ᠪᠠᠷᠰᠪᠣᠯᠤᠳ᠂ ᠶᠦᠩᠰᠢᠶᠡᠪᠤ ᠷᠢᠨᠴᠡᠨ ᠊ᠦ

17:01, 17 Наймдугаар сар 2020-ий байдлаарх Bilig Expeditions (яриа | оруулсан хувь нэмэр) хэрэглэгчийн хийсэн залруулга

ᠷᠢᠨᠴᠡᠨ ‍ᠦ ᠪᠠᠷᠰᠪᠣᠯᠤᠳ


ᠷᠢᠨᠴᠡᠨ ‍ᠦ ᠪᠠᠷᠰᠪᠣᠯᠤᠳ
<img src="" class="img-thumbnail" alt="Missing link" width="204" height="136">

[.jpg ᠠᠻᠠᠳᠧᠮᠢᠴᠢ ᠷᠢ᠊᠂ ᠪᠠᠷᠰᠪᠣᠯᠤᠳ]

ᠲᠣᠪᠴᠢ ᠲᠠᠨᠢᠯᠴᠠᠭᠣᠯᠭ᠍ᠠ᠋
ᠲᠥᠷᠦᠭᠰᠡᠨ ᠣᠩᠨᠠᠭ᠍ᠠ᠋ 1935 ᠣᠨ ‍ᠦ 12 ᠰᠠᠷ᠎ ‍ᠠ᠋ ᠶ᠋ᠢᠨ 21
ᠲᠥᠷᠦᠭᠰᠡᠨ ᠭᠠᠴᠠᠷ ᠤᠯᠠᠭᠠᠨᠪᠠᠭᠠᠲᠤᠷ ᠬᠣᠲᠠ
ᠬᠠᠷᠢᠶᠠᠯᠠᠯ ᠪᠥᠭᠥᠳᠡ ᠨᠠᠢᠢᠷᠠᠮᠳᠠᠬᠣ ᠮᠣᠩᠭᠣᠯ ᠠᠷᠠᠳ ᠤᠯᠤᠰ
ᠮᠣᠩᠭᠤᠯ ᠤᠯᠤᠰ
ᠢᠳᠡᠪᠬᠢ ᠲᠡᠢ ᠣᠨ ᠵᠢᠯ ‍ᠥᠳ 1959 ᠣᠨ ᠡᠴᠡ
ᠰᠠᠯᠪᠣᠷᠢ ᠭᠧᠣᠯᠥᠭᠢ
ᠫᠠᠯᠧᠣᠨ᠍ᠲ᠋ᠣᠯᠣᠭᠢ
ᠪᠣᠯᠪᠠᠰᠣᠷᠠᠯ ᠮᠣᠰᠻᠸᠠ ᠶ᠋ᠢᠨ ᠭᠧᠣᠯᠣᠭᠢ ᠬᠠᠢᠢᠭᠤᠯ ᠦ᠋ᠨ ᠳᠡᠭᠡᠳᠦ ᠰᠤᠷᠭᠠᠭᠤᠯᠢ 1959 ᠣᠨ [1]
ᠪᠠᠢᠢᠭᠣᠯᠠᠯᠭ᠍ᠠ᠋ ᠰᠢᠨᠵᠢᠯᠡᠬᠦ ᠤᠬᠠᠭᠠᠨ ‍ᠦ ᠠᠻᠠᠳᠧᠮᠢ ᠶ᠋ᠢᠨ ᠭᠧᠯᠣᠭᠢ ᠶ᠋ᠢᠨ ᠬᠦᠷᠢᠶᠡᠯᠡᠩ ᠦ᠋ᠨ ᠫᠠᠯᠧᠣᠨ᠍ᠲ᠋ᠯᠣᠭᠢ ᠶ᠋ᠢᠨ ᠲᠠᠰᠤᠭ ᠲᠤ ᠡᠷᠳᠡᠮ ᠰᠢᠨᠵᠢᠯᠡᠭᠡᠨ ᠦ ᠠᠵᠢᠯᠲᠠᠨ (1965-1969 ᠣᠨ ᠳ᠋ᠤ)
ᠭᠧᠣᠯᠣᠭᠢ ᠶ᠋ᠢᠨ ᠬᠦᠷᠢᠶᠡᠯᠡᠩ ᠦᠨ ᠰᠲ᠋ᠷᠠᠲ᠋ᠢᠭ᠋ᠷᠠᠫᠾᠢ-ᠫᠠᠯᠧᠣᠨ᠍ᠲ᠋ᠣᠯᠣᠭᠢ ᠶ᠋ᠢᠨ ᠰᠧᠻᠲ᠋ᠣᠷ ᠤᠨ ᠡᠷᠬᠢᠯᠡᠭᠴᠢ᠂ ᠵᠠᠬᠢᠷᠤᠯ (1969 ᠣᠨ ᠠᠴᠠ)
ᠫᠠᠯᠧᠣᠨ᠍ᠲ᠋ᠣᠯᠣᠭᠢ ᠶ᠋ᠢᠨ ᠲᠥᠪ ᠦᠨ ᠵᠠᠬᠢᠷᠤᠯ (1998-2014)
ᠬᠣᠪᠢ ᠨᠡᠮᠡᠷᠢ ᠦᠯᠦᠭ ᠭᠦᠷᠪᠡᠯ ᠦ᠋ᠨ 15 ᠣᠵᠴᠢᠮ ᠲᠥᠷᠦᠯ ᠵᠦᠢᠯ ᠲᠣᠳᠤᠷᠬᠠᠢᠯᠠᠭᠰᠠᠨ
ᠨᠡᠭᠬᠡᠡᠯᠲᠡ ᠶ᠋ᠢᠨ ᠴᠢᠨᠠᠷ ᠲᠠᠢ ᠡᠷᠳᠡᠮ ᠰᠢᠨᠵᠢᠯᠡᠭᠡᠨ ‍ᠦ ᠠᠵᠢᠯ ᠦ᠋ᠳ
ᠵᠡᠷᠭᠡ/ᠴᠣᠯ ᠠᠻᠠᠳᠧᠮᠢᠴᠢ
ᠳ᠋ᠣᠻᠲ᠋ᠣᠷ
ᠠᠰᠢᠶ ‍ᠠ᠋ ᠶ᠋ᠢᠨ ᠦᠯᠦᠭ ᠭᠦᠷᠪᠡᠯ ᠰᠤᠳᠤᠯᠬᠤ ᠨᠡᠢᠢᠭᠡᠮᠯᠢᠭ ᠦᠨ ᠲᠡᠷᠢᠭᠦᠨ
ᠱᠠᠩᠨᠠᠯ ᠲᠥᠷᠥ ᠶᠢᠨ ᠱᠠᠩᠨᠠᠯ
ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ 2005 ᠣᠨ
ᠰᠡᠭᠡᠷ ᠨᠢᠷᠤᠭᠤᠲᠠᠨ ᠤ ᠫᠠᠯᠧᠣᠨ᠍ᠲ᠋ᠣᠯᠣᠭᠢ ᠶ᠋ᠢᠨ ᠳᠡᠭᠡᠳᠦ ᠱᠠᠩᠨᠠᠯ ᠷᠣᠮᠧᠷ ᠪᠠ ᠰᠢᠮᠫᠴᠠᠨ ᠤ ᠨᠡᠷᠡᠮᠵᠢᠲᠦ ᠱᠠᠩᠨᠠᠯ ᠠᠪᠤᠭᠰᠠᠨ ᠠᠰᠢᠶ᠎ᠠ ᠶᠢᠨ ᠬᠣᠶᠠᠷ ᠳ᠋ᠠᠬᠢ ᠬᠦᠮᠦᠨ
ᠣᠷᠣᠰ ᠤᠨ ᠰᠢᠨᠵᠢᠯᠡᠬᠦ ᠤᠬᠠᠭᠠᠨ ᠤ ᠠᠻᠠᠳᠧᠮᠢ ᠶᠢᠨ ᠬᠣᠶᠠᠷ ᠳ᠋ᠠᠬᠢ ᠭᠠᠳᠠᠭᠠᠳᠤ ᠭᠡᠰᠢᠭᠦᠨ
ᠳᠡᠯᠡᠬᠡᠢ ᠶᠢᠨ ᠬᠥᠭᠵᠢᠵᠦ ᠪᠤᠢ ᠤᠯᠤᠰ ᠣᠷᠣᠨ ᠤ ᠲᠥᠯᠥᠭᠡ ᠰᠢᠨᠵᠢᠯᠡᠬᠦ ᠤᠬᠠᠭᠠᠨ ᠤ ᠠᠻᠠᠳᠧᠮᠢ ᠶ᠋ᠢᠨ ᠭᠡᠰᠢᠭᠦᠨ
ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠶᠢᠨ ᠭᠠᠷ ᠤᠨ ᠦᠰᠦᠭ ᠲᠡᠢ 《ᠬᠦᠨᠳᠦᠳᠬᠡᠯ》 ᠣᠳᠣᠨ 2012 ᠣᠨ


