Sunyata

17:19, 31 Наймдугаар сар 2020-ий байдлаарх Gegeerel (яриа | оруулсан хувь нэмэр) хэрэглэгчийн хийсэн залруулга

ᠪᠠᠷᠢᠮᠲᠠᠯᠠᠯ

ᠶᠠᠭᠤᠮᠠᠰ
ᠦᠵᠡᠭᠳᠡᠯ ᠦ᠋ᠳ ᠦ᠋ᠨ
ᠢᠨᠠᠭᠤᠬᠢ
ᠴᠢᠨᠠᠷ ᠨᠢ
ᠵᠡᠷᠭᠡᠯᠭᠡ
ᠮᠡᠲᠦ
ᠬᠠᠭᠤᠷᠮᠠᠭ᠃

ᠴᠢᠨᠠᠭᠤᠬᠢ
ᠴᠢᠨᠠᠷ ‍ᠢ
ᠮᠡᠳᠡᠭᠦᠰᠢᠲᠡᠢ᠁

ᠨᠡᠷ ‍ᠠ᠋ ᠲᠣᠮᠢᠶᠠᠨ ‍ᠤ ᠲᠣᠳᠤᠷᠠᠭᠤᠯᠭ᠍ ‍ᠠ᠋
ᠡᠨᠡ ᠨᠡᠢᠢᠲᠡᠯᠡᠯ ᠳ᠋ᠤ "ᠨᠣᠮ" ᠭᠡᠳᠡᠭ ᠨᠡᠷ ‍ᠠ᠋ ᠲᠣᠮᠢᠶ ‍ᠠ᠋ ᠪᠠᠷ ᠪᠢᠳᠠ᠂ ᠥᠭᠡᠷ ‍ᠠ᠋ ᠪᠡᠷ ᠲᠠᠢᠯᠠᠪᠤᠷᠢᠯᠠᠭᠠᠳᠦᠢ ᠪᠣᠯ᠂ ᠠᠯᠢᠪᠠ ᠶᠠᠭᠤᠮᠠᠰ᠂ ᠦᠵᠡᠭᠳᠡᠯ ᠦ᠋ᠳ ‍ᠢ ᠢᠯᠡᠷᠬᠡᠢᠢᠯᠡᠮᠦᠢ᠃

