ᠬᠢᠶᠠᠭᠲᠤ ‍ᠢᠢᠨ ᠭᠡᠷ ‍ ‍ᠡ᠋᠂ ᠋1915

01:22, 18 Тавдугаар сар 2020-ий байдлаарх Пүрэвбадрал (яриа | оруулсан хувь нэмэр) хэрэглэгчийн хийсэн залруулга

ᠬᠢᠶᠠᠭᠲᠤ ‍ᠢᠢᠨ ᠭᠡᠷ᠎ ‍ᠡ᠋

Caption text

1915 ᠣᠨ ‍ᠤ ᠬᠢᠶᠠᠭᠲᠤ ‍ᠢᠢᠨ ᠭᠤᠷᠪᠠᠨ ᠤᠯᠤᠰ ‍ᠤᠨ ᠭᠡᠷ ᠎‍ᠡ᠋ ᠨᠢ ᠻᠣᠯᠣᠨᠤᠴᠢᠯᠠᠯ ᠢᠳᠡ ᠨᠣᠶᠠᠷᠬᠠᠵᠦ ᠪᠠᠢᠭᠰᠠᠨ ᠴᠠᠭ ᠦᠶ ‍ᠡ᠋ ‍ᠳᠦ ᠶᠡᠬᠡ ᠭᠦᠷᠦᠨ ᠨᠦᠭᠦᠳ ᠪᠠᠭ᠎‍ᠠ᠋ ᠪᠠᠭᠤᠷᠠᠢ ᠣᠷᠣᠨ ‍ᠠ᠋ ᠦᠭᠡᠷ ‍ᠡ᠋ ‍ᠢᠢᠨ ᠬᠦᠰᠡᠯ ᠡᠷᠡᠮᠡᠯᠵᠡᠯ ‍ᠢ ᠲᠤᠯᠬᠭᠠᠨ ᠬᠦᠯᠢᠶᠡᠯᠭᠡᠳᠡᠭ ᠡᠷᠬᠡ ᠲᠡᠭᠰᠢ ᠪᠤᠰᠤ ᠵᠠᠷᠴᠢᠮ ᠦᠢᠯᠡᠴᠢᠯᠡᠵᠦ ᠪᠠᠢᠪᠠ᠃ ᠬᠢᠶᠠᠭᠲᠤ ‍ᠢᠢᠨ ᠭᠡᠷ ‍ᠡ᠋ ᠡᠴᠡ ᠡᠮᠦᠨ᠎‍ᠡ᠋᠂ 1913 ᠣᠨ ‍ᠳᠤ ᠣᠷᠣᠰ᠂ ᠬᠢᠲᠠᠳ ᠬᠣᠶᠠᠷ ᠮᠣᠩᠭᠤᠯ ‍ᠤᠨ ᠠᠰᠠᠭᠤᠳᠠᠯ ‍ᠢᠢᠠᠷ ᠲᠤᠰᠬᠠᠢ ᠭᠡᠷ ‍ᠡ᠋ ᠪᠠᠢᠭᠤᠯᠤᠭᠠᠳ ᠪᠠᠢᠪ᠃ ᠲᠡᠷᠡᠬᠦ ᠭᠡᠷ ‍ᠡ᠋ ᠪᠡᠷ ᠮᠣᠩᠭᠤᠯ ᠬᠢᠲᠠᠳ ‍ᠤᠨ ᠡᠵᠡᠨ ᠡᠷᠬᠡ ‍ᠢᠢᠨ ᠳᠣᠣᠷ ‍ᠠ᠋ ᠣᠷᠤᠰᠢᠬᠣ ᠦᠪᠡᠷ ᠲᠡᠭᠡᠨ ᠵᠠᠰᠠᠬᠤ ᠡᠷᠬᠡᠲᠦ ᠤᠯᠤᠰ ᠪᠠᠢᠬᠤ ᠪᠠᠷ ᠲᠣᠭᠲᠠᠵᠤᠬᠤᠢ᠃ ᠭᠤᠷᠪᠠᠨ ᠤᠯᠤᠰ ‍ᠤᠨ ᠬᠡᠯᠡᠯᠴᠡᠭᠡᠷ ᠬᠣᠶᠠᠷ ᠲᠠᠯ᠎‍ᠠ᠋ ᠡᠭᠦᠨ ‍ᠢᠢᠡᠨ ᠮᠣᠩᠭᠤᠯ ‍ᠤᠨ ᠲᠠᠯ᠎‍ᠠ᠋ ‍ᠳᠦ ᠲᠤᠯᠬᠭᠠᠨ ᠬᠦᠯᠢᠶᠡᠯᠭᠡᠬᠦ ‍ᠢᠢ ᠭᠣᠣᠯ ᠵᠣᠷᠢᠯᠭ᠎‍ᠠ᠋ ᠪᠣᠯᠭᠠᠭᠰᠠᠨ ᠪᠢᠯᠡ᠃

