Калашниковын автомат

09:23, 10 Наймдугаар сар 2020-ий байдлаарх Khuree Khairaa (яриа | оруулсан хувь нэмэр) хэрэглэгчийн хийсэн залруулга

ᠻᠠᠯᠠᠱᠨᠢᠻᠣᠹ ᠊ᠤᠨ ᠠᠦ᠋ᠲ᠋ᠣᠮᠠᠲ

1947
ᠣᠨ ‍ᠣ
ᠵᠠᠭᠪᠤᠷ ‍ᠤᠨ
AK-47

《ᠠᠻᠠ》 (АК) ᠪᠤᠶᠤ ᠻᠠᠯᠠᠱᠨᠢᠻᠣᠹ ‍ᠤᠨ ᠠᠦ᠋ᠲᠣᠮᠠᠲ ᠠᠨᠤ ᠵᠥᠪᠯᠡᠯᠲᠦ ᠬᠣᠯᠪᠤᠭᠠᠲᠤ ᠤᠯᠤᠰ ᠲᠤᠷ ᠪᠦᠲᠭᠡᠭᠳᠡᠭᠰᠡᠨ 7.62 ᠮᠢᠯᠢᠮᠧᠲ᠋ᠧᠷ ‍ᠦᠨ ᠪᠤᠤᠳᠠᠯᠭ᠎ ᠊ᠠ᠋ ‍ᠢᠢᠨ ᠵᠡᠪᠰᠡᠭ᠃ ᠵᠥᠪᠯᠡᠯᠲᠦ ᠬᠣᠯᠪᠤᠭᠠᠲᠤ ᠤᠯᠤᠰ ‍ᠤᠨ ᠵᠡᠪᠰᠡᠭᠯᠡᠯ ‍ᠳᠤᠷ 1949 ᠣᠨ ᠡᠴᠡ ᠡᠬᠢᠯᠡᠨ ᠬᠡᠷᠡᠭᠯᠡᠭᠳᠡᠬᠦ ᠪᠣᠯᠣᠭᠰᠠᠨ᠃ ᠲᠤᠰ ᠪᠤᠤᠳᠠᠯᠬ᠍ᠠ᠋ ‍ᠢᠢᠨ ᠵᠡᠪᠰᠡᠭ ‍ᠢ ᠮ᠂ ᠲ᠂ ᠻᠠᠯᠠᠱᠨᠥᠻᠣᠹ 1947 ᠣᠨ ‍ᠳᠤᠷ ᠵᠣᠬᠢᠶᠠᠨ ᠪᠦᠲᠦᠭᠡᠭᠰᠡᠨ᠃ ᠻᠠᠯᠠᠱᠨᠢᠻᠣᠹ ‍ᠤᠨ ᠠᠦ᠋ᠲ᠋ᠣᠮᠠᠲ᠂ ᠲᠡᠭᠦᠨ ‍ᠦ ᠬᠤᠪᠢᠯᠪᠤᠷᠢ ᠨᠤᠭᠤᠳ ᠬᠠᠮᠤᠭ ‍ᠤᠨ ᠲᠦᠭᠡᠭᠡᠮᠡᠯ ᠪᠤᠤᠳᠠᠯᠬ᠍ᠠ᠋ ‍ᠢᠢᠨ ᠵᠡᠪᠰᠡᠭ ᠭᠡᠵᠦ ᠦᠵᠡᠳᠡᠭ ᠪᠠᠢᠢᠨ᠌ᠠ᠋᠃ ᠪᠦᠲᠦᠭᠡᠭᠰᠡᠨ ᠡᠴᠡ ᠬᠣᠢᠢᠰᠢᠬᠢ 60 ᠵᠢᠯ ‍ᠳᠦᠷ 70 ᠰᠠᠶ ‍ᠠ᠋ ᠦᠢᠯᠡᠳᠪᠦᠷᠢᠯᠡᠭᠳᠡᠵᠦ ᠭᠠᠷᠤᠵᠤᠬᠤᠢ᠃ ᠡᠳᠦᠭᠡ 50 ᠭᠠᠷᠤᠢ ᠤᠯᠤᠰ ‍ᠤᠨ ᠵᠡᠪᠰᠡᠭᠯᠡᠯ ‍ᠳᠦᠷ ᠪᠠᠢᠢᠨ᠌ᠠ᠋ [1]᠃ ᠻᠠᠯᠠᠱᠨᠢᠻᠣᠹ ‍ᠤᠨ 7.62 ᠮᠢᠯᠢᠮᠧᠲ᠋ᠧᠷ ‍ᠣᠨ ᠠᠦ᠋ᠲ᠋ᠣᠮᠠᠲ ‍ᠤᠨ ᠰᠠᠭᠤᠷᠢ ᠳᠡᠭᠡᠷ ‍ᠡ᠋ ᠪᠠᠢᠢᠯᠳᠤᠭᠠᠨ ‍ᠣ ᠪᠣᠯᠣᠨ ᠢᠷᠭᠡᠨ ‍ᠥ ᠣᠯᠠᠨ ᠥᠭᠡᠷ ‍ᠠ᠋ ᠻᠠᠯᠢᠪᠷ ᠲᠠᠢ ᠪᠤᠤᠳᠠᠯᠬ᠍ᠠ᠋ ‍ᠢᠢᠨ ᠵᠡᠪᠰᠡᠭ ᠭᠠᠷᠤᠭᠰᠠᠨ᠃ ᠲᠡᠳᠡᠭᠡᠷ ‍ᠥᠨ ᠳᠣᠲᠤᠷ ‍ᠠ᠋᠋ ᠂ АКМ ᠬᠢᠭᠡᠳ АК-74᠂ ᠲᠡᠳᠡᠭᠡᠷ ‍ᠦᠨ ᠬᠤᠪᠢᠯᠪᠦᠷᠢ ᠨᠤᠭᠤᠳ᠂ ᠻᠠᠯᠠᠱᠨᠢᠻᠣᠹ ‍ᠣᠨ ᠭᠠᠷ ᠫᠦᠯᠧᠮᠧᠲ᠂ ᠻᠠᠷᠠᠪᠢᠨ᠎᠂ ᠭᠥᠯᠢᠭᠡᠷ ᠭᠣᠣᠯᠲᠤ «Сайга» ᠪᠤᠤ ᠬᠢᠭᠳᠡᠭᠰᠡᠨ᠃ ᠣᠷᠣᠰ ‍ᠣᠨ ᠬᠣᠯᠪᠤᠭᠠᠨ ‍ᠤ ᠤᠯᠤᠰ ‍ᠤᠨ ᠵᠡᠪᠰᠡᠭᠯᠡᠯ ᠪᠣᠯᠣᠨ ᠬᠠᠳᠠᠭᠠᠯᠠᠯᠲᠠ ‍ᠳᠠᠬᠢ ᠪᠦᠬᠢ ᠲᠥᠷᠥᠯ ‍ᠦᠨ ᠻᠠᠯᠠᠱᠨᠢᠻᠣᠹ ‍ᠤᠨ ᠠᠦ᠋ᠲ᠋ᠣᠮᠠᠲ ‍ᠤᠨ ᠨᠡᠢᠢᠲᠡ ᠲᠣᠭ᠍ᠠ᠋ 2013 ᠣᠨ ‍ᠳᠤᠷ 17 ᠰᠠᠶ ‍ᠠ᠋ ᠨᠢᠭᠡᠵᠢ ᠲᠣᠭᠠᠯᠠᠭᠳᠠᠵᠤ ᠪᠠᠢᠢᠵᠡᠢ [2]