ᠬᠣᠭᠣᠰᠤᠨ ᠴᠢᠨᠠᠷ (ᠰᠠᠮᠭᠠᠷᠳᠢ᠄ शून्यता ᠱᠦᠦ ᠨᠶᠠ᠋ ᠲᠠ᠋ ‍ᠠ᠋᠂ ᠲᠥᠪᠡᠳ᠄ སྟོང་པ་ཉིད᠂ ᠭᠠᠯᠢᠭ ᠨᠢ᠄ ᠰᠲᠣᠩ ᠪᠠ ᠨᠶ᠋ᠢᠳ᠋᠂ ᠳᠠᠭᠤᠳᠠᠯᠭ᠎ ‍ᠠ᠋ ᠨᠢ᠄ ᠳᠣᠩᠪᠠᠨᠢᠳ᠎) ᠭᠡᠵᠦ ᠪᠤᠷᠬᠠᠨ ‍ᠤ ᠱᠠᠰᠢᠨ ‍ᠠ᠋ ᠲᠥᠪ ᠦᠵᠡᠯ (मध्यमक ᠮᠠ᠋ ᠳ᠋ᠾᠶᠠ᠋ ᠮᠠ᠋ ᠻᠠ) ᠳ᠋ᠡᠬᠢ ᠶᠢᠷᠲᠢᠨᠴᠦ ᠶ᠋ᠢᠨ ᠶᠠᠭᠤᠮ ‍ᠠ᠋ ᠦᠵᠡᠭᠳᠡᠯ[1]᠂ ᠰᠠᠪᠠ ᠰᠢᠮ ‍ᠠ᠋ ᠶ᠋ᠢᠨ ᠠᠮᠢᠳᠤᠷᠠᠯ ᠦ᠋ᠨ ᠬᠤᠪᠢᠰᠬᠤ ᠶᠣᠰᠤ ᠶᠤᠮ᠃ [2]
ᠬᠠᠮᠤᠭ ᠨᠣᠮ (ᠶᠠᠭᠤᠮᠠᠰ ᠦᠵᠡᠭᠳᠡᠯ ᠦ᠋ᠳ) ᠥᠪᠡᠷ ᠶ᠋ᠢᠡᠨ ᠪᠦᠲᠦᠭᠡᠳᠦᠢ ᠬᠣᠭᠣᠰᠤᠨ ᠴᠢᠨᠠᠷ ᠲᠠᠢ ᠪᠣᠯᠪᠠᠴᠤ ᠶᠢᠷᠲᠢᠨᠴᠦ ᠶ᠋ᠢᠨ ᠲᠣᠮᠢᠶᠠᠯᠠᠯ ᠶ᠋ᠢᠠᠷ ᠪᠦᠲᠦᠳᠡᠭ ᠭᠡᠨ᠎ ‍ᠠ᠋᠃
ᠬᠣᠭᠣᠰᠤᠨ ᠴᠢᠨᠠᠷ ᠬᠡᠮᠡᠬᠦ ᠨᠢ ᠣᠭᠲᠠ ᠪᠠᠢᠢᠬᠤ ᠦᠭᠡᠢ ᠬᠣᠭᠣᠰᠤᠨ ᠭᠡᠰᠡᠨ ᠦᠭᠡ ᠪᠤᠰᠤ᠂ ᠨᠣᠮ ᠪᠦᠬᠦᠨ ᠰᠠᠯᠠᠩᠭᠢ ᠪᠤᠰᠤ ᠬᠠᠷᠢᠯᠴᠠᠨ ᠰᠢᠲᠦᠯᠴᠡᠭᠰᠡᠨ ᠬᠠᠷᠢᠴᠠᠩᠭᠤᠢ ᠴᠢᠨᠠᠷ ᠲᠠᠢ ᠣᠷᠣᠰᠢᠨ᠎ ‍ᠠ᠋ ᠭᠡᠰᠡᠨ ᠰᠠᠨᠠᠭ᠎ ‍ᠠ᠋ ᠶ᠋ᠢ ᠢᠯᠡᠳᠬᠡᠨ᠎ ‍ᠠ᠋᠃
ᠬᠠᠷᠢᠴᠠᠩᠭᠤᠢ ᠴᠢᠨᠠᠷ ᠭᠡᠬᠦ ᠶ᠋ᠢ ᠤᠬᠠᠪᠠᠯ ᠨᠣᠮ ᠦ᠋ᠳ ᠪᠠᠢᠢᠩᠭ᠎ ‍ᠠ᠋ ᠬᠤᠪᠢᠰᠤᠨ ᠣᠷᠣᠰᠢᠨ᠎ ‍ᠠ᠋ ᠭᠡᠳᠡᠭ ‍ᠢ ᠬᠦᠯᠢᠶᠡᠨ ᠵᠥᠪᠰᠢᠶᠡᠷᠡᠭᠰᠡᠨ ᠤᠳᠬ ‍ᠠ᠋ ᠲᠠᠢ ᠪᠣᠯᠤᠨ᠎ ‍ᠠ᠋᠃