ᠨᠠᠮᠲᠠᠷ

ᠠᠻᠠᠳᠧᠮᠢᠴᠢ᠂ ᠳ᠋ᠣᠻᠲ᠋ᠣᠷ ᠶᠦᠩᠰᠢᠶᠡᠪᠤ ᠷᠢᠨᠴᠢᠨ ᠦ ᠪᠠᠷᠰᠪᠣᠯᠣᠳ 1935 ᠣᠨ ᠤ 12 ᠰᠠᠷ᠎ᠠ ᠶᠢᠨ 21  ᠳᠤ ᠤᠯᠠᠭᠠᠨᠪᠠᠭᠠᠲᠤᠷ ᠬᠣᠲᠠ ᠳ᠋ᠤ ᠲᠦᠷᠦᠭᠰᠡᠨ᠃ ᠪᠠᠷᠰᠪᠣᠯᠣᠳ ᠤᠨ ᠠᠪᠤ᠂ ᠶᠡᠬᠡ ᠡᠷᠳᠡᠮᠲᠡᠨ ᠶᠦᠩᠰᠢᠶᠡᠪᠤ ᠪᠢ ∙ ᠷᠢᠨᠴᠢᠨ ᠨᠢ ᠲᠡᠭᠦᠨ ᠢ 3 ᠨᠠᠰᠤ ᠲᠠᠢ ᠪᠠᠢᠢᠬᠤ ᠳᠤ ᠤᠯᠤᠰ ᠲᠥᠷᠦ ᠶᠢᠨ ᠬᠢᠯᠢᠰ ᠬᠡᠷᠡᠭ ᠢᠢᠡᠷ ᠱᠣᠷᠣᠩ ᠳᠤ ᠣᠷᠣᠵᠤ᠂ 8 ᠨᠠᠰᠤ ᠲᠠᠢ ᠪᠠᠢᠢᠬᠤ ᠳᠤ ᠨᠢ ᠰᠤᠯᠠᠯᠠᠭᠳᠠᠵᠤ᠂ ᠡᠷᠭᠢᠨ ᠢᠷᠡᠭᠰᠡᠨ ᠪᠠᠢᠢᠨ᠎ᠠ᠃
ᠪᠢ ∙ ᠷᠢᠨᠴᠢᠨ ᠦ ᠭᠡᠷᠭᠡᠢ᠂ ᠪᠠᠷᠰᠪᠤᠯᠤᠳ ᠤᠨ ᠡᠵᠢ ᠷᠠᠳᠨ᠎ᠡ 《ᠦᠨᠡᠨ》 ᠰᠣᠨᠢᠨ ᠳᠤ ᠣᠷᠴᠢᠭᠤᠯᠤᠭᠴᠢ ᠬᠢᠳᠡᠭ᠂ ᠣᠷᠣᠰ᠂ ᠮᠣᠩᠭᠣᠯ ᠬᠡᠯᠡ ᠪᠡᠷ᠂ ᠪᠠᠰᠠ ᠦᠨᠳᠦᠰᠦᠨ ᠦ ᠮᠣᠩᠭᠣᠯ ᠪᠢᠴᠢᠭ ᠶ᠋ᠢᠡᠷ ᠶ᠋ᠢᠡᠨ ᠰᠠᠢᠢᠬᠠᠨ ᠪᠢᠴᠢᠳᠡᠭ ᠪᠠᠢᠢᠵᠠᠢ᠃
ᠡᠵᠢ ᠨᠢ ᠬᠠᠮᠤᠭ ᠤᠨ ᠬᠡᠴᠡᠭᠦᠬᠡᠨ 1930 ᠊ᠠᠳ ᠣᠨ ᠤ ᠰᠡᠭᠦᠯᠴᠢ ᠪᠡᠷ ᠪᠠᠷᠰᠪᠣᠯᠣᠳ ᠪᠠ ᠲᠡᠭᠦᠨ ᠦ ᠪᠠᠭ᠎ᠠ ᠡᠭᠡᠴᠢ ᠱᠢᠨᠵᠠ ᠳ᠋ᠤ ᠣᠷᠣᠰ ᠤᠨ ᠰᠣᠩᠭᠣᠳᠠᠭ ᠤᠷᠠᠨ ᠵᠣᠬᠢᠶᠠᠯ ᠤᠨ ᠨᠣᠮ ᠤᠩᠰᠢᠵᠤ ᠥᠭᠴᠦ ᠪᠠᠢᠢᠭᠰᠠᠨ᠂ ᠬᠡᠦᠬᠡᠳ ᠦᠳ ᠶ᠋ᠢᠡᠨ ᠪᠣᠯᠪᠠᠰᠤᠷᠠᠭᠤᠯᠬᠤ ᠭᠡᠵᠦ ᠶᠡᠬᠡ ᠶ᠋ᠢ ᠬᠢᠭᠰᠡᠨ᠂ ᠦᠨᠡ ᠲᠡᠢ ᠬᠤᠪᠢ ᠨᠡᠮᠡᠷᠢ ᠣᠷᠣᠭᠤᠯᠤᠭᠰᠠᠨ ᠭᠡᠨ᠎ᠡ᠃[2]
ᠪᠠᠷᠰᠪᠣᠯᠣᠳ ᠢ 5 ᠨᠠᠰᠤ ᠲᠠᠢ ᠪᠠᠢᠢᠬᠤ ᠳᠤ ᠡᠵᠢ ᠷᠠᠳᠨ᠎ᠡ ᠨᠢ ᠳᠡᠭᠦᠦ ᠶ᠋ᠢᠨ ᠶ᠋ᠢᠡᠨ ᠬᠠᠮᠲᠤ ᠪᠠᠷᠰᠪᠣᠯᠣᠳ ᠤᠨ ᠡᠭᠡᠴᠢ ᠳᠦ ᠣᠷᠣᠢ ᠶ᠋ᠢᠨ ᠴᠠᠭ ᠶ᠋ᠢᠠᠷ ᠣᠷᠣᠰ ᠬᠡᠯᠡ ᠵᠢᠭᠠᠳᠠᠭ ᠪᠠᠢᠢᠵᠠᠢ᠃
ᠪᠠᠷᠰᠪᠣᠯᠣᠳ ᠬᠠᠵᠠᠭᠤ ᠳᠤ ᠨᠢ ᠰᠣᠨᠣᠰᠴᠤ ᠪᠠᠢᠢᠭᠠᠳ ᠣᠷᠣᠰ ᠬᠡᠯᠡ ᠰᠤᠷᠤᠭᠰᠠᠨ ᠪᠠᠢᠢᠨ᠎ᠠ᠃ [3]
ᠪᠠᠭ᠎ᠠ᠂ ᠵᠠᠯᠠᠭᠤ ᠨᠠᠰᠤᠨ ᠳᠤ ᠨᠢ ᠪᠢ ∙ ᠷᠢᠨᠴᠡᠨ ᠬᠡᠦᠬᠡᠳ ᠦᠳ ᠳ᠋ᠦ ᠪᠡᠨ 《ᠠᠵᠢᠯ ᠬᠥᠳᠡᠯᠮᠦᠷᠢ ᠬᠢᠬᠦ ᠶᠣᠰᠣᠲᠠᠢ᠂ ᠶᠡᠬᠡ ᠤᠩᠰᠢᠬᠤ ᠬᠡᠷᠡᠭᠲᠡᠢ》 ᠭᠡᠵᠦ ᠰᠤᠷᠭᠠᠳᠠᠭ ᠪᠠᠢᠢᠵᠠᠢ᠃
ᠪᠠᠰᠠ ᠦᠢᠯᠡᠳᠦᠯ ᠶ᠋ᠢᠡᠷ ᠶ᠋ᠢᠡᠨ ᠦᠯᠢᠭᠡᠷᠯᠡᠳᠡᠭ ᠪᠠᠢᠢᠵᠠᠢ᠃
ᠪᠠᠷᠰᠪᠣᠯᠣᠳ ᠬᠡᠦᠬᠡᠳ ᠠᠬᠤᠢ ᠳᠤ ᠪᠠᠨ ᠠᠷᠠᠳ ᠤᠨ ᠬᠤᠪᠢᠰᠬᠠᠯ ᠠᠴᠠ ᠡᠮᠦᠨ᠎ᠡ ᠮᠣᠩᠭᠣᠯ ᠳᠤ ᠠᠵᠢᠯᠯᠠᠵᠤ ᠪᠠᠢᠢᠭᠰᠠᠨ ᠣᠷᠣᠰ ᠤᠨ ᠠᠯᠳᠠᠷᠲᠤ ᠭᠧᠣᠯᠣᠭᠢᠴᠢ ᠣᠪᠷᠦ᠋ᠴᠧᠹ ᠦ᠋ᠨ ᠪᠢᠴᠢᠭᠰᠡᠨ ᠦᠯᠦᠭ ᠭᠦᠷᠪᠡᠯ ᠦᠨ ᠲᠠᠯ ᠠ᠋ ᠪᠠᠷ ᠬᠢ ᠰᠣᠨᠢᠷᠬᠠᠯ ᠲᠠᠢ ᠮᠠᠲ᠋ᠧᠷᠢᠶᠠᠯ ᠤᠩᠰᠢᠵᠤ ᠪᠠᠢᠢᠵᠠᠢ᠃
ᠲᠡᠭᠦᠨ ᠢ 12 ᠨᠠᠰᠤ ᠲᠠᠢ ᠪᠠᠢᠢᠬᠤ ᠳᠤ ᠵᠥᠪᠯᠡᠯᠲᠦ ᠶᠢᠨ ᠫᠠᠯᠧᠣᠨ᠍ᠲ᠋ᠣᠯᠣᠭᠢᠴᠢ ᠶᠧᠹᠷᠧᠮᠣᠹ ᠪᠢ ∙ ᠷᠢᠨᠴᠡᠨ ᠦ ᠳᠦ ᠵᠣᠴᠢᠯᠠᠵᠤ ᠪᠠᠢᠢᠭᠰᠠᠨ ᠪᠠᠢᠢᠨ᠎ᠠ᠃
ᠭᠡᠪᠡ ᠴᠦ ᠡᠳᠡᠭᠡᠷ ᠨᠢ ᠮᠡᠷᠭᠡᠵᠢᠯ ᠶ᠋ᠢᠡᠨ ᠰᠣᠩᠭᠣᠬᠤ ᠳᠤ ᠨᠢ ᠬᠠᠷᠠᠬᠠᠨ ᠨᠥᠯᠦᠭᠡᠯᠡᠭᠡᠳᠦᠢ ᠪᠠᠢᠢᠨ᠎ᠠ᠃
ᠷᠢ ∙ ᠪᠠᠷᠰᠪᠣᠯᠣᠳ 10 ᠳ᠋ᠤᠭᠠᠷ ᠠᠩᠭᠢ ᠪᠠᠨ ᠲᠡᠭᠦᠰᠬᠡᠭᠡᠳ ᠭᠧᠣᠯᠣᠭᠢᠴᠢ ᠪᠣᠯᠬᠣ ᠪᠠᠷ ᠰᠢᠢᠳᠦᠭᠰᠡᠨ ᠪᠠᠢᠢᠨ᠎ᠠ᠃
ᠮᠣᠩᠭᠣᠯ ᠳᠤ ᠭᠧᠣᠯᠣᠭᠢᠴᠢ ᠪᠠᠢᠢᠭᠠᠳᠦᠢ ᠦᠶ᠎ᠡ ᠳᠦ ᠵ ∙ ᡀᠠᠮᠣᠰᠦ᠋ᠷᠦᠩ᠂ ᠷᠢ ∙ ᠪᠠᠷᠰᠪᠣᠯᠣᠳ ᠬᠣᠶᠠᠷ 1959 ᠣᠨ ᠳᠤ ᠠᠩᠬ᠎ᠠ ᠭᠧᠣᠯᠣᠭᠢ ᠶ᠋ᠢᠨ ᠢᠨ᠍ᠵᠧᠨᠧᠷ ᠶ᠋ᠢᠡᠷ ᠲᠡᠭᠦᠰᠴᠦᠬᠦᠢ᠃
ᠷᠢ᠂ ᠪᠠᠷᠰᠪᠣᠯᠣᠳ Adasaurus᠂ Anserimimus᠂ Harpymimus᠂ Gallimimus᠂ Ingenia ᠵᠡᠷᠭᠡ 15 ᠣᠷᠴᠢᠮ ᠦᠯᠦᠭ ᠭᠦᠷᠪᠡᠯ ᠦᠨ ᠵᠦᠢᠯ ᠨᠡᠭᠡᠭᠡᠵᠦ᠂ ᠨᠡᠷ᠎ᠡ ᠥᠭᠭᠦᠭᠰᠡᠨ ᠪᠠᠢᠢᠳᠠᠭ᠃
ᠷᠢ᠂ ᠪᠠᠷᠰᠪᠣᠯᠣᠳ ᠰᠣᠼᠢᠶᠠᠯᠢᠰᠲ᠋ ᠣᠷᠣᠨ ᠤ ᠬᠦᠷᠢᠶᠡᠨ ᠳᠦ ᠦᠯᠦᠭ ᠭᠦᠷᠪᠡᠯ ᠦᠨ ᠰᠤᠳᠤᠯᠭ᠎ᠠ ᠪᠠᠷ ᠳ᠋ᠣᠻᠲ᠋ᠣᠷ ᠦ᠋ᠨ ᠵᠡᠷᠭᠡ ᠬᠠᠮᠠᠭᠠᠯᠠᠭᠰᠠᠨ ᠠᠩᠬᠠᠨ ᠤ ᠡᠷᠳᠡᠮᠲᠡᠨ ᠪᠢᠯᠡ᠃
1990 ᠊ᠡᠳ ᠣᠨ ᠠᠴᠠ ᠫᠠᠯᠧᠣᠨ᠍ᠲ᠋ᠣᠯᠣᠭᠢ ᠶ᠋ᠢᠨ ᠣᠯᠳᠠᠪᠤᠷᠢ ᠬᠠᠤᠯᠢ ᠪᠤᠰᠤ ᠪᠠᠷ ᠣᠯᠪᠤᠷᠢᠯᠠᠬᠤ ᠨᠢ ᠶᠡᠬᠡᠰᠦᠭᠰᠡᠨ᠃
ᠡᠷᠲᠡᠨ ᠦ ᠴᠢᠯᠠᠭᠤᠵᠢᠭᠰᠠᠨ ᠥᠨᠳᠡᠭᠡ ᠪᠡᠷ ᠶ᠋ᠢᠡᠨ ᠠᠯᠳᠠᠷ ᠲᠠᠢ ᠨᠤᠲᠤᠭ ᠤᠨ ᠣᠷᠣᠰᠢᠨ ᠰᠠᠭᠤᠭᠴᠢᠳ ᠨᠢ ᠥᠪᠡᠷᠰᠡᠳ ᠶ᠋ᠢᠡᠨ ᠬᠠᠤᠯᠢ ᠪᠤᠰᠤ ᠪᠠᠷ ᠣᠯᠪᠤᠷᠢᠯᠠᠳᠠᠭ ᠪᠠᠢᠢᠵᠠᠢ᠃
ᠷᠢ᠂ ᠪᠠᠷᠰᠪᠣᠯᠣᠳ 《ᠲᠤᠬᠠᠢ ᠶᠢᠨ ᠰᠤᠮᠤ ᠶᠢᠨ ᠪᠦᠬᠦ ᠠᠢᠢᠯ ᠳᠤ ᠴᠢᠯᠠᠭᠤᠵᠢᠭᠰᠠᠨ ᠥᠨᠳᠡᠭᠡ ᠪᠠᠢᠢᠨ᠎ᠠ》 ᠭᠡᠰᠡᠨ ᠮᠡᠳᠡᠭᠡ ᠰᠣᠨᠣᠰᠤᠭᠠᠳ ᠲᠠᠩᠨᠠᠭᠤᠯ ᠤᠨ ᠭᠠᠵᠠᠷ ᠤᠨ ᠨᠢᠭᠡᠨ ᠬᠤᠷᠠᠩᠳᠠ ᠲᠠᠢ ᠠᠭᠤᠯᠵᠠᠵᠤ᠄ 《ᠳᠡᠭᠡᠳᠦ ᠭᠠᠵᠠᠷ ᠠᠴᠠ ᠲᠣᠭᠲᠠᠭᠠᠯ ᠭᠠᠷᠭᠠᠭᠤᠯᠵᠤ᠂ ᠲᠠ ᠨᠠᠷ ᠤᠨ ᠣᠷᠣᠯᠴᠠᠭ᠎ᠠ ᠲᠠᠢ ᠲᠡᠨᠳᠡᠬᠢ ᠶᠢᠨ ᠠᠢᠢᠯ ᠤᠳ ᠢ ᠨᠡᠩᠵᠢᠵᠦ ᠦᠵᠡᠮᠡᠷ ᠪᠠᠢᠢᠨ᠎ᠠ᠃ ᠣᠯᠠᠨ ᠮᠢᠩᠭᠠᠨ ᠳ᠋ᠣᠯᠯᠠᠷ ᠤᠨ ᠠᠰᠢᠭ ᠨᠢ ᠶᠠᠭᠠᠬᠢᠬᠤ ᠪᠤᠢ᠂ ᠡᠨᠡ ᠪᠣᠯ ᠪᠠᠢᠢᠭᠠᠯᠢ  ᠶ᠋ᠢᠨ ᠰᠣᠨᠢᠨ ᠦᠵᠡᠭᠳᠡᠯ ᠰᠢᠦ ᠳ᠋ᠡ᠃
ᠣᠶᠤᠲᠠᠨ ᠨᠤᠭᠤᠳ ᠳᠤᠷ᠎ᠠ ᠪᠠᠷ ᠶ᠋ᠢᠠᠨ ᠬᠤᠳᠠᠯᠳᠤᠵᠤ᠂ ᠬᠢᠯᠢ ᠳᠠᠪᠠᠭᠤᠯᠵᠤ ᠪᠠᠢᠢᠨ᠎ᠠ》 ᠭᠡᠬᠦ ᠳᠦ᠄
