Чавхдасын онол

12:23, 1 Тавдугаар сар 2020-ий байдлаарх Ogtarguy (яриа | оруулсан хувь нэмэр) хэрэглэгчийн хийсэн залруулга

ᠴᠢᠪᠬᠠᠳᠠᠰᠦ ᠶ᠋ᠢᠨ ᠣᠨᠤᠯ

ᠴᠢᠪᠬᠠᠳᠠᠰᠦ ᠶ᠋ᠢᠨ ᠣᠨᠤᠯ
ᠡᠭᠡᠯ ᠪᠥᠭᠡᠮᠰ ᠊ᠦᠨ ᠹᠢᠽᠢᠻ ᠲᠦ ᠴᠡᠭ ᠰᠢᠨᠵᠢᠲᠦ ᠪᠥᠭᠡᠮᠰ ᠊ᠦᠨ ᠪᠠᠢᠨ᠍ ᠊ᠠ᠋ ᠭᠡᠰᠡᠨ ᠲᠥᠰᠦᠭᠡᠯᠡᠯ ᠊ᠢ ᠴᠢᠪᠬᠠᠳᠠᠰᠤ ᠬᠡᠮᠡᠬᠦ ᠨᠢᠭᠡ ᠬᠡᠮᠵᠢᠭᠳᠡᠬᠦᠨᠲᠦ ᠰᠤᠨᠠᠮᠠᠭ ᠪᠦᠷᠡᠯᠳᠡᠬᠦᠨ ᠬᠡᠰᠡᠭ ᠊ᠦᠳ ᠊ᠦᠨ ᠲᠤᠬᠠᠢ ᠲᠥᠰᠦᠭᠡᠯᠡᠯ ᠶ᠋ᠢᠡᠷ ᠰᠣᠯᠢᠭᠰᠠᠨ ᠣᠨᠤᠯ ᠊ᠤᠨ ᠲᠣᠭᠲᠠᠯᠴᠭ᠎ ᠊ᠠ᠋᠃ ᠲᠡᠳᠡᠭᠡᠷ ᠴᠢᠪᠬᠠᠳᠠᠰᠤ ᠨᠢ ᠬᠡᠯᠪᠡᠯᠵᠡᠯ ᠊ᠦᠨ ᠶ᠋ᠢᠡᠨ ᠲᠥᠯᠦᠪ ᠪᠠᠢᠢᠳᠠᠯ ᠨᠢ ᠶᠠᠮᠪᠠᠷ ᠡᠭᠡᠯ ᠪᠥᠭᠡᠮ ᠊ᠦᠨ ᠬᠡᠯᠪᠡᠷᠢ ᠪᠡᠷ ᠢᠯᠡᠷᠡᠬᠦ ᠶ᠋ᠢ ᠲᠣᠳᠠᠷᠬᠠᠢᠯᠠᠳᠠᠭ᠃