ᠠᠩᠭᠢ ᠮᠧᠻᠠᠨᠢᠰᠮ ‍ᠣᠳ

AK-47 ‍ᠢᠢᠨ
ᠲᠣᠩᠭᠤᠷᠠᠭ
ᠵᠢᠳᠠ

ᠠᠦ᠋ᠲ᠋ᠣᠮᠠᠲ ᠳᠣᠣᠷᠠᠬᠢ ᠦᠨᠳᠦᠰᠦᠨ ᠠᠩᠭᠢ ᠮᠧᠻᠠᠨᠢᠰᠮ ‍ᠤᠳ ᠡᠴᠡ ᠪᠦᠷᠢᠳᠦᠨ᠌ᠡ᠋᠃ ᠡᠭᠦᠨ ‍ᠳᠦᠷ᠄ - ᠭᠣᠣᠯ ᠲᠡᠮᠦᠷ ‍ᠥᠨ ᠬᠠᠢᠢᠷᠴᠠᠭ᠂
- ᠬᠠᠷ ‍ᠠ᠋ ᠬᠡᠷᠡᠭᠰᠡᠯ᠂ ᠮᠥᠷᠢᠯᠦᠭᠴᠢ᠂ ᠪᠦᠬᠦᠢ ᠭᠣᠣᠯ ᠲᠡᠮᠦᠷ
- ᠬᠠᠢᠢᠷᠴᠠᠭ ᠠᠩᠬᠢ ‍ᠢᠢᠨ ᠲᠠᠭᠯᠠᠭ᠍ᠠ᠋
- ᠵᠠᠮᠣᠭ ‍ᠣᠨ ᠷᠠᠮ
- ᠵᠠᠮᠣᠭ
- ᠪᠤᠴᠠᠭᠠᠬᠤ ᠮᠧᠻᠠᠨᠢᠰᠮ
- ᠭᠣᠣᠯ ᠲᠡᠮᠦᠷ ‍ᠤᠨ ᠨᠢᠷᠤᠭᠤᠪᠴᠢ ᠪᠦᠬᠦᠢ ᠭᠠᠷ ‍ᠤᠨ ᠶᠠᠩᠳᠣᠩ
- ᠴᠤᠬᠢᠬᠤ ᠪᠠᠭᠤᠯᠭᠠᠬᠤ ᠮᠧᠻᠠᠨᠢᠰᠮ
- ᠣᠩᠭᠣᠴᠠ ᠮᠣᠳᠣ
- ᠮᠠᠭᠠᠽᠢᠨ
- ᠵᠢᠳᠠᠨ ᠬᠢᠲᠤᠭ᠍ᠠ᠋

