Улаан аварга

23:11, 24 Гуравдугаар сар 2020-ий байдлаарх Ogtarguy (яриа | оруулсан хувь нэмэр) хэрэглэгчийн хийсэн залруулга
ᠥᠨᠥ ᠶ᠋ᠢᠨ ᠨᠠᠷᠠ ᠊ᠢ
ᠢᠷᠡᠭᠡᠳᠦᠢ ᠳ᠋ᠦ
ᠤᠯᠠᠭᠠᠨ ᠠᠪᠤᠷᠭᠤ
ᠪᠣᠯᠬᠤ
ᠦᠶ ᠊ᠡ᠋ ᠶ᠋ᠢᠨ
ᠬᠡᠮᠵᠢᠶ ᠊ᠡ᠋ ᠲᠡᠢ ᠢᠨᠦ
ᠬᠠᠷᠢᠴᠠᠭᠤᠯᠤᠭᠰᠠᠨ
ᠳᠦᠷᠡᠰᠦᠯᠡᠯ

ᠤᠯᠠᠭᠠᠨ ᠠᠪᠤᠷᠭᠤ

'ᠤᠯᠭᠭᠠᠨ ᠠᠪᠤᠷᠭᠤ᠋᠋᠋' ᠪᠣᠯ ᠲᠥᠪ ᠬᠡᠰᠡᠭ ᠲᠦ ᠪᠡᠨ ᠤᠰᠤ ᠲᠥᠷᠥᠭᠴᠢ ᠶ᠋ᠢᠨ ᠨᠥᠭᠡᠴᠡ ᠪᠡᠨ ᠪᠠᠷᠵᠤ᠂ ᠲᠥᠪ ᠊ᠢ ᠲᠣᠭᠣᠷᠢᠭᠰᠠᠨ ᠪᠦᠷᠬᠦᠭᠦᠯ ᠳ᠋ᠤ ᠨᠢ ᠤᠰᠤ ᠲᠥᠷᠦᠭᠴᠢ ᠶ᠋ᠢᠨ ᠬᠠᠯᠠᠭᠤ ᠴᠥᠮ ᠦ᠋ᠨ ᠨᠢᠭᠡᠳᠦᠯ ᠦ᠋ᠨ ᠤᠷᠪᠠᠯ ᠡᠬᠢᠯᠡᠭᠰᠡᠨ ᠣᠳᠤ ᠪᠢᠯᠡ᠃ ᠭᠣᠣᠯᠴᠢ (ᠳᠢᠠᠮᠧ᠋ᠲ᠌ᠧᠷ) ᠢᠨᠦ ᠨᠠᠷᠠᠨ ᠊ᠤ ᠬᠢ ᠡᠴᠡ ᠬᠡᠳᠦᠨ ᠠᠷᠪᠠ ᠡᠴᠡ ᠬᠠᠳᠦᠨᠵᠠᠭᠤ ᠳᠠᠬᠢᠨ ᠲᠣᠮᠣ᠃ ᠭᠡᠲᠡᠯᠡ ᠭᠠᠳᠠᠭᠠᠳᠤ ᠳᠠᠪᠬᠤᠷᠭ᠍ ᠊ᠠ᠋ ᠶ᠋ᠢᠨ ᠠᠨᠤ ᠲᠧᠮᠫᠧᠷᠠᠲᠦ᠋ᠷ ᠠᠨᠤ ᠪᠠᠭ᠍ ᠊ᠠ᠋ ᠲᠤᠯᠠ ᠤᠯᠠᠭᠠᠪᠲᠤᠷ - ᠤᠯᠠᠪᠤᠷ ᠲᠤᠶᠠᠭ᠍ ᠊ᠠ᠋ ᠲᠠᠢ᠃ ᠬᠡᠳᠦᠢ ᠭᠠᠳᠠᠭᠠᠳᠤ ᠳᠠᠪᠬᠤᠷᠭ᠍ ᠊ᠠ᠋᠋ ᠶ᠋ᠢᠨ ᠠᠨᠤ ᠧᠨᠧᠷᠭᠢ ᠨᠠᠮ ᠪᠣᠯᠪᠠᠴᠤ ᠬᠠᠷᠠᠨ ᠡᠴᠡ ᠣᠯᠠᠨ ᠳᠠᠬᠢᠨ ᠲᠣᠳᠤ ᠭᠡᠷᠡᠯᠲᠠᠯᠲᠠ ᠲᠡᠢ ᠪᠠᠢᠢᠳᠠᠭ ᠠᠨᠤ ᠲᠡᠳᠡᠭᠡᠷ ᠦ᠋ᠨ ᠦᠯᠡᠮᠵᠢ ᠬᠡᠮᠵᠢᠶ ᠊ᠡ᠋᠋ ᠲᠡᠢ ᠬᠣᠯᠪᠤᠭ᠍ ᠊ᠠ᠋ ᠲᠠᠢ᠃ ᠣᠯᠠᠭᠠᠨ ᠠᠪᠤᠷᠭᠤ ᠶ᠋ᠢᠨ ᠰᠠᠯᠪᠤᠷᠢ ᠶ᠋ᠢᠨ ᠣᠳᠣᠳ ᠦ᠋ᠨ ᠭᠡᠷᠡᠯᠲᠠᠯᠲᠠ (luminosity) ᠨᠠᠷᠠᠨ ᠊ᠦ ᠬᠢ ᠡᠴᠡ (L☉) ᠭᠤᠷᠪᠠᠨ ᠮᠢᠩᠭ᠍᠎ᠠ ᠬᠦᠷᠲᠡᠯ᠎ᠡ ᠳᠠᠬᠢᠨ ᠶᠡᠬᠡ᠃ ᠰᠫᠧᠻᠲ᠋ᠷ ᠦᠨ K᠂ M ᠠᠩᠭᠢᠯᠠᠯ ᠦ᠋ᠨ ᠣᠳᠣᠳ ᠦ᠋ᠨ ᠭᠠᠳᠠᠷᠭ᠍ ᠊ᠠ᠋᠋ ᠶ᠋ᠢᠨ ᠲᠧᠮᠫᠧᠷᠠᠲᠦ᠋ᠷ 3,000–4,000 K ᠠᠭᠠᠳ ᠭᠣᠣᠯᠴᠢ ᠠᠨᠤ ᠨᠠᠷᠠᠨ ᠊ ᠬᠢ (R☉) ᠡᠴᠡ 200 ᠳᠠᠬᠢᠨ ᠶᠡᠬᠡ ᠪᠠᠢᠢᠳᠠᠭ᠃ ᠬᠡᠪᠲᠡᠭᠡ ᠰᠠᠯᠪᠤᠷᠢ ᠶ᠋ᠢ ᠣᠳᠣᠳ ᠢᠯᠡᠭᠦ ᠬᠠᠯᠠᠭᠤᠨ ᠪᠠ ᠭᠡᠷᠡᠯᠲᠡᠯᠡ ᠶ᠋ᠢᠨ ᠴᠠᠷ ᠠᠨᠤ ᠪᠠᠭ᠍ ᠊ᠠ᠋᠋ ᠪᠣᠶᠣ 75 L☉ ᠪᠢᠢᠨ᠎ ᠊ᠠ᠋᠋᠃