《ᠲᠠ ᠪᠣᠯᠪᠠᠰᠤᠷᠠᠯ ᠲᠠᠢ ᠬᠦᠮᠦᠨ ᠪᠠᠢᠢᠵᠤ 1930  ᠊ᠭᠠᠳ ᠣᠨ ᠤ ᠦᠶ᠎ᠡ ᠶᠢᠨ ᠵᠡᠭᠦᠨ ᠦ ᠨᠤᠭᠤᠯᠤᠭ᠎ᠠ ᠰᠢᠭ᠂ ᠬᠠᠷ᠎ᠠ᠂ ᠰᠢᠷ᠎ᠠ ᠹᠧᠣᠳᠠᠯ ᠤᠨ ᠬᠥᠷᠥᠩᠭᠡ ᠬᠤᠷᠢᠶᠠᠶ᠎ᠠ ᠭᠡᠳᠡᠭ ᠲᠡᠢ ᠠᠳᠠᠯᠢ ᠵᠦᠢᠯ ᠶᠠᠷᠢᠬᠤ ᠶᠤᠮ》 ᠭᠡᠵᠦ ᠱᠣᠭᠣᠯᠠᠵᠤ ᠪᠠᠢᠢᠵᠡᠢ᠃
ᠣᠶᠤᠲᠠᠨ ᠪᠠᠢᠢᠲᠤᠭᠠᠢ ᠥᠨᠳᠦᠷ ᠲᠤᠰᠢᠶᠠᠯᠲᠠᠨ ᠬᠦᠷᠲᠡᠯ᠎ᠡ ᠦᠯᠦᠭ ᠭᠦᠷᠪᠡᠯ ᠦᠨ ᠥᠨᠳᠡᠭᠡ ᠬᠤᠳᠠᠯᠳᠤᠵᠤ ᠪᠠᠢᠢᠭᠰᠠᠨ ᠢ ᠷᠢ ∙ ᠪᠠᠷᠰᠪᠣᠯᠣᠳ ᠭᠠᠢᠢᠯᠢ ᠶᠢᠨ ᠬᠢᠨ ᠠᠴᠠ ᠰᠣᠨᠣᠰᠤᠭᠠᠳ᠄
《ᠲᠠ ᠨᠠᠷ ᠶᠠᠭᠤ ᠶᠢ ᠪᠠᠨ ᠬᠠᠷᠠᠵᠤ ᠪᠠᠢᠢᠳᠠᠭ ᠶᠤᠮ ᠪᠤᠢ》 ᠭᠡᠬᠦ ᠪᠡᠷ᠄
《ᠥᠨᠳᠦᠷ ᠴᠣᠯᠠ ᠲᠠᠢ ᠬᠦᠮᠦᠨ ᠢ ᠶᠠᠬᠤ ᠪᠢᠯᠡ ᠳ᠋ᠡ》 ᠭᠡᠵᠦ ᠬᠠᠷᠢᠭᠤᠯᠵᠤ ᠪᠠᠢᠢᠵᠠᠢ᠃
ᠦᠯᠦᠭ ᠭᠦᠷᠪᠡᠯ ᠦᠨ ᠮᠦᠽᠧᠢ ᠲᠡᠢ ᠪᠣᠯᠬᠤ ᠲᠠᠯ᠎ᠠ ᠪᠠᠷ ᠲᠥᠷᠦ ᠵᠠᠰᠠᠭ ᠲᠤ ᠪᠠᠨ ᠬᠠᠨᠳᠤᠬᠤ ᠳᠤ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠳᠠᠷᠤᠭ᠎ᠠ ᠨᠢ ᠨᠢᠭᠡᠨ ᠬᠤᠷᠠᠯ ᠤᠨ ᠦᠶ᠎ᠡ ᠪᠡᠷ᠄
《ᠬᠦᠢᠲᠡᠨ ᠬᠣᠰᠢᠭᠤ ᠲᠠᠢ ᠠᠮᠢᠲᠠᠨ ᠰᠤᠷᠲᠠᠯᠴᠢᠯᠠᠭᠠᠳ᠂ ᠪᠢᠴᠢᠭᠡᠳ ᠪᠠᠢᠢᠬᠤ ᠬᠡᠷᠡᠭ ᠪᠠᠢᠢᠨ᠎ᠠ ᠤᠤ᠃
ᠬᠠᠷᠢᠨ ᠲᠡᠭᠦᠨ ᠦ ᠣᠷᠣᠨ ᠳᠤ ᠵᠥᠪᠯᠡᠯᠲᠦ ᠬᠣᠯᠪᠣᠭᠠᠲᠤ ᠤᠯᠤᠰ ᠤᠨ ᠲᠤᠰᠠᠯᠠᠯᠴᠠᠭ᠎ᠠ ᠲᠠᠢ ᠪᠠᠷᠢᠭᠰᠠᠨ ᠰᠦ᠋ᠨ᠂ ᠭᠤᠲᠤᠯ ᠤᠨ ᠦᠢᠯᠡᠳᠪᠦᠷᠢ ᠶᠢᠨ ᠲᠤᠬᠠᠢ ᠪᠢᠴᠢᠬᠦ ᠨᠢ ᠵᠦᠢ ᠲᠡᠢ》 ᠭᠡᠵᠦ ᠬᠡᠯᠡᠵᠦ ᠪᠠᠢᠢᠭᠰᠠᠨ ᠪᠠᠢᠢᠨ᠎ᠠ᠃
ᠪᠠᠢᠢᠭᠠᠯᠢ ᠣᠷᠴᠢᠨ ᠤ ᠲᠤᠬᠠᠢ ᠨᠡᠭᠡᠭᠡᠯᠲᠡ ᠶᠢᠨ ᠬᠡᠮᠵᠢᠶᠡᠨ ᠦ ᠦᠭᠦᠯᠡᠯ ᠦᠳ ᠬᠡᠪᠯᠡᠳᠡᠭ 《Nature》 ᠬᠡᠮᠡᠬᠦ ᠠᠯᠳᠠᠷ ᠲᠠᠢ ᠰᠡᠳᠬᠦᠯ ᠳᠦ ᠬᠦᠰᠡᠭᠰᠡᠨ ᠡᠷᠳᠡᠮᠲᠡᠨ ᠪᠦᠷш ᠦᠭᠦᠯᠡᠯ ᠶ᠋ᠢᠡᠨ ᠬᠡᠪᠯᠡᠭᠦᠯᠬᠦ ᠪᠣᠯᠤᠮᠵᠢ ᠦᠭᠡᠢ᠃
ᠬᠠᠷᠢᠨ ᠷᠢ ∙ ᠪᠠᠷᠰᠪᠣᠯᠣᠳ ᠤᠭ ᠰᠡᠳᠬᠦᠯ ᠳᠦ ᠳᠥᠷᠪᠡᠨ ᠤᠳᠠᠭ᠎ᠠ ᠮᠠᠲ᠋ᠧᠷᠢᠶᠠᠯ ᠶ᠋ᠢᠠᠨ ᠨᠡᠢᠢᠲᠡᠯᠡᠭᠦᠯᠵᠦ ᠪᠠᠢᠢᠪᠠ᠃
ᠲᠡᠷᠡ ᠪᠡᠷ ᠦᠯᠦᠭ ᠭᠦᠷᠪᠡᠯ ᠦᠨ ᠰᠤᠳᠤᠯᠤᠯ ᠳᠤ ᠬᠠᠮᠤᠭ ᠤᠨ ᠶᠡᠬᠡ ᠬᠦᠯᠢᠶᠡᠭᠳᠡᠵᠦ ᠪᠠᠢᠢᠭᠰᠠᠨ᠂ ᠤᠷᠢᠳᠤ ᠨᠢ ᠮᠡᠳᠡᠬᠦ ᠠᠷᠭ᠎ᠠ ᠦᠭᠡᠢ ᠮᠡᠳᠡᠭᠡᠯᠡᠯ ᠠᠭᠤᠯᠠᠭᠰᠠᠨ᠂ ᠨᠡᠭᠡᠭᠡᠯᠲᠡ ᠶᠢᠨ ᠬᠡᠮᠵᠢᠶᠡᠨ ᠦ ᠥᠭᠦᠯᠡᠯ ᠬᠡᠪᠯᠡᠭᠦᠯᠵᠡᠢ᠃
ᠦᠭᠦᠯᠡᠯ ᠨᠢ 《Deinocheirus ᠦ᠋ᠨ ᠨᠢᠭᠤᠴᠠ ᠶᠢ ᠲᠠᠢᠢᠯᠬᠤ ᠪᠣᠯᠤᠮᠵᠢ ᠣᠯᠳᠠᠯ᠎ᠠ》 ᠭᠡᠰᠡᠨ ᠭᠠᠷᠴᠠᠭ ᠲᠠᠢ᠃ [4]