ᠪᠢᠯᠢᠭ ‍ᠣᠨ ᠴᠢᠨᠠᠳᠤ ᠳ᠋ᠤ ᠬᠦᠷᠡᠬᠦᠢ ᠰᠤᠳᠤᠷ ‍ᠣᠳ ᠲᠤ

ᠨᠣᠮ ᠦ᠋ᠨ ᠬᠣᠭᠣᠰᠴᠨ ᠴᠢᠨᠠᠷ ᠨᠢ ᠪᠢᠯᠢᠭ ᠦ᠋ᠨ ᠴᠢᠨᠠᠳᠤ ᠳ᠋ᠤ ᠬᠦᠷᠡᠬᠦᠢ ᠰᠤᠳᠤᠷ ᠦ᠋ᠳ ᠳ᠋ᠤ ᠠᠯᠢᠪᠠ ᠨᠣᠮᠰ ᠥᠪᠡᠷ ᠡᠴᠡ ᠪᠡᠨ ᠪᠦᠲᠦᠭᠡᠳᠦᠢ᠂ ᠥᠪᠡᠷ ᠦ᠋ᠨ ᠮᠥᠨ ᠴᠢᠨᠠᠷ ᠡᠴᠡ ᠪᠠᠨ ᠬᠣᠭᠣᠰᠤᠨ᠂ ᠨᠡᠷᠡᠢᠢᠳᠬᠡᠯ ᠲᠡᠳᠦᠢ ᠣᠷᠣᠰᠢᠳᠠᠭ ᠬᠡᠮᠡᠨ ᠰᠤᠷᠭᠠᠳᠠᠭ[3][4] ᠡᠳᠡᠭᠡᠷ ᠰᠤᠳᠤᠷ ᠲᠤ ᠳᠤᠷᠠᠳᠬᠤ ᠮᠠᠰᠢᠳᠠ ᠪᠢᠯᠢᠭ ᠬᠡᠮᠡᠬᠦ (ᠰᠠᠮᠭᠠᠷᠳᠢ᠄ प्रज्ञा ᠫᠷᠠᠵᠨ᠍ᠶᠠ᠃ ᠲᠥᠪᠡᠳ᠄ ཤེས་རབ᠂ ᠭᠠᠯᠢᠭ ᠨᠢ᠄ ᠱᠧᠰ ᠷᠠᠪ᠂ ᠳᠠᠭᠤᠳᠠᠯᠭ᠎ ‍ᠠ᠋ ᠨᠢ᠄ ᠱᠡᠢᠢᠷᠠᠪ) ᠨᠢ ᠬᠣᠭᠣᠰᠤᠨ ᠴᠢᠨᠠᠷ ‍ᠢ ᠶᠠᠭᠰᠢᠮᠠᠯ ᠪᠤᠰᠤ᠂ ᠭᠦᠨ ᠭᠦᠨᠵᠡᠭᠡᠢ ᠣᠢᠢᠯᠠᠭᠠᠭᠰᠠᠨ ‍ᠢ ᠢᠯᠡᠷᠬᠡᠢᠢᠯᠡᠳᠡᠭ ᠪᠠᠢᠢᠨ᠍ ‍ᠠ᠋᠃ [5]
ᠪᠢᠯᠢᠭ ᠪᠢᠯᠢᠭᠦᠨ ‍ᠦ ᠰᠤᠳᠤᠷ ᠦ᠋ᠳ ᠲᠡᠭᠦᠨᠴᠢᠯᠡᠨ ᠠᠯᠢᠪᠠ ᠶᠠᠭᠤᠮᠠᠰ ᠦᠵᠡᠭᠳᠡᠯ ᠦ᠋ᠨ ᠮᠥᠨ ᠴᠢᠨᠠᠷ ᠬᠣᠭᠣᠰᠤᠨ ᠪᠣᠯᠬᠤ ‍ᠢᠢ ᠲᠠᠢᠢᠯᠪᠤᠷᠢᠯᠠᠬᠤ ᠳ᠋ᠤ ᠪᠠᠨ ᠲᠡᠳᠡᠭᠡᠷ ᠨᠢ ᠶᠧᠯᠸᠢ (माया ᠮᠠ᠋ ‍ᠠ᠋ ᠶᠠ᠋ ‍ᠠ᠋) ᠮᠡᠲᠦ᠂ ᠵᠡᠭᠦᠳᠦ (स्वप्न ᠰᠸᠠᠫᠨᠠ) ᠮᠠᠲᠦ ᠭᠡᠬᠦᠴᠢᠯᠠᠨ ᠣᠯᠠᠨ ᠶᠠᠩᠵᠤ ᠶ᠋ᠢᠨ ᠵᠦᠢᠷᠯᠡᠯ ᠠᠰᠢᠭᠯᠠᠭᠰᠠᠨ ᠪᠠᠢᠢᠳᠠᠭ᠃
ᠬᠠᠮᠤᠭ ᠦ᠋ᠨ ᠡᠷᠲᠡᠨ ‍ᠦ ᠪᠢᠯᠢᠭ ᠪᠢᠯᠢᠭᠦᠨ ‍ᠦ ᠰᠤᠳᠤᠷ ᠦ᠋ᠨ ᠨᠢᠭᠡ ᠪᠣᠯᠬᠤ ᠨᠠᠢᠮᠠᠨ ᠮᠢᠩᠭᠠᠲᠤ (ᠰᠠᠮᠭᠠᠷᠳᠢ᠄ अष्टसाहस्रिकाप्रज्ञापारमितासूत्र ᠠᠱᠲ᠋ᠠᠰᠠᠾᠠᠰᠷᠢᠻᠠ ᠫᠷᠠᠵᠨ᠍ᠶᠠ᠋ ‍ᠠ᠋ ᠫᠠ ‍ᠠ᠋ ᠷᠠᠮᠢᠲ᠋ᠠ᠋ ‍ᠠ᠋ ᠰᠦᠦᠲ᠋ᠷᠠ ᠃ ᠲᠥᠪᠡᠳ᠄ ཤེར་ཕྱིན་བརྒྱད་སྟོང་པ᠂ ᠭᠠᠯᠢᠭ ᠨᠢ᠄ ᠱᠧᠷ ᠫᠶᠢᠨ ᠸᠷᠭᠶᠠᠳ᠋ ᠰᠲ᠋ᠣᠩ ᠪᠠ᠂ ᠳᠠᠭᠤᠳᠠᠯᠭ᠎ ‍ᠠ᠋ ᠨᠢ᠄ ᠰᠢᠷᠴᠢᠨ ᠵᠠᠳᠳᠣᠩᠪᠠ) ᠰᠤᠳᠤᠷ ᠲᠤ ᠥᠭᠦᠯᠡᠭᠰᠡᠨ ᠢᠨᠦ᠄

