᠨᠳᠠᠰᠤᠨ ᠻᠠᠪᠧᠯ ᠤᠨ ᠲᠣᠮᠣᠬᠠᠨ ᠰᠢᠰᠲ᠋ᠧᠮ ᠦᠳ ᠨᠢ ᠳᠠᠷᠠᠭᠠᠬᠢ ᠪᠣᠯᠤᠨ᠎ᠠ᠄
Transatlantic᠄ ᠤᠮᠠᠷᠠᠲᠤ ᠠᠮᠧᠷᠢᠻᠠ ᠪᠠ ᠧᠦ᠋ᠷᠣᠫᠠ ᠶᠢ ᠬᠣᠯᠪᠣᠭᠰᠠᠨ ᠬᠡᠳᠦ ᠬᠡᠳᠦᠨ ᠰᠦᠯᠵᠢᠶ᠎ᠡ ᠠᠲ᠋ᠯᠠᠨ᠍ᠲᠠ ᠢᠢᠨ ᠳᠠᠯᠠᠢ ᠶᠢᠨ ᠢᠷᠤᠭᠠᠷ ᠢᠢᠠᠷ ᠲᠠᠯᠪᠢᠭᠳᠠᠭᠰᠠᠨ᠃
Transpacific᠄ ᠤᠮᠠᠷᠠᠲᠤ ᠠᠮᠧᠷᠢᠻᠠ ᠪᠠ ᠠᠽᠢᠶ᠎ᠠ ᠶᠢ᠂ ᠮᠥᠨ ᠠᠦᠢᠰᠲᠷᠠᠯᠢᠶ᠎ᠠ ᠶᠢ ᠬᠣᠯᠪᠣᠭᠰᠠᠨ ᠬᠡᠳᠦ ᠬᠡᠳᠦᠨ ᠰᠦᠯᠵᠢᠶ᠎ᠡ ᠨᠣᠮᠣᠬᠠᠨ ᠳᠠᠯᠠᠢ ᠶᠢᠨ ᠢᠷᠤᠭᠠᠷ ᠢᠢᠠᠷ ᠲᠠᠯᠪᠢᠭᠳᠠᠭᠰᠠᠨ᠃
ᠡᠨᠡᠳᠬᠡᠭ ᠦᠨ ᠳᠠᠯᠠᠢ᠄ ᠵᠡᠭᠦᠨ ᠡᠮᠦᠨᠡᠲᠦ ᠠᠽᠢᠶ᠎ᠠ – ᠣᠶ᠋ᠢᠷᠠᠬᠢ ᠳᠣᠷᠣᠨᠠᠲᠤ – ᠥᠷᠦᠨᠡᠳᠦ ᠧᠦ᠋ᠷᠣᠫᠠ ᠶᠢ ᠬᠣᠯᠪᠣᠭᠰᠠᠨ ᠰᠦᠯᠵᠢᠶ᠎ᠡ ᠡᠨᠡᠳᠬᠡᠭ ᠦᠨ ᠳᠠᠯᠠᠢ ᠶᠢᠨ ᠢᠷᠤᠭᠠᠷ ᠢᠢᠠᠷ ᠲᠠᠯᠪᠢᠭᠳᠠᠭᠰᠠᠨ᠃
ᠭᠠᠵᠠᠷ ᠤᠨ ᠳᠤᠮᠳᠠᠳᠤ ᠲᠡᠩᠭᠢᠰ᠄ ᠠᠽᠢᠶ᠎ᠠ – ᠠᠹᠷᠢᠻᠠ – ᠧᠦ᠋ᠷᠣᠫᠠ ᠶᠢ ᠬᠣᠯᠪᠣᠭᠰᠠᠨ ᠰᠦᠯᠵᠢᠶ᠎ᠡ᠃
ᠡᠮᠦᠨᠡᠲᠦ ᠠᠲ᠋ᠯᠠᠨ᠍ᠲᠠ ᠢᠢᠨ ᠳᠠᠯᠠᠢ᠄ ᠡᠮᠦᠨᠡᠲᠦ ᠠᠮᠧᠷᠢᠻᠠ ᠪᠠ ᠠᠹᠷᠢᠻᠠ ᠶᠢ ᠬᠣᠯᠪᠣᠭᠰᠠᠨ ᠰᠦᠯᠵᠢᠶ᠎ᠡ ᠲᠠᠯᠪᠢᠭᠳᠠᠭᠰᠠᠨ᠃
ᠭᠡᠷᠡᠯ ᠦᠨ ᠮᠢᠨᠳᠠᠰᠤ ᠬᠣᠯᠪᠣᠭᠠᠨ ᠤ ᠰᠦᠯᠵᠢᠶᠡᠨ ᠦ ᠳᠠᠮᠵᠢᠭᠤᠯᠤᠭᠴᠢ ᠲᠠᠯ᠎ᠠ ᠳᠤ ᠴᠠᠬᠢᠯᠭᠠᠨ ᠳᠣᠬᠢᠶ᠎ᠠ ᠶᠢ ᠡᠬᠢᠯᠡᠭᠡᠳ fiber media converter ᠬᠡᠮᠡᠬᠦ ᠲᠥᠬᠥᠭᠡᠡᠮᠵᠢ ᠶᠢ ᠠᠰᠢᠭᠯᠠᠨ ᠮᠣᠳᠦ᠋ᠯᠢᠶᠠᠼᠠᠯᠠᠭᠳᠠᠭᠰᠠᠨ ᠣᠫᠲ᠋ᠢᠻoptic ᠳᠣᠬᠢᠶ᠎ᠠ ᠪᠣᠯᠭᠠᠨ ᠬᠤᠪᠢᠷᠠᠭᠠᠳᠠᠭ᠃[7] ᠬᠠᠷᠢᠨ ᠬᠦᠯᠢᠶᠡᠨ ᠠᠪᠬᠤ ᠲᠠᠯ᠎ᠠ ᠳᠤ ᠣᠫᠲ᠋ᠢᠻ ᠳᠣᠬᠢᠶ᠎ᠠ ᠶᠢ ᠨᠢ ᠡᠬᠢᠯᠡᠭᠡᠳ ᠴᠠᠬᠢᠯᠭᠠᠨ ᠳᠣᠬᠢᠶ᠎ᠠ ᠪᠣᠯᠭᠠᠵᠤ ᠬᠤᠪᠢᠷᠠᠳᠠᠭ᠃ ᠳᠠᠷᠠᠭ᠎ᠠ ᠨᠢ ᠴᠠᠬᠢᠯᠭᠠᠨ ᠭᠦᠶᠦᠳᠡᠯ ᠪᠣᠯᠭᠠᠨ ᠬᠤᠪᠢᠷᠠᠭᠠᠭᠰᠠᠨ ᠳᠣᠬᠢᠶ᠎ᠠ ᠶᠢ ᠥᠰᠬᠡᠵᠦ᠂ ᠠᠩᠬᠠᠨ ᠤ ᠮᠡᠳᠡᠭᠡᠯᠡᠯ ᠢ ᠰᠡᠷᠭᠦᠭᠡᠬᠦ ᠪᠣᠯᠪᠠᠰᠤᠷᠠᠭᠤᠯᠤᠯᠲᠠ ᠬᠢᠳᠡᠭ᠃