ᠠᠵᠢᠯ ᠦᠢᠯᠡᠰ

ᠠᠻᠠᠳᠧᠮᠢᠴᠢ᠂ ᠳ᠋ᠣᠻᠲ᠋ᠣᠷ ᠶᠦᠩᠰᠢᠶᠡᠪᠤ ᠷᠢᠨᠴᠡᠨ ᠦ ᠪᠠᠷᠰᠪᠣᠯᠣᠳ ᠳᠡᠯᠡᠬᠡᠢ ᠶᠢᠨ ᠫᠠᠯᠧᠣᠨ᠍ᠲ᠋ᠣᠯᠣᠭᠢ ᠶ᠋ᠢᠨ ᠰᠢᠨᠵᠢᠯᠡᠬᠦ ᠤᠬᠠᠭᠠᠨ ᠳ᠋ᠤ ᠦᠨᠡ ᠲᠡᠢ ᠬᠤᠪᠢ ᠨᠡᠮᠡᠷᠢ ᠪᠡᠨ ᠣᠷᠣᠭᠤᠯᠤᠭᠰᠠᠨ᠃
1965 ᠣᠨ ᠳᠤ ᠮᠣᠩᠭᠣᠯ-ᠫᠣᠯᠠᠨ᠍ᠳ᠋ ᠤᠨ ᠬᠠᠮᠲᠤᠷᠠᠭᠰᠠᠨ ᠡᠻᠰᠫᠧᠳᠢᠼ ᠡᠮᠦᠨᠡᠭᠣᠪᠢ ᠶᠢᠨ ᠪᠦᠭᠡ ᠶᠢᠨ ᠴᠠᠪᠠ ᠭᠡᠳᠡᠭ ᠬᠠᠪᠴᠢᠯ ᠠᠴᠠ ᠦᠯᠦᠭ ᠭᠦᠷᠪᠡᠯ ᠦᠨ ᠤᠴᠢᠷ ᠪᠢᠲᠡᠭᠦᠯᠢᠭ᠂ ᠬᠣᠶᠠᠷ ᠮᠧᠲ᠋ᠧᠷ ᠣᠷᠴᠢᠮ ᠤᠷᠲᠤ ᠲᠠᠢ ᠬᠣᠶᠠᠷ ᠰᠠᠷᠪᠠᠭᠤ ᠣᠯᠤᠭᠰᠠᠨ᠃
ᠫᠣᠯᠠᠨ᠍ᠳ᠋ ᠦ᠋ᠨ ᠡᠷᠳᠡᠮᠲᠡᠳ ᠰᠢᠨ᠎ᠡ ᠣᠪᠤᠭ ᠭᠡᠵᠦ ᠰᠤᠳᠤᠯᠤᠭᠰᠠᠨ ᠴᠤ ᠭᠠᠪᠠᠯᠠ ᠶᠢᠨ ᠶᠠᠰᠤ ᠪᠠᠢᠢᠬᠤ ᠦᠭᠡᠢ ᠡᠴᠡ ᠬᠡᠮᠵᠢᠶ᠎ᠡ ᠳᠠᠮᠵᠢᠶ᠎ᠠ᠂ ᠰᠢᠳᠦ ᠲᠡᠢ ᠰᠢᠳᠦ ᠦᠭᠡᠢ᠂ ᠶᠠᠭᠤ ᠪᠠᠷ ᠬᠣᠭᠣᠯᠠᠯᠠᠳᠠᠭ ᠨᠢ ᠰᠠᠶ᠋ᠢᠬᠠᠨ ᠢ ᠬᠦᠷᠲᠡᠯ᠎ᠡ ᠮᠡᠳᠡᠬᠦ ᠠᠷᠭ᠎ᠠ ᠦᠭᠡᠢ ᠪᠠᠢᠢᠯ᠎ᠠ᠃
ᠬᠡᠳᠦᠢ ᠬᠤᠯᠠᠭᠠᠢᠢᠴᠢᠳ ᠰᠦᠢᠳᠬᠡᠭᠰᠡᠨ ᠴᠤ ᠲᠤᠬᠠᠢ ᠶᠢᠨ ᠦᠶ᠎ᠡ ᠶᠢᠨ ᠰᠤᠶᠤᠯ᠂ ᠰᠫᠣᠷᠲ᠂ ᠠᠶᠠᠯᠠᠯ ᠵᠢᠭᠤᠯᠴᠢᠯᠠᠯ ᠤᠨ ᠰᠠᠢᠢᠳ ᠴᠡ᠊ ∙ ᠣᠶᠤᠨᠭᠡᠷᠡᠯ ᠦᠨ ᠲᠤᠰᠠᠯᠠᠮᠵᠢ ᠲᠠᠢ ᠲᠣᠯᠣᠭᠠᠢ ᠶᠢ ᠨᠢ ᠪᠤᠴᠠᠭᠠᠵᠤ ᠠᠪᠤᠭᠰᠠᠨ᠃
ᠮᠢᠬᠠᠨ ᠢᠳᠡᠰᠢᠲᠡᠨ ᠭᠡᠵᠦ ᠣᠢᠢᠯᠠᠭᠠᠵᠤ ᠪᠠᠢᠢᠭᠰᠠᠨ ᠶ᠋ᠢᠠᠨ ᠡᠪᠡᠰᠦᠨ ᠢᠳᠡᠰᠢᠲᠡᠨ ᠪᠠᠢᠢᠵᠤ ᠪᠣᠯᠵᠣᠰᠢ ᠦᠭᠡᠢ ᠭᠡᠰᠡᠨ ᠳ᠋ᠦᠩᠨᠡᠯᠲᠡ ᠳᠦ ᠬᠦᠷᠦᠭᠰᠡᠨ᠃
ᠢᠳᠡᠭᠰᠡᠨ ᠶ᠋ᠢᠡᠨ ᠮᠧᠻᠠᠨᠢᠭ ᠮᠠᠶᠢᠭ ᠶ᠋ᠢᠠᠷ ᠵᠢᠵᠢᠭᠯᠡᠳᠡᠭ ᠬᠣᠳᠣᠭᠣᠳᠣᠨ ᠤ ᠴᠢᠯᠠᠭᠤ ᠡᠪᠡᠰᠦᠨ ᠢᠳᠡᠰᠢᠳᠦ ᠰᠢᠪᠠᠭᠤᠨ ᠳᠤ ᠪᠠᠢᠢᠳᠠᠭ ᠶᠤᠮ᠃
ᠳᠧᠢᠨᠣᠬᠧᠢᠷᠦ᠋ᠰ Deinocheirus ᠲᠦ ᠪᠠᠢᠢᠭᠰᠠᠨ ᠬᠣᠳᠣᠭᠣᠳᠣᠨ ᠤ ᠴᠢᠯᠠᠭᠤ ᠶᠢ ᠬᠠᠷᠠᠭᠠᠳ ᠡᠪᠡᠰᠦᠨ ᠲᠡᠵᠢᠭᠡᠯᠲᠡᠨ ᠭᠡᠵᠦ ᠪᠣᠯᠬᠤ ᠪᠣᠯᠪᠠᠴᠤ ᠮᠢᠬᠠᠨ ᠢᠳᠡᠰᠢ ᠳᠦ ᠭᠡᠳᠡᠭ ᠨᠢ ᠬᠥᠳᠡᠯᠦᠰᠢ ᠦᠭᠡᠢ ᠪᠣᠯᠤᠭᠰᠠᠨ ᠪᠠᠲᠠᠷ ᠲᠠᠷᠪᠦᠽᠠᠸᠷTarbosaurus Bataar ᠤᠨ ᠬᠣᠳᠣᠭᠣᠳᠣᠨ ᠠᠴᠠ ᠪᠠᠰᠠ ᠲᠡᠶᠢᠮᠦ ᠴᠢᠯᠠᠭᠤ ᠣᠯᠳᠠᠭᠰᠠᠨ᠃
[5]

ᠠᠻᠠᠳᠧᠮᠢᠴᠢ ᠷᠢ᠂ ᠪᠠᠷᠰᠪᠣᠯᠣᠳ ᠡᠷᠳᠡᠮ ᠰᠢᠨᠵᠢᠯᠡᠭᠡᠨ ᠦ ᠠᠵᠢᠯ ᠶ᠋ᠢᠠᠷ ᠶ᠋ᠢᠠᠨ ᠭᠣᠪᠢ ᠶᠢᠨ theropod (ᠠᠷᠠᠭᠠᠲᠠᠨ ᠬᠥᠯᠲᠦ) ᠭᠦᠷᠪᠡᠯ ᠦ᠋ᠨ ᠰᠤᠳᠤᠯᠭᠠᠨ ᠤ ᠴᠢᠭᠯᠡᠯ ᠳᠦ ᠲᠡᠷᠢᠭᠦᠯᠡᠬᠦ ᠡᠷᠳᠡᠮᠲᠡᠨ ᠪᠣᠯᠤᠭᠰᠠᠨ ᠪᠠ ᠳ᠋ᠣᠻᠲ᠋ᠣᠷ ᠤᠨ ᠳ᠋ᠢᠰᠰᠧᠷᠲ᠋ᠠᠼᠢ ᠪᠠᠨ ᠡᠨᠡ ᠲᠥᠷᠦᠯ ᠦᠨ ᠦᠯᠦᠭ ᠭᠦᠷᠪᠡᠯ ᠦᠨ ᠴᠢᠭᠯᠡᠯ ᠶ᠋ᠢᠡᠷ ᠪᠢᠴᠢᠭᠰᠡᠨ ᠪᠢᠯᠡ᠃
ᠷᠢ᠂ ᠪᠠᠷᠰᠪᠣᠯᠣᠳ 1983 ᠣᠨ ᠳᠤ theropod ᠦ᠋ᠨ ᠥᠭᠡᠷ᠎ᠡ ᠥᠭᠡᠷ᠎ᠡ ᠰᠠᠯᠪᠤᠷᠢ ᠨᠤᠭᠤᠳ ᠲᠤ ᠵᠥᠪᠬᠡᠨ ᠰᠢᠪᠠᠭᠤᠨ ᠳᠤ ᠪᠠᠢᠢᠳᠠᠭ ᠭᠡᠵᠦ ᠦᠵᠡᠳᠡᠭ ᠪᠠᠢᠢᠭᠰᠠᠨ ᠥᠳᠥ ᠪᠤᠢ ᠪᠣᠯᠤᠭᠰᠠᠨ ᠢ ᠢᠯᠡᠷᠡᠭᠦᠯᠦᠭᠰᠡᠨ ᠪᠠᠢᠢᠨ᠎ᠠ᠃[6]
ᠲᠡᠷᠡ ᠪᠡᠷ ᠡᠨᠡᠬᠦ 《ᠰᠢᠪᠠᠭᠤᠵᠢᠯᠲᠠ ᠶ᠋ᠢᠨ》 ᠦᠷ᠎ᠡ ᠳᠦᠩ ᠳᠦ theropod ᠦ᠋ᠨ ᠨᠢᠭᠡ ᠪᠤᠶᠤ ᠬᠡᠳᠦᠨ ᠰᠠᠯᠪᠤᠷᠢ ᠨᠢ ᠰᠢᠪᠠᠭᠤᠨ ᠤ ᠡᠭᠦᠰᠪᠦᠷᠢ ᠪᠣᠯᠬᠤ ᠰᠢᠨᠵᠢ ᠲᠡᠮᠳᠡᠭ ᠦᠳ ᠢ ᠪᠤᠢ ᠪᠣᠯᠭᠠᠭᠰᠠᠨ ᠭᠡᠵᠦ ᠲᠣᠮᠢᠶᠠᠯᠠᠭᠰᠠᠨ ᠪᠠᠢᠢᠨ᠎ᠠ᠃
ᠥᠳᠥ ᠪᠦᠬᠦᠢ ᠣᠯᠠᠨ ᠦᠯᠦᠭ ᠭᠦᠷᠪᠡᠯ ᠢ 1990 ᠊ᠭᠡᠳ ᠣᠨ ᠤ ᠰᠡᠭᠦᠯᠴᠢ ᠪᠡᠷ ᠲᠣᠳᠣᠷᠬᠠᠢᠢᠯᠠᠭᠰᠠᠨ ᠠᠴᠠ ᠬᠣᠢᠢᠰᠢ ᠪᠠᠷᠰᠪᠣᠯᠣᠳ ᠤᠨ ᠰᠠᠨᠠᠯ ᠪᠦᠷ ᠴᠤ ᠢᠯᠡᠭᠦᠦ ᠳᠡᠮᠵᠢᠯᠭᠡ ᠠᠪᠳᠠᠭ ᠪᠣᠯᠪᠠ᠃
ᠠᠩᠬ᠎ᠠ 1983 ᠣᠨ ᠳᠤ ᠦᠯᠦᠭ ᠭᠦᠷᠪᠡᠯ ᠦᠨ ᠠᠨᠠᠲ᠋ᠣᠮᠢ ᠶ᠋ᠢᠨ ᠨᠡᠢᠢᠲᠡᠯᠢᠭ ᠬᠠᠴᠢᠷᠬᠠᠯᠲᠠᠢ ᠰᠢᠨᠵᠢ ᠨᠤᠭᠦᠳ ᠦᠨ ᠪᠦᠷᠢᠳᠬᠡᠯ᠂ ᠳ᠋ᠦᠩᠨᠡᠯᠲᠡ ᠪᠡᠨ ᠨᠡᠢᠢᠲᠡᠯᠡᠬᠦ ᠦᠶ᠎ᠡ ᠳᠦ ᠮᠣᠩᠭᠣᠯ ᠤᠨ ᠪᠠ ᠥᠷᠥᠨ᠎ᠡ ᠶᠢᠨ ᠡᠷᠳᠡᠮ ᠰᠢᠨᠵᠢᠯᠡᠭᠡᠨ ᠦ ᠬᠦᠷᠢᠶᠡᠨ ᠦ ᠬᠢᠨ ᠦ ᠬᠣᠭᠣᠷᠣᠨᠳᠣ ᠬᠠᠷᠢᠯᠴᠠᠭ᠎ᠠ ᠲᠤᠢᠢᠯ ᠤᠨ ᠰᠤᠯᠠ ᠪᠠᠢᠢᠭᠰᠠᠨ ᠪᠢᠯᠡ᠃
ᠲᠡᠷᠡ ᠦᠶ᠎ᠡ ᠶᠢᠨ ᠷᠢ᠂ ᠪᠠᠷᠰᠪᠣᠯᠣᠳ ᠤᠨ ᠨᠡᠢᠢᠲᠡᠯᠡᠯ ᠦᠳ ᠶᠡᠬᠡᠪᠴᠢᠯᠡᠨ ᠣᠷᠣᠰ ᠬᠡᠯᠡ ᠪᠡᠷ ᠨᠡᠢᠢᠲᠡᠯᠡᠭᠳᠡᠵᠦ ᠪᠠᠢᠢᠭᠰᠠᠨ ᠪᠠ ᠣᠷᠣᠰ ᠬᠡᠯᠡ ᠮᠡᠳᠡᠳᠡᠭ ᠥᠷᠥᠨ᠎ᠡ ᠶᠢᠨ ᠡᠷᠳᠡᠮᠲᠡᠳ ᠲᠤᠩ ᠴᠥᠭᠡᠨ ᠶᠤᠮ᠃