ᠭᠡᠷ ‍ᠡ᠋ ‍ᠢᠢ ᠬᠡᠯᠡᠯᠴᠡᠬᠦ ᠶᠠᠪᠤᠴᠠ ‍ᠠ᠋ ᠭᠤᠷᠪᠠᠨ ᠲᠠᠯ᠎‍᠎‍ᠠ᠋ ᠤᠪᠡᠷ ᠤᠪᠡᠷᠰᠡᠳ ‍ᠦᠨ ᠪᠠᠢᠷᠢ ᠰᠠᠭᠤᠷᠢ ‍ᠢᠢ ᠬᠠᠲᠠᠭᠤ ᠪᠠᠷᠢᠮᠲᠠᠯᠠᠵᠤ᠂ ᠰᠠᠨᠠᠯ ᠶᠡᠬᠡᠬᠡᠨ ᠵᠦᠷᠢᠵᠦ ᠪᠠᠢᠪᠠ᠃ ᠲᠡᠢᠮᠦ ᠡᠴᠡ ᠬᠢᠶᠠᠭᠲᠤ ‍ᠢᠢᠨ ᠬᠡᠯᠡᠯᠴᠡᠭᠡᠷ 1914.08.26 ᠡᠴᠡ 1915.05.25 ᠬᠦᠷᠲᠡᠯ᠎‍ᠡ᠋ ᠪᠦᠲᠦᠨ ᠶᠢᠰᠦᠨ ᠰᠠᠷ ‍ᠠ᠋ ᠰᠤᠨᠵᠢᠷᠠᠨ ᠦᠷᠭᠦᠯᠵᠢᠯᠡᠵᠦᠬᠦᠢ᠃


ᠮᠣᠩᠭᠤᠯ᠄

᠆ ᠲᠤᠰᠠᠭᠠᠷ ᠲᠣᠭᠲᠠᠨᠢᠯ ‍ᠢᠢᠠᠨ ᠪᠠᠲᠤᠯᠠᠭᠠᠵᠢᠭᠤᠯᠬᠤ᠂ ᠮᠣᠩᠭᠤᠯ ᠤᠯᠤᠰ ᠳᠤ ᠨᠢᠭᠡᠳᠬᠦ ‍ᠳᠡᠭᠡᠨ ᠢᠯᠡᠷᠬᠡᠢᠢᠯᠡᠡᠭᠰᠡᠨ ᠪᠤᠰᠤᠳ ᠮᠣᠩᠭᠤᠯᠴᠤᠳ ‍ᠢᠢᠠᠨ ᠦᠪᠡᠷ ᠲᠡᠭᠡᠨ ᠨᠢᠭᠡᠳᠬᠡᠨ ᠠᠪᠤᠬᠤ ‍ᠢᠢ ᠵᠣᠷᠢᠵᠤ ᠪᠠᠢᠪᠠ᠃

ᠬᠢᠲᠠᠳ ᠤᠯᠤᠰ᠄

᠆ ᠮᠣᠩᠭᠤᠯ ᠤᠯᠤᠰ ‍ᠢᠢᠠᠷ ᠤᠪᠡᠷ ‍ᠢᠢᠡᠷ ᠨᠢ ᠲᠤᠰᠠᠭᠠᠷ ᠲᠣᠭᠲᠠᠨᠢᠯ ‍ᠢ ᠨᠢ ᠬᠦᠴᠦᠨ ᠦᠭᠡᠢ ᠪᠣᠯᠭᠠᠭᠤᠯᠬᠤ᠂ ᠠᠷᠤ᠂ ᠦᠪᠦᠷ ᠮᠣᠩᠭᠤᠯ ‍ᠢ ᠦᠪᠡᠷ ‍ᠢᠢᠨ ᠮᠤᠵᠢ ‍ᠪᠠᠨ ᠪᠣᠯᠭᠠᠬᠤ᠂ ᠣᠯᠠᠨ ‍ᠢᠢᠠᠨ ᠡᠷᠭᠦᠭᠳᠡᠭᠰᠡᠨ ᠣᠨ ‍ᠤ ᠴᠣᠯᠠ᠂ ᠬᠠᠭᠠᠨ ᠭᠡᠳᠡᠭ ᠴᠣᠯᠠ ‍ᠢᠢ ᠬᠡᠷᠡᠭᠯᠡᠬᠦ ᠦᠭᠡᠢ ᠪᠣᠯᠭᠠᠬᠤ ‍ᠢᠢ ᠵᠣᠷᠢᠪᠠᠢ᠃