ᠠᠦ᠋ᠲ᠋ᠣᠮᠠᠲ ‍ᠤᠨ ᠢᠵᠢ ᠪᠦᠷᠢᠳᠦᠯ ‍ᠳᠤᠷ ᠠᠷᠴᠢᠬᠤ ᠬᠡᠷᠡᠭᠰᠡᠯ᠂ ᠣᠭᠣᠰᠣᠷ᠂ ᠮᠠᠭᠠᠽᠢᠨ ‍ᠥ ᠭᠡᠷ ᠣᠷᠣᠨ᠌ᠠ᠋᠃ ᠪᠣᠣ ‍ᠢᠢᠨ ᠠᠦ᠋ᠲ᠋ᠣᠮᠠᠲ ᠠᠵᠢᠯᠯᠠᠭ᠍ᠠ᠋ ᠨᠢ ᠭᠣᠣᠯ ᠲᠡᠮᠦᠷ ‍ᠤᠨ ᠰᠤᠪᠠᠭ ᠡᠴᠠ ᠭᠠᠷᠴᠤ ᠪᠠᠢᠢᠭ᠍ᠠ᠋ ᠳᠠᠷᠢ ‍ᠢᠢᠨ ᠬᠡᠢ ‍ᠢᠢᠨ ᠡᠨᠧᠷᠭᠢ ‍ᠢᠢ ᠬᠡᠢ ‍ᠢᠢᠨ ᠻᠠᠮᠧᠷ ᠲᠤ ᠥᠭᠴᠦ ᠤᠯᠠᠮ ‍ᠢᠢᠠᠷ ᠪᠦᠯᠢᠭᠦᠷ ᠲᠦ ᠦᠢᠯᠡᠴᠢᠯᠡᠭᠰᠡᠨ ‍ᠢᠢᠡᠷ ᠬᠥᠳᠡᠯᠭᠡᠭᠡᠨᠳᠤ ᠠᠩᠭᠢ ‍ᠢᠢ ᠭᠡᠳᠡᠷᠭᠦ ᠤᠬᠤᠷᠢᠭᠠᠬᠤ ᠵᠠᠷᠴᠢᠮ ‍ᠳᠣ ᠦᠨᠳᠦᠰᠦᠯᠡᠭᠳᠡᠨ᠌ᠡ᠋᠃ ᠪᠤᠤᠳᠠᠯᠭ᠍ᠠ᠋ ‍ᠢᠢᠨ ᠦᠶ ‍ᠡ᠋ ‍ᠳᠤᠷ ᠰᠤᠮᠤᠨ ‍ᠣ ᠬᠣᠰᠢᠭᠤᠨ ᠎‍ᠤ ᠠᠷᠤ ᠡᠴᠠ ᠦᠢᠯᠡᠴᠢᠯᠡᠬᠦ ᠳᠠᠷᠢ ‍ᠢᠢᠨ ᠬᠡᠢ ᠢᠨᠦ ᠬᠡᠢ ‍ᠢᠢᠨ ᠻᠠᠮᠧᠷ ᠲᠤ ᠣᠷᠣᠵᠤ ᠪᠦᠯᠢᠭᠦᠷ ᠳᠡᠭᠡᠷ ‍ᠡ᠋ ᠳᠠᠷᠤᠭᠰᠠᠨ ‍ᠢᠢᠡᠷ ᠵᠠᠮᠣᠭ᠂ ᠵᠠᠮᠣᠭ ‍ᠤᠨ ᠷᠠᠮ ᠭᠡᠳᠡᠷᠭᠦ ᠤᠬᠤᠷᠢᠨ ᠭᠣᠣᠯ ᠲᠡᠮᠦᠷ ᠎‍ᠤᠨ ᠰᠤᠪᠠᠭ ᠎‍ᠢ ᠨᠡᠭᠡᠭᠡᠨ᠂ ᠬᠣᠩᠭᠢᠶ ‍ᠠ᠋ ‍ᠢᠢ ᠠᠪᠴᠤ᠂ ᠴᠢᠪᠬ ‍ᠠ᠋ ᠰᠣᠢᠢᠵᠣ ᠪᠤᠴᠠᠭᠠᠬᠤ ᠮᠧᠻᠠᠨᠢᠰᠮ ‍ᠤᠨ ᠫᠦᠷᠱ ‍ᠢ ᠰᠢᠬᠠᠨ ᠬᠣᠢᠢᠲᠤ ᠪᠠᠢᠢᠳᠠᠯ ‍ᠳᠤ ᠣᠴᠢᠨ᠌ᠠ᠋᠃ ᠮᠠᠭᠠᠽᠢᠨ ‍ᠤ ᠡᠭᠡᠯᠵᠢ ‍ᠢᠢᠨ ᠰᠤᠮᠤ ᠫᠦᠷᠱᠢᠨ ‍ᠦ ᠦᠢᠯᠡᠴᠢᠯᠡᠯ ‍ᠢᠢᠡᠷ ᠳᠡᠭᠡᠭᠰᠢ ᠡᠷᠭᠦᠭᠳᠡᠨ᠌ᠠ᠋᠃ ᠵᠠᠮᠤᠭ ᠪᠦᠬᠦᠢ ᠵᠠᠮᠣᠭ ‍ᠤᠨ ᠷᠠᠮ ᠪᠤᠴᠠᠭᠠᠬᠤ ᠮᠧᠻᠠᠨᠢᠰᠮ ‍ᠤᠨ ᠦᠢᠯᠡᠴᠢᠯᠡᠯ ‍ᠢᠢᠡᠷ ᠤᠷᠤᠭᠰᠢᠯᠠᠬᠤ ‍ᠳᠤ ᠪᠠᠨ ᠰᠤᠮᠤ ‍ᠢᠢ ᠰᠤᠮᠤ ‍ᠢᠢᠨ ᠪᠠᠢᠢᠷᠢᠨ ‍ᠳᠤ ᠣᠷᠣᠭᠤᠯᠵᠤ ᠵᠠᠮᠣᠭ ᠪᠠᠷᠠᠭᠤᠨ ᠲᠡᠢᠢᠰᠢ ᠡᠷᠭᠢᠵᠦ ᠪᠠᠢᠢᠯᠳᠤᠭᠠᠨ ‍ᠤ ᠲᠥᠪᠥᠭᠡᠷ᠎ ‍ᠦᠳ ‍ᠢᠢᠡᠷ ‍ᠢᠢᠡᠨ ᠬᠠᠢᠢᠷᠴᠠᠭ ᠠᠩᠬᠢ ‍ᠢᠢᠨ ᠪᠠᠢᠢᠯᠳᠤᠭᠠᠨ ‍ᠤ ᠲᠤᠯᠭᠠᠭᠤᠷ ‍ᠤᠳ ‍ᠣᠨ ᠴᠠᠭᠠᠭᠤᠷ ᠣᠷᠣᠵᠤ ᠭᠣᠣᠯ ᠲᠡᠮᠦᠷ ‍ᠥᠨ ᠰᠤᠪᠠᠭ ‍ᠢ ᠨᠢᠭᠲᠠ ᠬᠠᠭᠠᠨ᠌ᠠ᠋᠃ ᠬᠡᠷᠪᠡ ᠳᠠᠮᠵᠢᠭᠤᠯᠤᠭᠴᠢ ᠬᠠᠮᠠᠭᠠᠯᠠᠭᠴᠢ ‍ᠢᠢ ᠠᠦ᠋ᠲ᠋ᠣᠮᠠᠲ ᠭᠠᠯ ᠳᠡᠭᠡᠷ ‍ᠡ᠋ ᠲᠠᠯᠪᠢᠭᠰᠠᠨ ᠪᠣᠯ ᠭᠣᠬ ‍ᠠ᠋ ‍ᠢᠢ ᠴᠢᠯᠦᠭᠡᠯᠡᠲᠡᠯ ‍ᠡ᠋ ᠪᠤᠤᠳᠠᠯᠭ᠍ᠠ᠋ ᠡᠭᠡᠯᠵᠢ ᠪᠡᠷ ᠦᠷᠭᠦᠯᠵᠢᠯᠡᠬᠦ ᠪᠥᠭᠡᠳ ᠨᠢᠭᠡ ‍ᠢᠢᠨ ᠭᠠᠯ ᠳᠡᠭᠡᠷ ‍ᠡ᠋ ᠲᠠᠯᠪᠢᠭᠰᠠᠨ ᠪᠣᠯ ᠭᠣᠬ ‍ᠠ᠋ ᠳᠠᠷᠤᠬᠤ ‍ᠳᠤ ᠪᠡᠯᠡᠨ ᠪᠣᠯᠣᠨ᠌ᠠ᠋᠃ ᠳᠠᠬᠢᠨ ᠫᠤᠤᠳᠠᠬᠤ ‍ᠢᠢᠨ ᠲᠤᠯᠠᠳᠠ ᠭᠣᠬ ‍ᠠ᠋ ‍ᠢᠢ ᠴᠢᠯᠦᠭᠡᠯᠡᠵᠦ ᠳᠠᠬᠢᠨ ᠳᠠᠷᠤᠬᠤ ᠬᠡᠷᠡᠭᠲᠡᠢ [3]