ᠮᠣᠩᠭᠣᠯ ᠤᠨ ᠭᠧᠣᠯᠣᠭᠢ ᠶ᠋ᠢᠨ ᠰᠢᠨᠵᠢᠯᠡᠬᠦ ᠤᠬᠠᠭᠠᠨ ᠤ 30-60 ᠭᠠᠷᠤᠢ ᠵᠢᠯ ᠦᠨ ᠰᠤᠳᠤᠯᠭᠠᠨ ᠤ ᠮᠠᠲ᠋ᠧᠷᠢᠶᠠᠯ ᠢ ᠨᠢᠭᠡᠳᠬᠡᠵᠦ᠂ 53 ᠡᠷᠳᠡᠮᠲᠡᠨ 8 ᠪᠣᠲᠢ ᠪᠦᠲᠦᠭᠡᠯ ᠭᠠᠷᠭᠠᠬᠤ ᠪᠠᠷ 2009-2012 ᠣᠨ ᠳᠤ ᠬᠠᠮᠲᠤᠷᠠᠵᠤ ᠠᠵᠢᠯᠯᠠᠭᠰᠠᠨ᠃
ᠡᠳᠡᠭᠡᠷ 8 ᠪᠣᠲᠢ ᠳᠤ ᠭᠧᠣᠯᠣᠭᠢ ᠶ᠋ᠢᠨ ᠮᠠᠰᠢ ᠶᠡᠬᠡ ᠮᠠᠲ᠋ᠧᠷᠢᠶᠠᠯ ᠴᠤᠭᠯᠠᠷᠠᠭᠰᠠᠨ᠃
ᠷᠢ ∙ ᠪᠠᠷᠰᠪᠣᠯᠣᠳ 《ᠫᠠᠯᠧᠣᠨ᠍ᠲ᠋ᠣᠯᠣᠭᠢ》 ᠡᠷᠲᠡᠨ ᠦ ᠤᠷᠭᠤᠮᠠᠯ ᠪᠠ ᠠᠮᠢᠲᠠᠨ ᠰᠤᠳᠤᠯᠤᠯ ᠤᠨ ᠴᠢᠭᠯᠡᠯ ᠶ᠋ᠢᠡᠷ ᠬᠢ 2 ᠳ᠋ᠤᠭᠠᠷ ᠪᠣᠲᠢ ᠶᠢ ᠪᠢᠴᠢᠭᠰᠡᠨ᠃[7]