ᠬᠡᠨ ᠪᠡᠷ ᠲᠠᠪᠤᠨ ᠴᠣᠭᠴᠠᠰ ‍ᠢ ᠪᠡᠷ ᠶᠧᠯᠸᠢ ᠮᠡᠲᠦ ᠭᠡᠵᠦ ᠮᠡᠳᠡᠪᠴᠢ ᠶᠧᠯᠸᠢ ‍ᠢ ᠨᠢᠭᠡ ᠵᠦᠢᠯ᠂ ᠲᠠᠪᠤᠨ ᠴᠣᠭᠴᠠᠰ ‍ᠢ ᠥᠭᠡᠷ ‍ᠠ᠋ ᠵᠦᠢᠯ ᠬᠡᠮᠡᠨ ᠵᠠᠭᠠᠭᠯᠠᠬᠤ ᠦᠭᠡᠢ᠂ ᠶᠠᠭᠤᠮᠠᠰ ᠣᠯᠠᠨ ᠬᠡᠮᠡᠨ ᠪᠠᠷᠢᠬᠤ ᠡᠴᠡ ᠬᠠᠭᠠᠴᠠᠪᠠᠰᠤ ᠲᠡᠷᠡ ᠪᠡᠷ ᠠᠮᠤᠭᠤᠯᠠᠩ ᠳ᠋ᠤ ᠣᠳᠮᠤᠢ᠃ ᠡᠨᠡ ᠨᠢ ᠪᠢᠯᠢᠭ ᠦ᠋ᠨ ᠦᠢᠯᠡ ᠳᠡᠭᠡᠳᠦ ᠪᠠᠷᠠᠮᠢᠳᠠ ᠪᠣᠯᠠᠢ᠃[6]