ᠣᠷᠣᠰ ᠣᠰᠣᠯ᠄

᠆ ᠠᠷᠤ ᠮᠣᠩᠭᠤᠯ ‍ᠠ᠋ ᠬᠢᠲᠠᠳ ‍ᠤᠨ ᠡᠵᠡᠷᠷᠬᠡᠢᠢᠯᠡᠯ ‍ᠢ ᠶᠣᠰᠣ ᠳᠡᠳᠦᠢ ᠲᠣᠭᠲᠠᠭᠠᠵᠤ᠂ 1912 ᠣᠨ ‍ᠳᠤ ᠮᠣᠩᠭᠤᠯ ᠲᠠᠢ ᠬᠢᠭᠰᠡᠨ ᠭᠡᠷ ‍ᠡ᠋ ᠪᠡᠷ ᠣᠯᠵᠤ ᠠᠪᠤᠭᠰᠠᠨ ᠤᠯᠤᠰ ᠲᠦᠷᠦ᠂ ᠡᠳ᠋ ‍ᠦᠨ ᠵᠠᠰᠠᠭ ‍ᠦᠨ ᠪᠠᠢᠷᠢ ᠰᠠᠭᠤᠷᠢ ‍ᠪᠠᠨ ᠠᠯᠳᠠᠬᠤ ᠦᠭᠡᠢ ᠪᠠᠢᠬᠤ ‍ᠢᠢ ᠡᠷᠡᠮᠡᠯᠵᠡᠵᠡᠢ᠃