ᠬᠡᠷᠡᠭᠯᠡᠭᠡ Засварлах
ᠭᠡᠷᠡᠯ ᠦᠨ ᠮᠢᠨᠳᠠᠰᠤ ᠢ ᠡᠮᠨᠡᠯᠭᠡ ᠢᠢᠨ ᠳᠦᠷᠰᠦ ᠣᠨᠤᠰᠢᠯᠭᠠᠨ ᠳ᠋ᠤ ᠠᠰᠢᠭᠯᠠᠳᠠᠭ |
ᠭᠡᠷᠡᠯ ᠦᠨ ᠮᠢᠨᠳᠠᠰᠤ ᠶᠢᠨ ᠲᠧᠭᠨᠣᠯᠣᠭᠢ ᠨᠢ ᠥᠨᠳᠥᠷ ᠬᠤᠷᠳᠤ ᠲᠠᠢ ᠥᠭᠭᠥᠭᠳᠡᠯ ᠳᠠᠮᠵᠢᠭᠤᠯᠬᠤ᠂ ᠳᠣᠬᠢᠶᠠᠨ ᠤ ᠠᠯᠳᠠᠭᠳᠠᠯ ᠪᠠᠭ᠎ᠠ ᠲᠠᠢ ᠤᠴᠢᠷ ᠠᠴᠠ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠳᠠᠮᠵᠢᠭᠤᠯᠬᠤ ᠰᠠᠯᠪᠤᠷᠢ ᠳᠤ ᠬᠤᠪᠢᠰᠬᠠᠯ ᠬᠢᠭᠰᠡᠨ᠃ ᠭᠡᠷᠡᠯ ᠦᠨ ᠮᠢᠨᠳᠠᠰᠤ ᠶᠢᠨ ᠲᠧᠭᠨᠣᠯᠣᠭᠢ ᠶᠢᠨ ᠬᠠᠮᠤᠭ ᠤᠨ ᠲᠦᠭᠡᠮᠡᠯ ᠬᠡᠷᠡᠭᠯᠡᠭᠡ ᠨᠦᠭᠦᠳ ᠢ ᠳᠤᠷᠠᠳᠪᠠᠯ᠄
ᠬᠠᠷᠢᠯᠴᠠᠭ᠎ᠠ ᠬᠣᠯᠪᠣᠭ᠎ᠠ᠄ ᠭᠡᠷᠡᠯ ᠦᠨ ᠮᠢᠨᠳᠠᠰᠤ ᠨᠢ ᠤᠲᠠᠰᠤ᠂ ᠲᠧᠯᠧᠸᠢᠽtelevision᠂ ᠢᠨ᠍ᠲ᠋ᠧᠷᠨᠧᠲInternet ᠵᠡᠷᠭᠡ ᠬᠠᠷᠢᠯᠴᠠᠭ᠎ᠠ ᠬᠣᠯᠪᠣᠭᠠᠨ ᠤ ᠰᠠᠯᠪᠤᠷᠢ ᠳᠤ ᠥᠷᠭᠡᠨ ᠬᠡᠷᠡᠭᠯᠡᠭᠳᠡᠳᠡᠭ᠃ ᠭᠡᠷᠡᠯ ᠦᠨ ᠮᠢᠨᠳᠠᠰᠤ ᠨᠢ ᠤᠯᠠᠮᠵᠢᠯᠠᠯᠲᠤ ᠵᠡᠰ ᠤᠲᠠᠰᠤ ᠶᠢ ᠪᠣᠳᠣᠪᠠᠯ ᠢᠯᠡᠭᠦᠦ ᠥᠷᠭᠡᠨ ᠵᠤᠷᠪᠤᠰ ᠲᠠᠢ᠂ ᠥᠭᠭᠥᠭᠳᠡᠯ ᠳᠠᠮᠵᠢᠭᠤᠯᠬᠤ ᠬᠤᠷᠳᠤ ᠢᠯᠡᠭᠦᠦ ᠥᠨᠳᠥᠷ ᠲᠡᠢ ᠪᠠᠶ᠋ᠢᠳᠠᠭ᠃[8]
ᠠᠨᠠᠭᠠᠬᠤ᠄ ᠭᠡᠷᠡᠯ ᠦᠨ ᠮᠢᠨᠳᠠᠰᠤ ᠶᠢᠨ ᠲᠧᠭᠨᠣᠯᠣᠭᠢ ᠶᠢ ᠡᠮᠨᠡᠯᠭᠡ ᠶᠢᠨ ᠰᠠᠯᠪᠤᠷᠢ ᠳᠤ ᠲᠥᠷᠥᠯ ᠪᠦᠷᠢ ᠪᠡᠷ ᠬᠡᠷᠡᠭᠯᠡᠳᠡᠭ ᠪᠥᠭᠡᠳ ᠳᠤᠷᠠᠨ ᠤᠨ ᠰᠢᠨᠵᠢᠯᠡᠭᠡ ᠪᠡᠷ ᠡᠮᠴᠢ ᠨᠠᠷ ᠳᠣᠲᠣᠭᠠᠳᠤ ᠡᠷᠬᠡᠲᠡᠨ᠂ ᠪᠡᠶ᠎ᠡ ᠶᠢᠨ ᠬᠥᠨᠳᠡᠢ ᠶᠢ ᠰᠢᠨᠵᠢᠯᠡᠬᠦ ᠪᠣᠯᠤᠮᠵᠢ ᠲᠠᠢ᠃ ᠭᠡᠷᠡᠯ ᠦᠨ ᠮᠢᠨᠳᠠᠰᠤ ᠶᠢ ᠯᠠᠽᠧᠷlaser ᠮᠡᠰᠡ ᠵᠠᠰᠠᠯ᠂ MRI᠂ CT ᠰᠻᠠᠨᠧᠷ ᠵᠡᠷᠭᠡ ᠡᠮᠨᠡᠯᠭᠡ ᠶᠢᠨ ᠳᠦᠷᠰᠦ ᠣᠨᠣᠰᠢᠯᠠᠭᠠᠨ ᠤ ᠲᠣᠨᠣᠭ ᠲᠥᠬᠦᠭᠡᠷᠦᠮᠵᠢ ᠳᠦ ᠪᠠᠰᠠ ᠠᠰᠢᠭᠯᠠᠳᠠᠭ᠃[9]
ᠴᠡᠷᠢᠭ ᠦᠨ᠄ ᠭᠡᠷᠡᠯ ᠦᠨ ᠮᠢᠨᠳᠠᠰᠤ ᠨᠢ ᠮᠡᠳᠡᠭᠡᠯᠡᠯ ᠢ ᠬᠤᠷᠳᠤᠨ ᠪᠥᠭᠡᠳ ᠨᠠᠶ᠋ᠢᠳᠠᠪᠤᠷᠢᠲᠠᠢ ᠳᠠᠮᠵᠢᠭᠤᠯᠬᠤ ᠱᠠᠭᠠᠷᠳᠠᠯᠭ᠎ᠠ ᠲᠠᠢ ᠠᠶᠤᠯ ᠦᠭᠡᠢ ᠬᠠᠷᠢᠯᠴᠠᠭ᠎ᠠ ᠬᠣᠯᠪᠣᠭᠠᠨ ᠤ ᠵᠣᠷᠢᠯᠭ᠎ᠠ ᠪᠠᠷ ᠴᠡᠷᠢᠭ ᠦᠨ ᠬᠡᠷᠡᠭᠯᠡᠭᠡᠨ ᠳᠦ ᠠᠰᠢᠭᠯᠠᠭᠳᠠᠳᠠᠭ᠃
ᠠᠵᠤ ᠦᠢᠯᠡᠳᠪᠦᠷᠢ᠄ ᠭᠡᠷᠡᠯ ᠦᠨ ᠮᠢᠨᠳᠠᠰᠤ ᠶᠢ ᠦᠢᠯᠡᠳᠪᠦᠷᠢᠯᠡᠯ ᠦᠨ ᠨᠥᠬᠥᠴᠡᠯ ᠳᠦ ᠫᠷᠣᠼᠧᠰᠰ ᠢprocess ᠤᠳᠤᠷᠢᠳᠬᠤ᠂ ᠬᠢᠨᠠᠬᠤ᠂ ᠲᠡᠭᠦᠨᠴᠢᠯᠡᠨ ᠤᠯᠠᠮᠵᠢᠯᠠᠯᠲᠤ ᠵᠡᠰ ᠤᠲᠠᠰᠤ ᠶᠢ ᠬᠡᠷᠡᠭᠯᠡᠬᠦ ᠨᠢ ᠠᠶᠤᠯᠲᠠᠢ ᠤᠷᠴᠢᠨ ᠳᠤ ᠠᠰᠢᠭᠯᠠᠳᠠᠭ᠃
ᠥᠷᠭᠡᠨ ᠨᠡᠪᠲᠡᠷᠡᠭᠦᠯᠭᠡ᠄ ᠭᠡᠷᠡᠯ ᠦᠨ ᠮᠢᠨᠳᠠᠰᠤ ᠨᠢ ᠰᠫᠣᠷᠲ ᠤᠨ ᠠᠷᠭ᠎ᠠ ᠬᠡᠮᠵᠢᠶ᠎ᠡ᠂ ᠻᠣᠨᠼᠧᠷᠲ ᠪᠣᠯᠤᠨ ᠪᠤᠰᠤᠳ ᠵᠤᠭ᠎ᠠ ᠴᠡᠩᠭᠡᠭᠡᠨ ᠦ ᠠᠷᠭ᠎ᠠ ᠬᠡᠮᠵᠢᠶᠡᠨ ᠦ ᠰᠢᠭᠤᠳ ᠨᠡᠪᠲᠡᠷᠡᠭᠦᠯᠭᠡ ᠳᠦ ᠸᠢᠳᠢᠣ᠋ ᠥᠭᠭᠥᠭᠳᠡᠯ ᠢ ᠳᠠᠮᠵᠢᠭᠤᠯᠬᠤ ᠳᠤ ᠠᠰᠢᠭᠯᠠᠭᠳᠠᠳᠠᠭ᠃
ᠥᠭᠭᠥᠭᠳᠡᠯ ᠦᠨ ᠲᠥᠪ᠄ ᠭᠡᠷᠡᠯ ᠦᠨ ᠮᠢᠨᠳᠠᠰᠤ ᠶᠢᠨ ᠲᠧᠭᠨᠣᠯᠣᠭᠢ ᠶᠢ ᠥᠭᠭᠥᠭᠳᠡᠯ ᠦᠨ ᠲᠥᠪ ᠦᠳ ᠢ ᠬᠣᠭᠣᠷᠣᠨᠳᠣ ᠨᠢ ᠬᠣᠯᠪᠣᠬᠤ ᠳᠤ ᠠᠰᠢᠭᠯᠠᠳᠠᠭ ᠪᠥᠭᠡᠳ ᠥᠨᠳᠥᠷ ᠬᠤᠷᠳᠤ ᠲᠠᠢ ᠥᠭᠭᠥᠭᠳᠡᠯ ᠳᠠᠮᠵᠢᠭᠤᠯᠬᠤ᠂ ᠰᠧᠷᠸᠧᠷ ᠪᠣᠯᠤᠨ ᠬᠠᠳᠠᠭᠠᠯᠠᠬᠤ ᠲᠥᠬᠥᠭᠡᠷᠡᠮᠵᠢ ᠨᠦᠭᠦᠳ ᠦᠨ ᠬᠣᠭᠣᠷᠣᠨᠳᠣ ᠬᠣᠴᠣᠷᠤᠯ ᠪᠠᠭ᠎ᠠ ᠪᠠᠶ᠋ᠢᠬᠤ ᠨᠥᠬᠥᠴᠡᠯ ᠬᠠᠩᠭᠠᠭᠳᠠᠳᠠᠭ᠃