ᠨᠣᠮ ᠦ᠋ᠳ ‍ᠢ ᠶᠧᠯᠸᠢ ᠮᠡᠲᠦ ᠬᠡᠮᠡᠨ ᠬᠤᠷᠠᠨ ᠮᠡᠳᠡᠬᠦ ᠶ᠋ᠢ ᠪᠣᠲᠾᠢᠰᠠᠲ᠋ᠲ᠋ᠸᠠ ᠶ᠋ᠢᠨ ᠬᠥ᠋ ᠬᠤᠶᠠᠭ ᠬᠡᠮᠡᠬᠦ ᠪᠠ ᠲᠡᠷᠡᠬᠦ ᠪᠣᠳᠠᠭᠠᠯᠢ ᠶ᠋ᠢ ᠴᠦ ᠮᠥᠨ ᠠᠳᠠᠯᠢ ᠶᠧᠯᠸᠢ ᠶ᠋ᠢᠨ ᠬᠦᠮᠦᠨ ᠬᠡᠮᠡᠨ᠎ ‍ᠡ᠋᠃[7]
ᠸᠴᠢᠷ ᠶ᠋ᠢᠠᠷ ᠣᠭᠲᠤᠯᠤᠭᠴᠢ ᠰᠤᠳᠤᠷ ᠲᠤ ᠬᠤᠷᠠᠨ ᠡᠭᠦᠳᠦᠭᠰᠡᠨ ᠪᠦᠬᠦᠨ ‍ᠢ ᠶᠠᠮᠪᠠᠷ ᠮᠡᠲᠦ ᠦᠵᠡᠬᠦ ‍ᠢ᠄

ᠣᠳᠤ ᠪᠦᠷᠦᠭᠡᠯᠵᠡᠬᠦᠢ᠂ ᠵᠤᠯᠠ ᠬᠢᠭᠡᠳ
ᠶᠧᠯᠸᠢ᠂ ᠰᠢᠭᠦᠳᠡᠷᠢ᠂ ᠤᠰᠤᠨ ‍ᠤ ᠬᠥᠭᠡᠰᠦ᠂
ᠵᠡᠭᠦᠳᠦ᠂ ᠵᠡᠷᠭᠡᠯᠭᠡ᠂ ᠡᠭᠦᠯᠡ ᠮᠡᠲᠦ
ᠬᠤᠷᠠᠨ ᠡᠭᠦᠳᠦᠭᠰᠡᠨ ᠶᠠᠭᠤᠮᠠᠰ ᠲᠡᠷᠡ ᠮᠡᠲᠦ ᠪᠣᠯᠠᠢ

ᠬᠡᠮᠡᠨ ᠠᠢᠢᠯᠠᠳᠤᠭᠰᠠᠨ ᠪᠠᠢᠢᠳᠠᠭ᠃

ᠲᠥᠪᠡᠳ ᠶ᠋ᠢᠡᠷ᠄
སྐར་མ་རབ་རིབ་མར་མེ་དང༌། །
སྒྱུ་མ་ཟིལ་པ་ཆུ་བུར་དང་། །
རྨི་ལམ་གློག་དང་སྤྲིན་ལྟ་བུ། །
འདུས་བྱས་དེ་ལྟར་བལྟ་བར་བྱ། །


