ᠻᠸᠠᠷᠻ

15:40, 14 Наймдугаар сар 2020-ий байдлаарх Khuree Khairaa (яриа | оруулсан хувь нэмэр) хэрэглэгчийн хийсэн залруулга

ᠨᠡᠷ ᠊ᠡ᠋ ᠲᠣᠮᠢᠶ ᠊ᠠ᠋

ᠡᠭᠡᠯ
ᠪᠥᠭᠡᠮᠰ ᠦᠨ
ᠰᠲ᠋ᠠᠨ᠋ᠳᠠᠷᠲ
ᠵᠠᠭᠪᠤᠷ

ᠡᠨᠡᠬᠦ ᠡᠭᠡᠯ ᠪᠥᠭᠡᠮᠰ ᠪᠠᠢᠢᠨ ᠠ ᠬᠡᠮᠡᠨ ᠭᠠᠷᠭᠠᠯᠭ᠎ᠠ ᠬᠢᠭᠰᠡᠨ ᠣᠨᠤᠯ ᠤᠨ ᠹᠢᠽᠢᠻᠴᠢᠳ ᠦᠨ ᠨᠢᠭᠡ ᠮᠦᠷᠷᠠᠢ ᠭᠧᠯᠯ-ᠮᠠᠨᠨ(Murray Gell-Mann) ᠠᠩᠬ ᠠ 1963 ᠣᠨ ᠳᠤ ᠡᠨᠡ ᠨᠡᠷ ᠡ ᠲᠣᠮᠢᠶ ᠠ ᠢᠢ ᠬᠡᠷᠡᠭᠯᠡᠭᠰᠡᠨ ᠪᠠᠢᠢᠨ᠎ᠠ᠃ ᠬᠣᠵᠢᠮ ᠵᠧᠢᠢᠮᠰ ᠵᠣᠢᠢᠰ ᠤᠨ (James Joyce) 《ᠹᠢᠨᠨᠡᠭᠠᠨ ᠤ ᠪᠤᠳᠠᠭᠠᠯᠭ᠎ᠠ》ᠵᠥᠬᠢᠶᠠᠯ ᠳᠦ Three quarks for Muster Mark! ᠭᠡᠰᠡᠨ ᠮᠥᠷ ᠡᠴᠡ ᠰᠠᠨᠠᠭ᠎ᠠ ᠠᠪᠤᠭᠰᠠᠨ ᠲᠠᠯ ᠠ ᠪᠠᠷ ᠳᠤᠷᠳᠠᠵᠤᠬᠤᠢ᠃