ᠨᠢᠰᠬᠦ ᠪᠠ ᠰᠠᠨᠰᠠᠷ᠄ ᠭᠡᠷᠡᠯ ᠦᠨ ᠮᠢᠨᠳᠠᠰᠤ ᠶᠢ ᠠᠭᠠᠷ ᠤᠨ ᠲᠡᠭᠡᠭᠡᠪᠦᠷᠢ᠂ ᠰᠠᠨᠰᠠᠷ ᠰᠤᠳᠤᠯᠤᠯ ᠤᠨ ᠰᠠᠯᠪᠤᠷᠢ ᠳᠤ ᠬᠣᠯᠪᠣᠭᠠᠨ ᠤ ᠰᠢᠰᠲ᠋ᠧᠮ᠂ ᠨᠠᠸᠢᠭᠠᠼᠢnavigation᠂ ᠠᠸᠢᠶᠣᠨᠢᠻ ᠤᠨavionics ᠲᠣᠨᠣᠭ ᠲᠥᠬᠥᠭᠡᠷᠡᠮᠵᠢ ᠳᠦ ᠠᠰᠢᠭᠯᠠᠳᠠᠭ᠃
ᠭᠡᠷᠡᠯ ᠦᠨ ᠮᠢᠨᠳᠠᠰᠤ ᠶᠢ ᠮᠥᠨ ᠳᠤᠷᠠᠨ ᠠᠪᠠᠢ᠂ ᠡᠭᠡᠯ ᠪᠥᠭᠡᠮᠰ ᠦᠨ ᠬᠤᠷᠳᠤᠰᠬᠠᠭᠤᠷ ᠵᠡᠷᠭᠡ ᠰᠢᠨᠵᠢᠯᠡᠬᠦ ᠤᠬᠠᠭᠠᠨ᠂ ᠰᠤᠳᠤᠯᠭᠠᠨ ᠤ ᠠᠵᠢᠯ ᠳᠤ ᠠᠰᠢᠭᠯᠠᠳᠠᠭ᠃
ᠨᠡᠷ᠎ᠡ ᠲᠣᠮᠢᠶᠠᠯᠠᠯ Засварлах
ᠭᠡᠷᠡᠯ ᠦᠨ ᠮᠢᠨᠳᠠᠰᠤ - optic fibre
ᠬᠣᠯᠪᠣᠭ᠎ᠠ - communication
ᠭᠡᠷᠡᠯ - ᠴᠠᠬᠢᠯᠭᠠᠨ ᠬᠤᠪᠢᠷᠠᠭᠠᠭᠤᠷ - optical-electrical converter
ᠴᠠᠬᠢᠯᠭᠠᠨ - ᠭᠡᠷᠡᠯ ᠬᠤᠪᠢᠷᠠᠭᠠᠭᠤᠷ - electrical-optical converter
ᠳᠠᠬᠢᠨ ᠳᠠᠮᠵᠢᠭᠤᠯᠤᠭᠴᠢ - repeater
ᠭᠡᠷᠡᠯ ᠦᠨ ᠥᠰᠬᠡᠭᠦᠷ - optical amplifier
ᠳᠠᠮᠵᠢᠭᠤᠯᠤᠨ ᠬᠦᠯᠢᠶᠡᠨ ᠠᠪᠤᠭᠴᠢ - fiber media converter
ᠭᠡᠷᠡᠯ ᠦᠨ ᠮᠢᠨᠳᠠᠰᠤᠨ ᠰᠦᠯᠵᠢᠶ᠎ᠡ - fibre optic network
ᠵᠢᠷᠦᠬᠡᠪᠴᠢ - core
ᠪᠦᠷᠬᠡᠪᠴᠢ - cladding
ᠭᠠᠳᠠᠷ - buffer coating
ᠮᠣᠳᠦ᠋ᠯᠢᠶᠠᠼᠢ - modulation
ᠳ᠋ᠧᠮᠣᠳᠦ᠋ᠯᠢᠶᠠᠼᠢ - demodulation
ᠰᠠᠭᠠᠳ - interference
ᠬᠠᠮᠠᠭᠠᠯᠬᠤ ᠭᠠᠳᠠᠷ - protective sheath
ᠡᠬᠢ ᠰᠤᠷᠪᠤᠯᠵᠢ Засварлах