ᠪᠢᠯᠢᠭ ᠪᠢᠯᠢᠭᠦᠨ ‍ᠦ ᠰᠤᠳᠤᠷ ᠦ᠋ᠳ ᠦ᠋ᠨ ᠶᠢᠷᠲᠢᠨᠴᠦ ᠶ᠋ᠢ ᠦᠵᠡᠬᠦ ᠦᠵᠡᠯ ᠳ᠋ᠦ ᠪᠢᠳᠠ ᠶᠢᠷᠲᠢᠨᠴᠦ ᠶ᠋ᠢ ᠲᠣᠳᠤᠷᠬᠠᠶ᠂ ᠰᠠᠯᠤᠩᠭᠢᠳᠠ ᠣᠷᠣᠨobject ᠨᠤᠭᠤᠳ ᠮᠡᠲᠦ ᠪᠡᠷ ᠬᠤᠷᠠᠨ ᠮᠡᠳᠡᠬᠦ ᠪᠣᠯᠪᠠᠴᠤ ᠲᠡᠳᠡᠭᠡᠷ ᠣᠷᠣᠨ ᠨᠢ ᠨᠡᠷᠡᠢᠢᠳᠬᠡᠯ ᠲᠡᠳᠦᠢ ᠣᠷᠣᠰᠢᠵᠤ ᠪᠠᠢᠢᠳᠠᠭ᠂ ᠬᠣᠭᠣᠰᠤᠨ ᠴᠢᠨᠠᠷ ᠲᠠᠢ ᠭᠡᠵᠦ ᠦᠵᠡᠳᠡᠭ ᠪᠠᠢᠢᠨ᠍ ‍ᠠ᠋᠃
ᠡᠨᠡᠬᠦ ᠤᠳᠬ ‍ᠠ᠋ ᠪᠠᠷ ᠶ᠋ᠢᠠᠨ ᠣᠷᠣᠨ ᠨᠤᠭᠤᠳ ᠬᠠᠭᠤᠷᠮᠠᠭ᠂ ᠶᠧᠯᠸᠢ ᠮᠡᠲᠦ ᠠᠵᠤᠭᠤ᠃
ᠪᠢᠯᠢᠭ ᠪᠢᠯᠢᠭᠦᠨ ‍ᠦ ᠰᠤᠳᠤᠷ ᠦ᠋ᠳ ᠥᠪᠡᠷ ᠦ᠋ᠨ ᠵᠦᠭ ᠡᠴᠡ᠂ ᠤᠤᠯ ᠮᠥᠨ ᠴᠢᠨᠠᠷ ᠡᠴᠡ ᠪᠠᠨ ᠣᠷᠣᠰᠢᠳᠠᠭ ᠵᠦᠢᠯ ᠨᠢᠭᠡᠭᠡᠬᠡᠨ ᠪᠡᠷ ᠴᠦ ᠦᠭᠡᠢ ᠭᠡᠰᠡᠨ ᠤᠳᠬ ‍ᠠ᠋ ‍ᠢᠢ ᠣᠯᠠᠨᠲᠠ ᠳᠠᠪᠲᠠᠨ ᠢᠯᠡᠷᠬᠡᠢᠢᠯᠡᠳᠡᠭ᠃
ᠡᠨᠡᠬᠦ ᠬᠣᠭᠣᠰᠤᠨ ᠴᠢᠨᠠᠷ ᠨᠢ ᠪᠤᠷᠬᠠᠨ ‍ᠤ ᠱᠠᠰᠢᠨ ‍ᠤ ᠬᠠᠮᠤᠭ ᠦ᠋ᠨ ᠥᠨᠳᠦᠷ ᠳᠡᠭᠡᠳᠦ ᠪᠠᠷᠢᠮᠲᠠᠯᠠᠯ ᠦ᠋ᠳ ᠪᠣᠯᠬᠤ ᠪᠣᠸᠠᠲᠾᠢᠰᠠᠲ᠋ᠲ᠋ᠸᠠ᠂ ᠪᠣᠸᠠᠲᠾᠢ ᠰᠡᠳᠬᠢᠯ᠂ ᠮᠠᠰᠢᠳᠠ ᠪᠢᠯᠢᠭ ᠭᠡᠬᠦᠴᠢᠯᠡᠨ ᠣᠢᠢᠯᠠᠭᠠᠯᠲᠠ ᠨᠤᠭᠤᠳ ᠲᠦ ᠴᠤ ᠬᠠᠮᠢᠶᠠᠷᠤᠮᠤᠢ᠃ [8]
ᠨᠢᠷᠸᠠᠨ ‍ᠢ ᠴᠦ ᠬᠣᠭᠣᠰᠤᠨ ᠪᠥᠭᠡᠳ ᠵᠡᠭᠦᠳᠡ᠂ ᠶᠧᠯᠸᠢ ᠮᠡᠲᠦ ᠭᠡᠵᠦ ᠨᠣᠮᠯᠠᠳᠠᠭ᠃[9]
ᠬᠣᠵᠢᠮ ᠭᠠᠷᠤᠭᠰᠠᠨ ᠪᠣᠯᠪᠠᠴᠤ ᠠᠯᠳᠠᠷ ᠨᠥᠯᠦᠭᠡ ᠲᠡᠢ ᠪᠢᠯᠢᠭ ᠦ᠋ᠨ ᠴᠢᠨᠠᠳᠤ ᠬᠢᠵᠠᠭᠠᠷ ‍ᠠ᠋ ᠬᠦᠷᠦᠬ᠋ᠰᠡᠨ ᠰᠤᠳᠤᠷ ᠪᠣᠯᠬᠤ ᠵᠢᠷᠦᠬᠡᠨ ᠰᠤᠳᠤᠷ ᠲᠤ ᠲᠠᠪᠤᠨ ᠴᠣᠭᠴᠠᠰ ᠴᠤ (ᠲᠡᠭᠦᠨᠴᠢᠯᠡᠨ ᠲᠠᠪᠤᠨ ᠮᠡᠳᠡᠷᠡᠬᠦᠢ᠂ ᠰᠡᠳᠬᠢᠯ᠂ ᠬᠤᠲᠤᠬᠲᠠᠨ ‍ᠤ ᠳᠥᠷᠪᠡᠨ ᠦᠨᠡᠨ ᠴᠦ) ᠬᠣᠭᠣᠰᠤᠨ ᠬᠡᠮᠡᠨ ᠠᠢᠢᠯᠳᠤᠭᠰᠠᠨ ᠪᠠᠢᠢᠳᠠᠭ᠄