ᠲᠣᠳᠤᠷᠬᠠᠶᠢᠯᠠᠯᠲᠠ

ᠰᠲ᠋ᠠᠨ᠍ᠲᠠᠷᠳ᠋ ᠵᠠᠭᠪᠤᠷ ᠦ᠋ᠨ ᠬᠦᠷᠢᠶᠡᠨ ᠳ᠋ᠤ ᠻᠸᠠᠷᠻ ᠨᠢ e/3 ᠲᠠᠢ ᠲᠡᠩᠴᠡᠬᠦ ᠴᠠᠬᠢᠯᠭᠠᠨ ᠴᠡᠨᠡᠭ ᠲᠡᠢ᠂ ᠪᠡᠶ ‍ᠠ᠋ ᠳᠠᠭᠠᠭᠠᠭᠰᠠᠨ ᠪᠠᠢᠢᠳᠠᠯ ᠶ᠋ᠢᠠᠷ ᠠᠵᠢᠭᠯᠠᠭᠳᠠᠳᠠᠭ ᠦᠭᠡᠢ᠂ ᠾᠠᠲᠷᠣᠨ᠍hadron ‍ᠦ ᠪᠦᠷᠢᠯᠳᠦᠬᠦᠨ ᠳ᠋ᠦ ᠣᠷᠤᠳᠠᠭ᠂ ᠮᠠᠲ᠋ᠧᠷᠢ ᠶ᠋᠋ᠢ ᠪᠦᠷᠢᠳᠦᠯᠭᠦᠯᠦᠭᠴᠢ ᠰᠠᠭᠤᠷᠢ ᠪᠥᠭᠡᠮ ᠶᠤᠮ᠃ ᠾᠠᠲᠷᠣᠨ ᠨᠤᠭᠤᠳ ᠨ᠍ᠢ ᠫᠷᠣᠲ᠋ᠣᠨ᠂ ᠨᠧᠦᠲ᠋᠋ᠷᠣᠨ ᠲᠡᠷᠢᠭᠦᠲᠡᠨ ᠬᠦᠴᠦ ᠲᠡᠢ ᠬᠠᠷᠢᠯᠴᠠᠨ ᠦᠢᠯᠡᠴᠢᠯᠡᠯ ᠳ᠋ᠦ ᠣᠷᠣᠯᠴᠠᠭᠴᠢ ᠪᠣᠭᠡᠮᠰ ᠪᠢᠯᠡ᠃ ᠻᠸᠠᠷᠻ ᠳᠠᠩ ᠢᠢᠠᠷ ᠣᠷᠣᠰᠢᠳᠠᠭ ᠦᠭᠡᠢ᠂ ᠢᠮᠠᠭᠲᠠ ᠫᠷᠣᠲ᠋ᠣᠨ᠂ ᠨᠧᠦᠲ᠋ᠷᠣᠨ ᠵᠡᠷᠡᠭ ᠪᠥᠭᠡᠮᠰ ᠢ ᠪᠦᠷᠢᠳᠦᠭᠦᠯᠡᠨ ᠨᠢᠭᠡᠳᠵᠦ ᠣᠷᠣᠰᠢᠳᠠᠭ᠃