- ↑ Thomas G. Giallorenzi, Joseph Bucaro, Anthony Dandridge, John H. Cole. Optical Fiber Sensors Challenge the Competition. Research Gate 1986/09. https://www.researchgate.net/publication/260689228_Optical-fiber_sensors_challenge_the_competition_Resistance_to_corrosion_and_immunity_to_interference_head_the_list_of_benefits_in_detecting_stimuli_ranging_from_pressure_to_magnetism
- ↑ Craig Freudenrich, Chris Pollette. How Fiber Optics Work. How Stuff Works 2022/07/29 https://computer.howstuffworks.com/fiber-optic1.htm
- ↑ Maxime Fazilleau. What Makes Optical Fibre Immune To EMI. Tiny Green PC 2017/01/23. https://www.tinygreenpc.com/blog/optical-fibre-immune-to-electromagnetic-interference/#:~:text=Fibre%20optic%20cables%20are%20non᠂electrical%20noise%20in%20the%20environment.
- ↑ Dual-Clad Erbium/Ytterbium Doped Fiber. New Port 2013/11/08᠃ https://www.newport.com/medias/sysmaster/images/images/h2b/h58/8797089038366/Dual-Clad-Erbium-Ytterbium-Doped-Fiber.pdf
- ↑ Fibre optic vs satellite: What’s the difference? Airband 2022/11/24. https://www.airband.co.uk/fibre-optic-vs-satellite-difference/#:~:text=Fibre%20broadband%20is%20far%20better,disruption%20in%20the%20satellite's%20communications%2C
- ↑ Nitin Abbey. Fibre vs. satellite: Which is a better approach for rural connectivity? STL 2022/11/30. https://www.stl.tech/blog/fibre-vs-satellite-which-is-a-better-approach-for-rural-connectivity
- ↑ What Are Fiber Media Converters? Black Box. ᠬᠠᠨᠳᠤᠭᠰᠠᠨ 2023/04/13. https://www.blackbox.com/en-au/insights/black-box-explains/fibre-optic-cable/what-are-fiber-media-converters
- ↑ Ben Hamlitsch. The Role of Fiber Optic Cables in Computer Networking. True Fiber 2023/01/10. https://www.truefiber.com/blogs/fiber-forum/the-role-of-fiber-optic-cables-in-computer-networking
- ↑ Ronald Sroka. Optical Fibers in Medical Technology. Photonics News No 79, ᠬᠠᠨᠳᠤᠭᠰᠠᠨ 2023/04/12. https://www.lasercomponents.com/de-en/news/optical-fibers-in-medical-technology