ᠬᠤᠪᠢᠰᠠᠯ

ᠤᠯᠠᠭᠠᠨ
ᠠᠪᠤᠷᠭᠤ ᠶ᠋ᠢᠨ
ᠪᠦᠲᠡᠴᠡ

ᠤᠯᠠᠭᠠᠨ ᠠᠪᠤᠷᠭᠤ ᠣᠳᠣᠳ 0.3 M☉ ᠡᠴᠡ 8 M☉ ᠬᠦᠷᠲᠡᠯᠡᠬᠢ ᠮᠠᠰᠰ ᠲᠠᠢ ᠦᠨᠳᠦᠰᠦᠨ ᠳᠠᠷᠠᠭᠠᠯᠠᠯ ᠦ᠋ᠨ (main sequence) ᠣᠳᠣᠳ ᠡᠴᠡ ᠡᠭᠦᠰᠳᠡᠭ᠃[1] ᠣᠳᠣ ᠦᠨᠳᠦᠰᠦᠨ ᠳᠠᠷᠠᠭᠠᠯᠠᠯ ᠳ᠋ᠤ ᠪᠠᠢᠢᠬᠤ ᠳ᠋ᠤ ᠪᠠᠨ ᠴᠥᠮ ᠳ᠋ᠡᠬᠢ ᠤᠰᠤ ᠲᠥᠷᠦᠭᠴᠢ ᠪᠡᠨ ᠾᠧᠯᠢ ᠳ᠋ᠤ ᠨᠡᠢᠢᠯᠡᠭᠵᠢᠭᠦᠯᠳᠡᠭ᠌ ᠪᠠ ᠲᠥᠪ ᠳ᠋ᠡᠬᠢ ᠤᠰᠤ ᠲᠥᠷᠦᠭᠴᠢ ᠪᠠᠷᠤᠭᠳᠠᠬᠰᠠᠨ ᠶ᠋ᠢᠠᠷ ᠦᠨᠳᠦᠰᠦᠨ ᠳᠠᠷᠠᠭᠠᠯᠠᠯ ᠡᠴᠡ ᠭᠠᠷᠳᠠᠭ᠃ ᠨᠠᠷᠠᠨ ᠊ᠤ ᠬᠤᠪᠢ ᠳ᠋ᠤ ᠦᠨᠳᠦᠰᠦᠨ ᠳᠠᠷᠠᠭᠠᠯᠠᠯ ᠳ᠋ᠤ ᠪᠠᠢᠢᠬᠤ ᠬᠤᠠᠴᠠᠭ᠍ ᠊ᠠ᠋᠋ ᠠᠨᠤ ᠣᠢᠢᠷᠠᠯᠴᠠᠭ᠍ ᠊ᠠ᠋᠋ ᠪᠠᠷ 10 ᠲᠡᠷᠪᠤᠮ ᠵᠢᠯ ᠪᠠᠢᠢᠨ᠎ ᠊ᠠ᠋᠋᠃ ᠢᠯᠡᠭᠦ ᠶᠡᠬᠡ ᠮᠠᠰᠰ ᠲᠠᠢ ᠣᠳᠣᠳ ᠦ᠋ᠨ ᠤᠰᠤ ᠲᠥᠷᠦᠭᠴᠢ ᠲᠦᠯᠡᠰᠢ ᠢᠯᠡᠭᠦ ᠲᠦᠷᠭᠡᠨ ᠰᠢᠲᠠᠵᠤ ᠳᠠᠭᠤᠰᠬᠤ ᠲᠤᠯᠠ ᠣᠷᠣᠰᠢᠬᠤ ᠨᠠᠰᠤ ᠠᠨᠤ ᠪᠣᠭᠣᠨᠢ ᠪᠠᠢᠢᠨ᠎ ᠊ᠠ᠋᠋᠃[2] ᠣᠳᠣ ᠲᠥᠪ ᠳ᠋ᠡᠬᠢ ᠤᠰᠤ ᠲᠥᠷᠦᠭᠴᠢ ᠪᠡᠨ ᠪᠠᠷᠤᠭᠰᠠᠨ ᠶ᠋ᠢᠠᠷ ᠴᠥᠮ ᠦ᠋ᠨ ᠤᠷᠪᠠᠯ ᠵᠣᠭᠰᠠᠵᠤ᠂ ᠴᠥᠮ ᠢᠨᠦ ᠲᠠᠲᠠᠬᠤ ᠬᠦᠴᠦᠨ ᠊ᠦ ᠨᠥᠯᠦᠭᠡ ᠪᠡᠷ ᠠᠭᠰᠢᠵᠤ ᠡᠬᠢᠯᠡᠨ᠎ ᠊ᠡ᠋᠋᠃ ᠴᠢᠩᠭᠡᠭᠰᠡᠨ ᠶ᠋ᠢᠡᠷ ᠪᠦᠷᠬᠡᠭᠦᠯ ᠳᠡᠬᠢ ᠲᠧᠮᠫᠧᠷᠠᠲ᠋ᠦ᠋ᠷ᠂ ᠳᠠᠷᠤᠯᠲᠠ ᠴᠥᠮ ᠦ᠋ᠨ ᠤᠷᠪᠠᠯ ᠡᠬᠢᠯᠡᠬᠦ ᠳ᠋ᠦ ᠬᠠᠨᠭᠤᠯᠲᠠ ᠲᠠᠢ ᠬᠡᠰᠡᠭ ᠲᠦ ᠨᠡᠮᠡᠯᠲᠡ ᠤᠰᠤ ᠲᠥᠷᠦᠭᠴᠢ ᠬᠦᠷᠭᠡᠨ᠎ ᠊ᠡ᠋᠋᠃ ᠢᠢᠮᠦ ᠨᠥᠬᠦᠴᠡᠯ ᠳ᠋ᠤ ᠪᠦᠷᠬᠠᠭᠦᠯ ᠲᠡᠯᠡᠵᠦ ᠬᠠᠷᠢᠨ ᠴᠥᠮ ᠠᠭᠢᠰᠢᠭᠰᠠᠭᠠ ᠪᠠᠢᠢᠨ᠎ ᠊ᠠ᠋᠋᠃ ᠣᠳᠣᠨ ᠊ᠤ ᠭᠠᠳᠠᠭᠤᠷ ᠳᠠᠪᠬᠤᠷᠭ᠍ ᠊ᠠ᠋ ᠬᠥᠷᠦᠭᠰᠡᠨ ᠶ᠋ᠢᠡᠷ ᠳᠣᠲᠳᠷ ᠊ᠠ᠋᠋ ᠪᠠᠨ ᠳᠤᠯᠠᠭᠠᠨ ᠊ᠤ ᠡᠷᠭᠢᠯᠲᠡ ᠲᠡᠢ ᠪᠣᠯᠵᠤ᠂ ᠣᠳᠣ ᠲᠡᠯᠡᠬᠦ ᠢᠨᠦ ᠵᠣᠭᠰᠠᠵᠤ᠂ ᠭᠡᠷᠡᠯᠲᠡᠯᠲᠡ ᠢᠨᠦ ᠶᠡᠬᠡᠰᠡᠵᠦ᠂ ᠣᠳᠣ Hertzsprung–Russell ᠦ᠋ᠨ ᠪᠦᠳᠦᠭᠦᠪᠴᠢ ᠳ᠋ᠡᠬᠢ ᠤᠯᠠᠭᠠᠨ ᠠᠪᠤᠷᠭᠤ ᠶᠢᠨ ᠰᠠᠯᠪᠤᠷᠢ ᠳ᠋ᠦ ᠰᠢᠯᠵᠢᠮᠦᠢ᠃[3][4]

ᠡᠬᠢ ᠰᠤᠷᠪᠤᠯᠵᠢ

  1. Laughlin, G.; Bodenheimer, P.; Adams, F. C. (1997). "The End of the Main Sequence". The Astrophysical Journal. 482: 420. Bibcode:1997ApJ...482..420L. doi:10.1086/304125
  2. Zeilik, Michael A.; Gregory, Stephan A. (1998). Introductory Astronomy & Astrophysics (4th ed.). Saunders College Publishing. pp. 321–322. ISBN 0-03-006228-4.
  3. Zeilik, Michael A.; Gregory, Stephan A. (1998). Introductory Astronomy & Astrophysics (4th ed.). Saunders College Publishing. pp. 321–322. ISBN 0-03-006228-4.
  4. Tiago L. Campante; Nuno C. Santos; Mário J. P. F. G. Monteiro (3 November 2017). Asteroseismology and Exoplanets: Listening to the Stars and Searching for New Worlds: IVth Azores International Advanced School in Space Sciences. Springer. pp. 99–. ISBN 978-3-319-59315-9