ᠰᠢᠨᠵᠢ ᠴᠢᠨᠠᠷ

ᠴᠠᠬᠢᠯᠭᠠᠨ ᠴᠡᠨᠡᠭ᠄  ᠻᠸᠠᠷᠻ ᠨᠢ ᠠᠩᠬᠢᠯᠭ᠎ᠠ (ᠦᠨᠡᠷ) ᠡᠴᠡ ᠰᠢᠯᠲᠠᠭᠠᠯᠠᠨ ᠡᠭᠡᠯ ᠴᠠᠬᠢᠯᠭᠠᠨ ᠴᠡᠨᠡᠭ ᠦᠨ ᠪᠤᠲᠤᠷᠬᠠᠢ 1⁄3᠂ ᠡᠰᠡᠪᠡᠯ 2⁄3 ᠲᠠᠢ ᠲᠡᠩᠴᠡᠬᠦ ᠴᠠᠬᠢᠯᠭᠠᠨ ᠴᠡᠨᠡᠭ ᠲᠡᠢ ᠪᠠᠢᠢᠵᠤ ᠪᠣᠯᠤᠮᠤᠢ᠃
ᠰᠫᠢᠨ᠎: ᠻᠸᠠᠷᠻ ᠤᠨ ᠲᠡᠩᠬᠡᠯᠢᠭ ᠳᠠᠭᠠᠭᠤᠬᠢ ᠰᠫᠢᠨ ᠦ ᠸᠧᠻᠲ᠋ᠣᠷ ᠤᠨ ᠬᠡᠮᠵᠢᠯᠲᠡ ᠵᠦᠪᠬᠡᠨ +ħ/2 ᠪᠣᠶᠣ −ħ/2 ᠣᠳᠬ᠎ᠠ ᠠᠠᠪᠤᠨ᠎ᠠ᠂ ᠲᠡᠢᠢᠮᠦ ᠡᠴᠡ ᠻᠸᠠᠷᠻ ᠢ ᠰᠫᠢᠨ᠎-½ ᠪᠦᠭᠡᠮ ᠭᠡᠵᠦ ᠠᠩᠭᠢᠯᠠᠳᠠᠭ ᠪᠠᠢᠢᠨ᠎ᠠ᠃[1]
ᠰᠤᠯᠠ ᠦᠢᠯᠡᠴᠢᠯᠡᠯ  ᠄ ᠨᠢᠭᠡ ᠠᠩᠬᠢᠯᠭ᠎ᠠ ᠶᠢᠨ ᠻᠸᠠᠷᠻ ᠵᠦᠪᠬᠡᠨ ᠰᠤᠯᠠ ᠦᠢᠯᠡᠴᠢᠯᠡᠯ ᠦᠨ ᠬᠦᠴᠦ ᠪᠡᠷ ᠨᠦᠭᠦᠭᠡ ᠠᠩᠬᠢᠯᠭ᠎ᠠ ᠶᠢᠨ ᠻᠸᠠᠷᠻ ᠳᠤ ᠬᠤᠪᠢᠷᠠᠵᠤ ᠪᠣᠯᠤᠨ᠎ᠠ᠃  ᠰᠤᠯᠠ ᠦᠢᠯᠡᠴᠢᠯᠡᠯ ᠨᠢ ᠹᠢᠽᠢᠻ ᠦᠨ ᠳᠦᠷᠪᠡᠨ ᠰᠠᠭᠤᠷᠢ ᠦᠯᠡᠴᠢᠯᠡᠯ ᠦᠨ ᠨᠢᠭᠡ ᠪᠢᠯᠡ᠃  ᠲᠤᠬᠠᠢᠢᠯᠠᠪᠠᠯ᠂  ᠳᠡᠭᠡᠰᠢ ᠻᠸᠠᠷᠻ (ᠳᠡᠭᠡᠰᠢ᠂ ᠭᠣᠶᠣ᠂ ᠲᠠᠭ ᠻᠸᠠᠷᠻ) W ᠪᠣᠽᠣᠨ ᠰᠢᠩᠭᠢᠭᠬᠬᠦ ᠪᠤᠶᠤ ᠠᠯᠳᠠᠬᠤ ᠳᠠᠭᠠᠨ ᠳᠣᠣᠷᠣᠭᠰᠢ ᠻᠸᠠᠷᠻ (ᠳᠣᠣᠷᠣᠭᠰᠢ᠂ ᠭᠠᠵᠢ᠂ ᠢᠷᠤᠭᠠᠷ ᠻᠸᠠᠷᠻ) ᠳᠤ ᠬᠤᠪᠢᠯᠠᠵᠤ ᠪᠣᠯᠤᠨ᠎ᠠ᠃ ᠮᠦᠨ ᠢᠢᠮᠦ ᠵᠠᠮ ᠢᠶᠠᠷ ᠳᠣᠣᠷᠣᠭᠰᠢ ᠻᠸᠠᠷᠻ ᠳᠡᠭᠡᠰᠢ ᠻᠸᠠᠷᠻ ᠳᠤ ᠬᠤᠪᠢᠷᠠᠵᠤ ᠪᠣᠯᠤᠨ᠎ᠠ᠃  ᠠᠩᠬᠢᠯᠭ᠎ᠠ ᠬᠤᠪᠢᠯᠠᠬᠤ ᠡᠨᠡᠬᠦᠦ ᠮᠧᠻᠠᠨᠢᠰᠮ ᠳᠤ ᠦᠳᠦᠭᠡᠭᠳᠡᠬᠦ ᠪᠧᠲ᠋ᠠ ᠵᠠᠳᠠᠷᠠᠯ ᠢᠶᠠᠷ ᠨᠧᠶᠢᠲ᠋ᠷᠣᠨ᠎ ᠵᠠᠳᠠᠷᠠᠵᠤ᠂ ᠫᠷᠣᠲ᠋ᠣᠨ᠎᠂ ᠧᠯᠧᠻᠲ᠋ᠷᠣᠨ᠎᠂ ᠡᠰᠡᠷᠭᠦ ᠨᠧᠶᠢᠲᠷᠢᠨᠣ (ᠠᠨᠲ᠋ᠢᠨᠧᠶᠢᠲᠷᠢᠨᠣ) ᠴᠢᠯᠦᠭᠡᠯᠡᠭᠳᠡᠨ᠎ᠡ᠃