ᠡᠭᠡᠯ
ᠪᠥᠭᠡᠮᠰ ᠦᠨ
ᠰᠲ᠋ᠠᠨ᠋ᠳᠠᠷᠲ
ᠵᠠᠭᠪᠤᠷ

ᠦᠨᠳᠦᠰᠦᠨ ᠪᠠᠷᠢᠮᠲᠠᠯᠠᠯ

ᠴᠢᠪᠬᠠᠳᠠᠰᠦ

ᠴᠢᠪᠬᠠᠳᠠᠰᠤ ᠶ᠋ᠢ ᠨᠠᠮ ᠧᠨᠧᠷᠭᠢ ᠶ᠋ᠢᠨ ᠹᠢᠽᠢᠻ ᠳᠦ ᠧᠻᠰᠲ᠋ᠷᠠᠫᠥᠯᠠᠼ ᠬᠢᠬᠦ ᠮᠧᠻᠠᠨᠢᠰᠮ ᠪᠠᠢᠳᠠᠭ ᠰᠠᠨ ᠪᠣᠯ ᠴᠢᠪᠭᠬᠳᠠᠰᠦ ᠶ᠋ᠢᠨ ᠣᠨᠤᠯ ᠦᠨᠳᠦᠰᠦᠨ ᠪᠦᠬᠢ ᠪᠥᠭᠡᠮᠰ᠂ ᠲᠡᠳᠡᠭᠡᠷ ᠊ᠦᠨ ᠬᠠᠷᠢᠯᠴᠠᠨ ᠦᠢᠯᠡᠴᠢᠯᠡᠯ ᠊ᠢ ᠭᠠᠭᠴᠠ ᠬᠡᠮᠵᠢᠭᠳᠡᠬᠦᠨᠲᠦ ᠣᠪᠶᠧᠻᠲ ᠊ᠦᠳ ᠊ᠦᠨ ᠬᠡᠯᠪᠡᠯᠵᠡᠯ ᠊ᠦᠨ ᠰᠫᠡᠻᠲᠷ ᠊ᠦᠨ ᠬᠢᠵᠠᠭᠠᠷᠯᠠᠯᠲᠠ ᠨᠤᠭᠤᠳ ᠊ᠤᠨ ᠬᠡᠯᠪᠡᠷᠢ ᠪᠡᠷ ᠲᠣᠳᠤᠷᠬᠠᠢᠯᠠᠬᠤ ᠶᠤᠮ᠃ ᠻᠣᠮᠫᠠᠻᠲ᠋ᠴᠢᠯᠠᠭᠰᠠᠨ ᠬᠡᠮᠵᠢᠭᠡ ᠨᠡᠩ ᠪᠠᠭ᠎ ᠊ᠠ᠋ 10−33 ᠼᠧᠨᠲ᠋ᠢᠮᠧᠲ᠋ᠧᠷ ᠲᠤᠯᠠ ᠲᠤᠷᠰᠢᠯᠲᠠ ᠪᠠᠷ ᠠᠵᠢᠭᠯᠠᠬᠤ ᠪᠣᠯᠤᠮᠵᠢ ᠦᠭᠡᠢ ᠶᠤᠮ᠃ ᠴᠢᠪᠬᠠᠳᠠᠰᠤ ᠶ᠋ᠢᠨ ᠰᠫᠧᠻᠲ᠋ᠷ ᠊ᠦᠨ ᠪᠦᠷᠢᠳᠡᠭᠦᠯᠦᠭᠴᠢ ᠬᠡᠰᠡᠭ ᠊ᠦᠳ ᠬᠥᠭᠵᠢᠮ ᠊ᠦᠨ ᠵᠡᠮᠰᠡᠭ ᠊ᠦᠨ ᠴᠢᠪᠬᠠᠳᠠᠰᠤ ᠶ᠋ᠢᠨ ᠬᠡᠯᠪᠡᠯᠵᠡᠯ ᠊ᠦᠨ ᠠᠳᠠᠯᠢ ᠵᠥᠪᠬᠡᠨ ᠲᠣᠳᠣᠷᠬᠠᠢ ᠦᠶᠡᠯᠵᠡᠯ ᠦᠳ ᠊ᠢ (ᠻᠸᠠᠨ᠋ᠲ ᠠᠮᠫᠯᠢᠲ᠋ᠦ᠋ᠳ᠋) ᠯᠡ ᠠᠪᠬᠤ ᠪᠣᠯᠤᠮᠵᠢᠲᠠᠢ᠃ ᠦᠶᠡᠯᠵᠡᠯ ᠥᠨᠳᠦᠷ ᠲᠤᠰᠠᠮ ᠢᠢᠮᠦ ᠬᠡᠯᠪᠡᠯᠵᠡᠯ ᠳ᠋ᠦ ᠨᠢᠭᠲᠠᠷᠠᠭᠰᠠᠨ ᠧᠨᠧᠷᠭᠢ ᠶᠡᠬᠡ ᠪᠠᠢᠬᠤ ᠪᠠ E→mc² ᠲᠡᠭᠰᠢᠳᠬᠡᠯ ᠊ᠦᠨ ᠳᠠᠭᠠᠭᠤ ᠲᠤᠬᠠᠢ ᠢᠢᠨ ᠪᠦᠭᠡᠮ ᠦᠨ ᠮᠠᠰᠰ ᠲᠦᠳᠡᠢ ᠴᠢᠨᠡᠭᠡ ᠶᠡᠬᠡ ᠪᠠᠢᠨ᠎ᠠ᠃ ᠢᠢᠨᠬᠦᠦ ᠡᠭᠡᠯ ᠪᠦᠭᠡᠮ ᠨᠢ ᠴᠢᠪᠬᠠᠳᠠᠰᠤ ᠢᠢᠨ ᠭᠠᠳᠠᠭᠠᠳᠤ ᠢᠯᠡᠷᠡᠯ ᠶᠤᠮ᠃



1. ᠪᠣᠳᠠᠰᠤ ᠶ᠋ᠢᠨ ᠲᠦᠪᠰᠢᠨ
2.ᠮᠣᠯᠧᠻᠦ᠋ᠯᠠᠷ ᠲᠦᠪᠰᠢᠨ
3. ᠠᠲᠣᠮ ᠊ᠤᠨ ᠲᠦᠪᠰᠢᠨ
4. ᠡᠭᠡᠯ ᠪᠦᠬᠡᠮᠰ ᠊ᠦᠨ ᠲᠦᠪᠰᠢᠨ
5. ᠻᠸᠠᠷᠻ ᠊ᠤᠨ ᠲᠦᠪᠰᠢᠨ
6. ᠴᠢᠪᠬᠠᠳᠠᠰᠤ ᠶ᠋ᠢᠨ ᠲᠦᠪᠰᠢᠨ

ᠲᠦᠯᠬᠢᠭᠦᠷ ᠦᠭᠡᠰ

String Theory
утасны онол
чавхдасын онол
эгэл бөөмс