Гангар хун

18:24, 25 Тавдугаар сар 2020-ий байдлаарх Amin Sudulal (яриа | оруулсан хувь нэмэр) хэрэглэгчийн хийсэн залруулга

ᠭᠠᠩᠭᠠᠷ ᠬᠤᠨ

ᠮᠣᠩᠭᠣᠯ
ᠣᠷᠣᠨ ᠊ᠤ
ᠨᠠᠭᠤᠷ ᠲᠤ

ᠭᠠᠩᠭᠠᠷ ᠬᠤᠨ ᠪᠤᠶᠤ Cygnus Cygnus ᠨᠢ ᠨᠡᠭᠦᠳᠡᠯ ᠊ᠦᠨ᠂ ᠤᠰᠤᠨ ᠊ᠤ ᠰᠢᠪᠠᠭᠤ᠃ ᠬᠣᠪᠣᠷᠳᠠᠵᠤ ᠪᠠᠢᠭ᠍ ᠊ᠠ᠋᠋ ᠵᠦᠢᠯ᠃

ᠪᠠᠢᠷᠢᠰᠢᠬᠤ ᠨᠤᠲᠤᠭ

ᠮᠣᠩᠭᠣᠯ ᠣᠷᠣᠨ ᠳ᠋ᠤ ᠲᠠᠢᠢᠭ᠍ ᠊ᠠ᠋᠂ ᠣᠢᠲᠤ ᠬᠡᠭᠡᠷ ᠊ᠡ᠋᠋᠂ ᠲᠠᠯ ᠊ᠠ᠋᠋᠂ ᠭᠣᠪᠢ ᠶ᠋ᠢᠨ ᠪᠦᠰᠡ ᠶ᠋ᠢᠨ ᠲᠣᠮᠣᠬᠠᠨ ᠭᠣᠣᠯ᠂ ᠨᠠᠭᠤᠷ ᠊ᠤᠳ ᠳ᠋ᠤ ᠥᠨᠳᠡᠭᠡᠯᠡᠨ ᠵᠤᠰᠠᠨ᠎ ᠊ᠠ᠋᠋᠃ [1] ᠥᠨᠳᠦᠷ ᠡᠪᠰᠦ᠂ ᠵᠡᠭᠡᠰᠦ ᠲᠡᠢ᠂ ᠬᠦᠮᠦᠨ ᠮᠠᠯ ᠊ᠤᠨ ᠬᠥᠯ ᠡᠴᠡ ᠵᠠᠢᠳᠠᠭᠤ ᠨᠠᠭᠤᠷ ᠊ᠤᠨ ᠠᠷᠠᠯ ᠬᠥᠪᠡᠭᠡ ᠵᠡᠷᠭᠡ ᠨᠢ ᠪᠠᠢᠷᠢᠰᠢᠬᠤ ᠭᠣᠣᠯ ᠣᠷᠴᠢᠨ ᠨᠢ ᠪᠣᠯᠳᠠᠭ᠃ ᠪᠠᠢᠷᠢᠰᠢᠬᠤ ᠨᠤᠲᠤᠭ ᠲᠤ ᠨᠢ ᠡᠪᠰᠦ᠂ ᠵᠡᠭᠡᠰᠦ ᠶ᠋ᠢ ᠬᠠᠳᠤᠬᠤ᠂ ᠮᠠᠯ ᠪᠡᠯᠴᠢᠭᠡᠬᠦ ᠶᠠᠪᠤᠳᠠᠯ ᠤᠯᠠᠮ ᠶᠡᠬᠡᠰᠡᠵᠤ ᠪᠠᠢᠨ᠍ ᠊ᠠ᠋᠋᠃ ᠳᠡᠯᠡᠬᠡᠢ ᠨᠡᠢᠢᠲᠦ ᠳ᠋ᠤ 180000 ᠭᠠᠩᠭᠠᠷ ᠬᠤᠨ ᠪᠠᠢᠢᠨ᠍ ᠊ᠠ᠋᠋ ᠭᠡᠰᠡᠨ ᠲᠣᠭᠠᠴᠠᠭ᠎ ᠊ᠠ᠋᠋ ᠪᠤᠢ᠃ ᠮᠣᠩᠭᠣᠯ ᠳ᠋ᠤ 2000 ᠭᠠᠷᠤᠢ ᠲᠣᠯᠠᠭᠠᠢ ᠢᠷᠡᠳᠡᠭ ᠪᠠᠢᠢᠬᠤ ᠮᠠᠭᠠᠳᠯᠠᠯ ᠲᠠᠢ᠃[2] ᠥᠨᠳᠡᠭᠡᠯᠡᠬᠦ ᠣᠷᠴᠢᠨ ᠡᠴᠡ ᠨᠢ ᠦᠷᠭᠦᠭᠡᠨ ᠳᠳᠠᠢᠵᠢᠭᠤᠯᠬᠤ᠂ ᠵᠡᠭᠡᠰᠦ᠂ ᠡᠪᠰᠦ ᠬᠠᠳᠤᠨ᠂ ᠥᠨᠳᠡᠭᠡᠯᠡᠬᠦ ᠣᠷᠴᠢᠨ ᠦᠭᠡᠢ ᠪᠣᠯᠭᠠᠬᠤ᠂ ᠬᠤᠯᠠᠭᠠᠢ ᠶ᠋ᠢᠨ ᠠᠩ ᠵᠡᠷᠭᠡ ᠨᠢ ᠭᠠᠩᠭᠠᠷ ᠬᠤᠨ ᠬᠣᠪᠣᠷᠳᠠᠬᠤ ᠰᠢᠯᠲᠠᠭᠠᠨ ᠶᠤᠮ᠃[3]