ᠪᠧᠲ᠋ᠠ ᠵᠠᠳᠠᠷᠠᠯ


ᠬᠦᠴᠦᠲᠡᠢ ᠦᠢᠯᠡᠴᠢᠯᠡᠯ᠄ ᠭᠤᠷᠪᠠᠨ ᠦᠩᠭᠡᠨ ᠦ ᠦᠭᠡᠷ᠎ᠡ ᠦᠭᠡᠷ᠎ᠡ ᠬᠣᠣᠰᠯᠠᠯ ᠪᠦᠬᠦᠢ ᠻᠸᠠᠷᠻ ᠬᠣᠭᠣᠷᠤᠨᠳᠠ ᠶᠢᠨ ᠲᠠᠲᠠᠯᠴᠠᠯ᠂ ᠲᠤᠯᠬᠢᠯᠴᠡᠯ ᠤᠨ ᠵᠢᠮ᠎ᠠ ᠶᠢ ᠬᠦᠴᠦᠲᠡᠶ ᠦᠢᠯᠡᠴᠢᠯᠡᠯ ᠭᠡᠬᠦ ᠪᠠ ᠡᠨᠡ ᠨᠢ ᠭᠯᠦ᠋ᠶᠣᠨ ᠬᠡᠮᠡᠬᠦ ᠪᠦᠭᠡᠮᠰ ᠢ ᠲᠡᠭᠡᠬᠦ ᠬᠦᠴᠦ ᠪᠡᠷ ᠳᠠᠮᠵᠢᠨ ᠦᠢᠯᠡᠴᠢᠯᠳᠡᠭ ᠪᠠᠢᠢᠨ᠎ᠠ ᠃ ᠬᠤᠴᠤᠲᠡᠶ ᠦᠢᠯᠡᠴᠢᠯᠡᠯ ᠢ ᠲᠠᠢᠢᠯᠠᠪᠤᠷᠢᠯᠠᠭᠰᠠᠨ ᠦᠨᠤᠯ ᠢ ᠻᠸᠠᠨ᠋ᠲ ᠻᠷᠣᠮᠣᠳᠢᠨᠠᠮᠢᠻ ᠬᠡᠮᠡᠮᠦᠢ᠃
ᠮᠠᠰᠰ᠄ ᠻᠸᠠᠷᠻ ᠤᠨ ᠮᠠᠰᠰ ᠢ ᠬᠣᠶᠠᠷ ᠦᠭᠡᠷ᠎ᠡ ᠪᠡᠷ ᠢᠯᠡᠷᠬᠡᠢᠢᠯᠳᠡᠭ᠃ ᠨᠢᠭᠡᠳᠦᠭᠡᠷ ᠲᠦ᠂ ᠻᠸᠠᠷᠻ ᠤᠨ ᠲᠤᠬᠠᠢᠢ ᠶᠢᠨ ᠮᠠᠰᠰ ᠭᠡᠵᠦ ᠻᠸᠠᠷᠻ ᠤᠨ ᠦᠪᠡᠷ ᠦᠨ ᠮᠠᠰᠰ ᠢ ᠬᠡᠯᠡᠨ᠎ᠡ᠃ ᠬᠣᠶᠠᠳᠤᠭᠠᠷ ᠲᠤ᠂ ᠻᠸᠠᠷᠻ ᠤᠨ ᠪᠦᠷᠢᠳᠮᠡᠯ ᠮᠠᠰᠰ ᠭᠡᠵᠦ ᠻᠸᠡᠷᠻ ᠤᠨ ᠲᠤᠬᠠᠶ ᠶᠢᠨ ᠮᠠᠰᠰ ᠪᠠ ᠭᠯᠦ᠋ᠶᠣᠨ᠎ ᠤ ᠮᠠᠰᠰ ᠤᠨ ᠨᠡᠢᠢᠯᠪᠦᠷᠢ ᠶᠢ ᠬᠡᠯᠡᠨ᠎ᠠ᠃