ᠭᠤᠷᠪᠠᠨ ᠤᠯᠤᠰ ‍ᠤᠨ ᠭᠡᠷ ᠎‍ᠡ᠋ ᠪᠡᠷ ᠮᠣᠩᠭᠤᠯ ᠤᠯᠤᠰ ‍ᠤᠨ ᠲᠤᠰᠠᠭᠠᠷ ᠲᠣᠭᠲᠠᠨᠢᠯ᠂ ᠪᠢᠶ ‍ᠡ᠋ ᠳᠠᠭᠠᠭᠠᠭᠰᠠᠨ ᠪᠠᠢᠳᠠᠯ ‍ᠢ ᠬᠢᠵᠠᠭᠠᠷᠯᠠᠵᠤ᠂ ᠎〔〔ᠦᠪᠡᠷᠲᠡᠭᠡᠨ ᠡᠵᠡᠷᠬᠡᠬᠦ ᠡᠷᠬᠡ ᠭᠠᠳᠠᠭᠠᠳᠤ ᠮᠣᠩᠭᠤᠯ〕〕‍‍‍ ‍ᠤᠨ ᠬᠢᠯᠢ ‍ᠢᠢ ᠵᠦᠪᠬᠡᠨ ᠬᠠᠯᠬ᠎‍ᠠ᠋ ᠳᠦᠷᠪᠡᠨ ᠠᠢᠮᠠᠭ᠂ ᠬᠣᠪᠲᠤ ‍ᠢᠢᠨ ᠬᠢᠵᠠᠭᠠᠷ ‍ᠢᠢᠠᠷ ᠵᠠᠭᠠᠭᠯᠠᠵᠤ᠂ ᠮᠣᠩᠭᠤᠯᠴᠤᠳ ᠨᠢᠭᠡᠳᠦᠮᠡᠯ ᠨᠢᠭᠡ ᠤᠯᠤᠰ ᠪᠣᠯᠬᠤ ᠦᠢᠯᠡ ᠬᠡᠷᠡᠭ ‍ᠢ ᠬᠦᠴᠦ ‍ᠪᠡᠷ ᠲᠠᠰᠤᠯᠵᠡᠢ᠃ ᠢᠩᠭᠡᠭᠰᠡᠨ ‍ᠢᠢᠡᠷ ᠠᠷᠤ᠂ ᠦᠪᠦᠷ ᠵᠡᠷᠭᠡ ᠮᠣᠩᠭᠤᠯ ᠰᠠᠯᠠᠩᠭᠢ ᠲᠤᠰᠠᠭᠠᠷ ᠣᠷᠣᠰᠢᠬᠣ ‍ᠳᠤ ᠬᠦᠷᠴᠡᠢ᠃ ᠮᠦᠨ ᠭᠡᠷ ‍ᠡ᠋ ‍ᠳᠦ ᠭᠠᠳᠠᠭᠠᠳᠤ ᠮᠣᠩᠭᠤᠯ ‍ᠤᠨ ᠬᠢᠯᠢ ᠬᠢᠵᠠᠭᠠᠷ ‍ᠢ ᠷᠡᠷᠦᠩᠬᠡᠢ ‍ᠳᠡᠭᠡᠨ ᠬᠠᠮᠢᠭ᠎‍ᠠ᠋ ᠡᠴᠡ ᠬᠠᠮᠢᠭ᠎‍ᠠ᠋ ᠬᠦᠷᠬᠦ ‍ᠢᠢ ᠲᠣᠭᠤᠷᠬᠠᠢᠯᠠᠭᠠᠳ᠂ ᠭᠠᠷ ‍ᠤᠨ ᠦᠰᠦᠭ ᠵᠢᠷᠤᠭᠰᠠᠨ ᠡᠴᠡ ᠬᠣᠢᠰᠢ ᠬᠣᠶᠠᠷ ᠵᠢᠯ ‍ᠦᠨ ᠳᠣᠲᠤᠷ᠎ ‍ᠠ᠋ ᠭᠤᠷᠪᠠᠨ ᠲᠠᠯ᠎‍ᠠ᠋ ‍ᠢᠢᠨ ᠲᠦᠯᠦᠭᠡᠯᠡᠭᠴᠢᠳ ᠣᠷᠤᠯᠴᠠᠭᠰᠠᠨ ᠲᠤᠰᠬᠠᠢ ᠻᠣᠮᠢᠰᠰ ᠨᠠᠷᠢᠪᠴᠢᠯᠠᠨ ᠲᠣᠳᠤᠳᠭᠠᠬᠤ ᠪᠠᠷ ᠲᠣᠭᠲᠠᠭᠠᠵᠡᠢ᠃ ᠡᠨᠡ ᠵᠢᠭᠠᠯᠲᠠ ᠬᠡᠷᠡᠭᠵᠢᠯ ᠦᠭᠡᠢ ᠶᠠᠪᠤᠭᠰᠠᠭᠠᠷ 1945 ᠣᠨ ‍ᠳᠤ ᠵᠦ᠊᠂ᠰᠣ᠊᠂ᠪᠦ᠊᠂ᠨᠠ᠊᠂ᠬᠣ᠊᠂ᠤ᠊ ᠂ ᠠ᠊᠂ᠨᠢ᠊᠂ᠤ᠊ ᠂ ᠠᠩᠯᠢ ᠭᠤᠷᠪᠠᠨ ᠶᠡᠬᠡ ᠭᠦᠷᠦᠨ ‍ᠦ ᠤᠳᠠᠷᠢᠳᠤᠭᠴᠢᠳ ‍ᠤᠨ ᠶᠠᠯᠲ᠋ᠠ ‍ᠢᠢᠨ ᠪᠠᠭ᠎‍ᠠ᠋ ᠬᠤᠷᠠᠯ ᠳᠡᠭᠡᠷ᠎ ‍ᠡ᠋ ᠳᠠᠢᠨ ‍ᠤ ᠳᠠᠷᠠᠭ᠎‍ᠠ᠋ ᠭᠠᠳᠠᠭᠠᠳᠤ ᠮᠣᠩᠭᠤᠯ ‍ᠤᠨ ᠪᠠᠢᠷᠢ ᠰᠠᠭᠤᠷᠣ ‍ᠢ ᠣᠳᠤ᠎‍ ‍ᠠ᠋ ‍ᠢᠢᠨ ᠪᠠᠢᠭ᠎‍ᠠ᠋ ᠬᠢᠯᠢ ‍ᠪᠡᠷ ᠲᠣᠭᠳᠠᠭᠠᠬᠤ ᠰᠢᠢᠳᠪᠦᠷᠢ ᠭᠠᠷᠭᠠᠭᠰᠠᠨ ᠪᠠᠢᠨ᠎‍ᠠ᠋᠃