ᠰᠤᠮᠤ

АК47 ‍ᠳᠤᠷ 1943 ᠣᠨ ‍ᠳᠤᠷ ᠵᠣᠬᠢᠶᠠᠭᠰᠠᠨ 7.62х39 ᠵᠠᠭᠪᠤᠷ ‍ᠣᠨ ᠰᠤᠮᠤ᠂ Т-45 ᠭᠡᠷᠡᠯᠲᠦ ᠨᠣᠭᠤᠭᠠᠨ ᠬᠣᠰᠢᠭᠤ ᠲᠠᠢ ᠰᠤᠮᠤ᠂ ᠬᠤᠶᠠᠭ ᠨᠡᠪᠲᠡᠯᠡᠭᠴᠢ ᠣᠯᠠᠭᠠᠨ ᠬᠠᠷ ‍ᠠ᠋ ᠬᠣᠰᠢᠭᠤ ᠲᠠᠢ БЗ ᠰᠤᠮᠤ᠂ ᠬᠡᠭᠡᠷ ‍ᠡ᠋ ‍ᠢᠢᠨ ᠰᠤᠷᠭᠠᠭᠤᠯᠢᠯᠠᠯᠲᠠ ‍ᠢᠢᠨ ᠰᠤᠮᠤ ᠬᠡᠷᠡᠭᠯᠡᠨ᠌ᠡ᠋ [4]

ᠲᠥᠷᠥᠯ ‍ᠤᠳ

ᠲᠡᠩᠴᠡᠪᠦᠷᠢᠵᠢᠭᠦᠯᠦᠭᠰᠡᠨ
ᠠᠦ᠋ᠲ᠋ᠣᠮᠠᠲᠢᠭ
ᠪᠦᠬᠦᠢ
AK-107

АК
АКС
АКМ
АКМС
АК-74
АКС-74
АК-74М
АКС-74У
AK-103
AK-105
AK-107
АК-12
АК-15

ᠲᠥᠯᠬᠢᠭᠦᠷ ᠦᠭᠡᠰ

avtomat Kalashnikova
small arms
автомат Калашникова
стрелковые оружия
буудлагын зэвсэг
ака

ᠰᠡᠳᠬᠢᠭᠳᠡᠯ

<Comments/>

ᠡᠬᠢ ᠰᠤᠷᠪᠦᠯᠵᠢ

  1. Баранец, Виктор Автомат Калашникова: вместо отставки идёт на повышение. Комсомольская правда. ЗАО «ИД „Комсомольская правда“» (01.11.2011).
  2. City-FM / 17 миллионов автоматов Калашникова находится на складах Минобороны. Московское информационное радио City FM (28.02.2013).
  3. http://galiinbeltgel.blogspot.com
  4. https://vpk.name/blog/interest-about-ak-47