ᠠᠻᠠᠳᠧᠮᠢᠴᠢ ᠷᠢ᠂ ᠪᠠᠷᠰᠪᠣᠯᠣᠳ ᠤᠨ ᠰᠤᠳᠤᠯᠭᠠᠨ ᠤ ᠦᠨᠳᠦᠰᠦᠨ ᠴᠢᠭᠯᠡᠯ ᠨᠢ ᠮᠢᠬᠠᠨ ᠢᠳᠡᠰᠢᠳᠦ ᠦᠯᠦᠭ ᠭᠦᠷᠪᠡᠯ ᠦᠳ᠂ ᠠᠩᠭᠢᠯᠠᠯ᠂ ᠲᠢᠢᠪ ᠬᠣᠭᠣᠷᠣᠨᠳᠣ ᠶᠢᠨ ᠬᠣᠯᠪᠣᠭ᠎ᠠ ᠬᠠᠷᠢᠯᠴᠠᠭ᠎ᠠ᠂ ᠲᠡᠦᠬᠡᠨ ᠬᠥᠭᠵᠢᠯ᠂ ᠴᠡᠷᠡᠳ ᠦ᠋ᠨ ᠭᠠᠯᠪᠠ ᠶ᠋ᠢᠨ ᠳᠠᠪᠬᠤᠷᠭ᠎ᠠ ᠵᠦᠢ᠂ ᠡᠷᠲᠡᠨ ᠦ ᠭᠠᠵᠠᠷ ᠵᠦᠢ ᠶᠢᠨ ᠰᠤᠳᠤᠯᠭ᠎ᠠ ᠶᠠᠪᠤᠭᠤᠯᠳᠠᠭ᠃
1965-1969 ᠣᠨ ᠤ ᠬᠣᠭᠣᠷᠣᠨᠳᠣ ᠰᠢᠨᠵᠢᠯᠡᠬᠦ ᠤᠬᠠᠭᠠᠨ ᠤ ᠠᠻᠠᠳᠧᠮᠢ ᠶ᠋ᠢᠨ ᠪᠢᠣᠯᠣᠭᠢ ᠶᠢᠨ ᠬᠦᠷᠢᠶᠡᠯᠡᠩ ᠦᠨ ᠫᠠᠯᠧᠣᠨ᠍ᠲ᠋ᠣᠯᠣᠭᠢ ᠶ᠋ᠢᠨ ᠲᠠᠰᠤᠭ ᠤᠨ ᠡᠷᠳᠡᠮ ᠰᠢᠨᠵᠢᠯᠡᠭᠡᠨ ᠦ ᠠᠵᠢᠯᠲᠠᠨ᠂ 1969 ᠣᠨ ᠠᠴᠠ ᠭᠧᠣᠯᠣᠭᠢ ᠶ᠋ᠢᠨ ᠬᠦᠷᠢᠶᠡᠯᠡᠩ ᠦᠨ ᠰᠲ᠋ᠷᠠᠲ᠋ᠢᠭ᠋ᠷᠠᠫᠾᠢ-ᠫᠠᠯᠧᠣᠨ᠍ᠲ᠋ᠣᠯᠣᠭᠢ ᠶ᠋ᠢᠨ ᠰᠧᠻᠲ᠋ᠣᠷ ᠤᠨ ᠡᠷᠬᠢᠯᠡᠭᠴᠢ᠂ ᠵᠠᠬᠢᠷᠤᠯ᠂ 1998-2014 ᠣᠨ ᠳᠤ ᠫᠠᠯᠧᠣᠨ᠍ᠲ᠋ᠣᠯᠣᠭᠢ ᠶ᠋ᠢᠨ ᠲᠥᠪ ᠦᠨ ᠵᠠᠬᠢᠷᠤᠯ ᠦ᠋ᠨ ᠠᠵᠢᠯ ᠤᠳ ᠢ ᠬᠠᠰᠢᠵᠤ ᠪᠠᠢᠢᠭᠰᠠᠨ᠃
ᠷᠢ᠂ ᠪᠠᠷᠰᠪᠣᠯᠣᠳ 1991 ᠣᠨ ᠳᠤ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠶ᠋ᠢᠨ ᠭᠡᠰᠢᠭᠦᠨ᠂ 2005 ᠣᠨ ᠳᠤ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ ᠪᠣᠯᠤᠭᠰᠠᠨ᠃
2002 ᠣᠨ ᠳᠤ ᠬᠥᠭᠵᠢᠵᠦ ᠪᠤᠢ ᠤᠯᠤᠰ ᠣᠷᠣᠨ ᠤ ᠰᠢᠨᠵᠢᠯᠡᠬᠦ ᠤᠬᠠᠭᠠᠨ ᠤ ᠠᠻᠠᠳᠧᠮᠢ ᠶ᠋ᠢᠨ (TWAS) ᠭᠡᠰᠢᠭᠦᠨ; 2009 ᠣᠨ ᠳᠤ ᠣᠷᠣᠰ ᠤᠯᠤᠰ ᠤᠨ ᠪᠠᠢᠢᠭᠠᠯᠢ ᠢᠢᠨ ᠰᠢᠨᠵᠢᠯᠡᠬᠦ ᠤᠬᠠᠭᠠᠨ ᠤ ᠠᠻᠠᠳᠧᠮᠢ ᠶ᠋ᠢᠨ ᠭᠡᠰᠢᠭᠦᠨ᠂ 2012 ᠣᠨ ᠳᠤ ᠣᠷᠣᠰ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠶ᠋ᠢᠨ ᠭᠠᠳᠠᠭᠠᠳᠤ ᠭᠡᠰᠢᠭᠦᠨ ᠪᠣᠯᠤᠭᠰᠠᠨ᠃
2016 ᠣᠨ ᠳᠤ ᠣᠯᠠᠨ ᠤᠯᠤᠰ ᠤᠨ ᠰᠡᠭᠡᠷ ᠨᠢᠷᠤᠭᠤᠲᠠᠨ ᠤ ᠫᠠᠯᠧᠣᠨ᠍ᠲ᠋ᠣᠯᠣᠭᠢ ᠶ᠋ᠢᠨ ᠨᠡᠢᠢᠭᠡᠮᠯᠢᠭ ᠡᠴᠡ ᠨᠡᠷ᠎ᠡ ᠬᠦᠨᠳᠦᠲᠡᠢ ᠱᠠᠩᠨᠠᠯ ᠬᠦᠷᠲᠡᠭᠰᠡᠨ ᠪᠥᠭᠡᠳ 2018 ᠣᠨ ᠳᠤ ᠲᠥᠷᠥ ᠶᠢᠨ ᠰᠣᠶᠣᠷᠬᠠᠯ ᠬᠦᠷᠲᠡᠭᠰᠡᠨ ᠪᠢᠯᠡ᠃
ᠲᠡᠷᠡᠪᠡᠷ ᠳᠡᠯᠡᠬᠡᠢ ᠶᠢᠨ ᠫᠠᠯᠧᠣᠨ᠍ᠲ᠋ᠣᠯᠣᠭᠢ ᠶ᠋ᠢᠨ ᠰᠠᠯᠪᠤᠷᠢ ᠶᠢᠨ ᠰᠢᠯᠢᠳᠡᠭ 10 ᠡᠷᠳᠡᠮᠲᠡᠨ ᠦ ᠲᠣᠭᠠᠨ ᠳᠤ ᠵᠦᠢ ᠶᠣᠰᠣ ᠪᠠᠷ ᠪᠠᠭᠲᠠᠳᠠᠭ ᠶᠤᠮ᠃

ᠰᠤᠳᠤᠯᠭ᠎ᠠ ᠰᠢᠨᠵᠢᠯᠡᠭᠡ ᠎

ᠲᠣᠳᠣᠷᠬᠠᠢᠢᠯᠠᠭᠰᠠᠨ ᠦᠯᠦᠭ ᠭᠦᠷᠪᠡᠯ ᠦᠨ ᠲᠥᠷᠥᠯ ᠵᠦᠢᠯ ᠦᠳ᠄

  • Gallimimus (H. Osmólska᠂ E. Roniewicz ᠨᠠᠷ ᠦ᠋ᠨ ᠬᠠᠮᠲᠤ 1972)
  • Oviraptoridae ᠣᠪᠤᠭ (1976)
  • Segnosauria ᠳᠡᠳ᠋ ᠪᠠᠭ (ᠫᠡᠷᠯᠡᠢ ᠶ᠋ᠢᠨ ᠬᠠᠮᠲᠤ᠂ 1980)᠂ ᠡᠳᠦᠭᠡ Therizinosauria ᠭᠡᠳᠡᠭ ᠲᠦ ᠪᠠᠭᠲᠠᠨ ᠣᠷᠤᠭᠰᠠᠨ
  • Ingeniinae ᠳᠡᠳ᠋ ᠣᠪᠤᠭ (1981)
  • Garudimimus᠂ Garudimimidae ᠣᠪᠤᠭ (1981)
  • "Ingenia" (1981) (ᠡᠳᠦᠭᠡ Ajancingenia ᠪᠣᠯᠤᠭᠰᠠᠨ)
  • Adasaurus (1983)
  • Enigmosauridae ᠣᠪᠤᠭ (1983) (ᠡᠳᠦᠭᠡ ᠬᠡᠷᠡᠭᠯᠡᠳᠡᠭ ᠦᠭᠡᠢ)
  • Enigmosaurus (ᠫᠡᠷᠯᠡᠢ ᠶ᠋ᠢᠨ ᠬᠠᠮᠲᠤ᠂ 1983)
  • Harpymimus᠂ Harpymimidae ᠣᠪᠤᠭ (ᠫᠡᠷᠯᠡᠢ ᠶ᠋ᠢᠨ ᠬᠠᠮᠲᠤ᠂ 1984)
  • Conchoraptor (1986)
  • Anserimimus (1988)
  • Rinchenia ᠲᠥᠷᠦᠯ᠂ Rinchenia mongoliensis ᠵᠦᠢᠯ (1997)

ᠮᠥᠨ ᠠᠻᠠᠳᠧᠮᠢᠴᠢ ᠷᠢ᠂ ᠪᠠᠷᠰᠪᠣᠯᠣᠳ ᠦ᠋ᠨ ᠨᠡᠷ ᠡ᠋ ᠪᠡᠷ Barsboldia ᠲᠥᠷᠦᠯ ᠢ ᠨᠡᠷᠡᠯᠡᠬᠡᠢ (Maryańska᠂ Osmólska, 1981)

ᠭᠡᠷ ᠪᠦᠯᠢ

ᠷᠢ᠂ ᠪᠠᠷᠰᠪᠣᠯᠣᠳ ᠦ᠋ᠨ ᠡᠬᠡᠨᠡᠷ ᠪᠠᠯᠧᠲᠮᠧᠢᠰᠲ᠋ᠧᠷ ᠠ᠊ ∙ ᠸ ∙ ᠬᠠᠪᠠᠸᠠ᠃
ᠬᠦᠦ ᠨᠢ ᠪᠠ᠂ ᠯᠢᠬᠳᠡᠨ᠂ ᠪᠠ᠂ ᠳᠡᠨᠵᠢᠨ᠃

ᠲᠦᠯᠬᠢᠭᠦᠷ ᠦᠭᠡᠰ

академич, доктор Ринчений Барсболд
палеонтологи
палеонтологич
геологи
геологич
үлэг гүрвэл
академик, доктор Барсболд Ринчений
палеонтология
палеонтолог
геология
геолог
динозавры
academician, doctor Barsbold Rinchenii
paleontology
paleontologist
geology
geologist
dinosaurs

ᠡᠬᠢ ᠰᠤᠷᠪᠤᠯᠵᠢ