ᠦᠷᠡᠵᠢᠯ

ᠬᠣᠣᠰ
ᠬᠤᠨ
ᠦᠨᠡᠨᠴᠢ
ᠬᠠᠢᠢᠷ ᠊ᠠ᠋ ᠶ᠋ᠢᠨ
ᠪᠡᠯᠭᠡᠳᠡᠯ

ᠬᠤᠨ ᠬᠣᠣᠰ ᠬᠣᠣᠰ ᠶ᠋ᠢᠠᠷ ᠶ᠋ᠢᠠᠨ ᠠᠷᠠᠯ᠂ ᠨᠠᠭᠤᠷ ᠊ᠤᠨ ᠵᠠᠬ ᠊ᠠ᠋᠋ ᠪᠠᠷ ᠬᠠᠭᠳᠠᠷᠠᠭᠰᠠᠨ ᠡᠪᠰᠦ᠂ ᠵᠡᠭᠡᠰᠦ ᠣᠪᠣᠭᠠᠯᠠᠨ ᠡᠭᠦᠷ ᠶ᠋ᠢᠡᠨ ᠵᠠᠰᠠᠵᠤ᠂ 5 ᠳ᠋ᠤᠭᠠᠷ ᠰᠠᠷ ᠊ᠠ᠋᠋ ᠶ᠋ᠢᠨ 20 ᠡᠴᠡ 8-11 ᠥᠨᠳᠡᠭᠡ ᠭᠠᠷᠭᠠᠨ ᠊ᠠ᠋᠃ ᠥᠨᠳᠡᠭᠡ ᠶ᠋ᠢ 35-40 ᠬᠣᠨᠣᠭ ᠳᠠᠷᠤᠮᠤᠢ᠃

ᠬᠠᠮᠠᠭᠠᠯᠠᠯ

ᠬᠤᠨ ᠰᠢᠪᠠᠭᠤ ᠮᠣᠩᠭᠣᠯ ᠊ᠤᠨ ᠤᠯᠠᠭᠠᠨ ᠨᠣᠮ ᠳ᠋ᠤ ᠣᠷᠣᠭᠰᠠᠨ᠂ ᠠᠩᠨᠠᠬᠤ ᠶ᠋ᠢ ᠬᠣᠷᠢᠭᠯᠠᠭᠰᠠᠨ᠂ ᠳᠠᠷᠬᠠᠨ ᠴᠠᠭᠠᠵᠠ ᠲᠠᠢ ᠠᠮᠢᠲᠠᠨ ᠪᠢᠯᠡ᠃

ᠲᠦᠯᠬᠢᠭᠦᠷ ᠦᠭᠡᠰ

whooper swan
лебедь кликун
гангар хун

ᠡᠬᠢ ᠰᠤᠷᠪᠤᠯᠵᠢ

  1. Piechoki R. Beitrage zur Avifauna der Mongolei. Mitt. Zool. Mus. Berlin. 1968
  2. ᠪᠦ᠊᠂ ᠨᠠ᠊᠂ ᠮᠣ᠊᠂ ᠠ᠊᠂ ᠤ᠊ ᠊ᠤᠨ ᠤᠠᠯᠠᠭᠠᠨ ᠨᠣᠮ᠃ ᠶᠡᠷᠦᠩᠬᠡᠢ ᠷᠧᠳᠠᠻᠲ᠋ᠣᠷ ᠣ᠂ ᠱᠠᠭᠳᠤᠷᠰᠦᠷᠦᠩ᠃ ᠤᠯᠣᠰ ᠊ᠤᠨ ᠬᠡᠪᠯᠡᠯ ᠊ᠦᠨ ᠭᠠᠵᠠᠷ᠃ ᠤᠯᠠᠭᠠᠨᠪᠠᠭᠠᠲᠤᠷ 1987
  3. ᠪᠦ᠊᠂ ᠨᠠ᠊᠂ ᠮᠣ᠊᠂ ᠠ᠊᠂ ᠤ᠊ ᠊ᠤᠨ ᠤᠠᠯᠠᠭᠠᠨ ᠨᠣᠮ᠃ ᠶᠡᠷᠦᠩᠬᠡᠢ ᠷᠧᠳᠠᠻᠲ᠋ᠣᠷ ᠣ᠂ ᠱᠠᠭᠳᠤᠷᠰᠦᠷᠦᠩ᠃ ᠤᠯᠣᠰ ᠊ᠤᠨ ᠬᠡᠪᠯᠡᠯ ᠊ᠦᠨ ᠭᠠᠵᠠᠷ᠃ ᠤᠯᠠᠭᠠᠨᠪᠠᠭᠠᠲᠤᠷ 1987