ᠰᠢᠨᠵᠢ  ᠴᠢᠨᠠᠷ ᠤᠨ  ᠬᠦᠰᠦᠨᠦᠭᠲᠦ

ᠨᠡᠷ ‍ᠠ᠋ ᠨᠢᠭᠡᠳ᠋ᠦᠭᠡᠷ
ᠦᠶ ‍ᠠ᠋
ᠳᠡᠭᠡᠰᠢ ᠳᠣᠣᠷᠥᠭᠰᠢ ᠬᠣᠶᠠᠳᠤᠭᠠᠷ
ᠦᠶ ‍ᠠ᠋
ᠭᠣᠶᠤ ᠭᠠᠵᠢ ᠭᠤᠷᠪᠠᠳᠤᠭᠠᠷ
ᠦᠶ ‍ᠠ᠋
ᠲᠠᠭ ᠢᠷᠤᠭᠠᠷ
ᠲᠡᠮᠳᠡᠭ u d c s t b
ᠮᠠᠰᠰ (MeV/c2)* 2.3±0.7 ± 0.5 4.8±0.5±0.3 1275±25 95±5 173210±510±710 4180±30
J 1/2 1/2 1/2 1/2 1/2 1/2
B +1/3 +1/3 +1/3 +1/3 +1/3 +1/3
Q (e) +2/3 -1/3 +2/3 -1/3 +2/3 -1/3
I3 +1/2 +1/2 0 0 0 0
C 0 0 +1 0 0 0
S 0 0 0 -1 0 0
T 0 0 0 0 +1 0
B′ 0 0 0 0 0 -1
ᠡᠰᠡᠷᠭᠦ

ᠪᠦᠭᠡᠮ

ᠡᠰᠡᠷᠭᠦ

ᠳᠡᠭᠡᠰᠢ

ᠡᠰᠡᠷᠭᠦ

ᠳᠣᠣᠷᠣᠭᠰᠢ

ᠡᠰᠡᠷᠭᠦ

ᠭᠣᠶᠤ

ᠡᠰᠡᠷᠭᠦ

ᠭᠠᠵᠢ

ᠡᠰᠡᠷᠭᠦ

ᠲᠠᠭ

ᠡᠰᠡᠷᠭᠦ

ᠢᠷᠤᠭᠠᠷ

ᠡᠰᠡᠷᠭᠦ
ᠪᠦᠭᠡᠮ ᠦ᠋ᠨ
ᠲᠡᠮᠳᠡᠭ
ū

J ᠨᠢ ᠨᠡᠢᠢᠲᠡ ᠦᠩᠴᠡᠭᠡᠨ ᠮᠣᠮᠧᠨᠲ
B ᠨᠢ ᠪᠠᠷᠢᠶᠣᠨ ᠤ ᠲᠣᠭ᠎ᠠ
Q ᠨᠢ ᠴᠠᠬᠢᠯᠭᠠᠨ ᠴᠡᠨᠡᠭ
I3 ᠨᠢ ᠢᠰᠣᠰᠫᠢᠨ
C ᠨᠢ ᠭᠣᠶᠤ ᠰᠢᠨᠵᠢ
S/ ᠨᠢ ᠭᠠᠵᠢ ᠰᠢᠨᠵᠢ
T ᠨᠢ ᠲᠠᠭ ᠰᠢᠨᠵᠢ
B' ᠨᠢ ᠢᠷᠤᠭᠠᠷ ᠰᠢᠨᠵᠢ

ᠰᠡᠳᠬᠢᠭᠳᠡᠯ

<Comments/>

ᠲᠦᠯᠬᠢᠭᠦᠷ ᠦᠭᠡᠰ

кварк
кваркийн онол
эгэл бөөмс
quarks
elementary particles
quant mechanics

ᠡᠬᠢ ᠰᠤᠷᠪᠤᠯᠵᠢ

  1. {cock{cite book|author=F. Close|title=The New Cosmic Onion|pages=80–90|publisher=[[|CRC Press]]|year=2006|isbn=1-58488-798-2