ᠳᠦᠷᠰᠦ ᠬᠣᠭᠣᠰᠤᠨ᠂ ᠬᠣᠭᠣᠰᠤᠨ ᠠᠨᠤ ᠴᠦ ᠳᠦᠷᠰᠦ ᠪᠣᠯᠠᠢ᠃
ᠳᠦᠷᠰᠦ ᠡᠴᠡ ᠲᠤᠰ ᠲᠤ ᠬᠣᠭᠣᠰᠤᠨ ᠦᠭᠡᠢ᠂ ᠬᠣᠭᠣᠰᠤᠨ ᠡᠴᠡ ᠲᠤᠰ ᠲᠤ ᠳᠦᠷᠰᠦ ᠦᠭᠡᠢ᠃[10]
ᠳᠦᠷᠰᠦ ᠪᠦᠬᠦᠨ ᠬᠣᠭᠣᠰᠤᠨ᠂ ᠬᠣᠭᠣᠰᠤᠨ ᠪᠦᠬᠦᠨ ᠳᠦᠷᠰᠦ ᠪᠣᠯᠠᠢ᠃

ᠬᠡᠮᠡᠨ ᠠᠢᠢᠯᠠᠳᠳᠠᠭ᠃

ᠰᠠᠮᠠᠭᠠᠷᠳᠢ ᠬᠡᠯᠡ ᠪᠡᠷ᠄
रूपं शून्यता, शून्यतैव रूपम्।
रूपान्न पृथक् शून्यता, शून्यताया न पृथग् रूपम्।
यद्रूपं सा शून्यता, या शून्यता तद्रूपम्।


ᠲᠥᠪᠡᠳ ᠬᠡᠯᠡ ᠪᠡᠷ᠄
གཟུགས་སྟོང་པའོ། སྟོང་པ་ཉིད་གཟུགས་སོ།
གཟུགས་ལས་སྟོང་པ་ཉིད་གཞན་མ་ཡིན།
སྟོང་པ་ཉིད་ལས་ཀྱང་གཟུགས་གཞན་མ་ཡིན་ནོ།།


ᠪᠢᠯᠢᠭ ᠦ᠋ᠨ ᠴᠢᠨᠠᠳᠤ ᠬᠢᠵᠠᠭᠠᠷ ‍ᠠ᠋ ᠬᠦᠷᠬᠦᠢ ᠶ᠋ᠢᠨ ᠰᠤᠳᠤᠷ ᠦ᠋ᠳ ᠲᠦ ᠬᠣᠭᠣᠰᠤᠨ ᠴᠢᠨᠠᠷ ‍ᠢ ᠣᠨᠤᠭᠰᠠᠨ ᠪᠢᠯᠢᠭ ᠢᠨᠦ ᠪᠣᠸᠠᠲᠾᠢᠰᠠᠲ᠋ᠲ᠋ᠸᠠ ᠶ᠋ᠢᠨ ᠭᠣᠣᠯ ᠪᠤᠶᠠᠨ ᠭᠡᠵᠦ ᠦᠵᠡᠳᠡᠭ᠃

ᠲᠥᠪ ᠦᠵᠡᠯ ᠳ᠋ᠦ

ᠡᠬᠢ ᠰᠤᠷᠪᠤᠯᠵᠢ

  1. Paul Williams (2008). Mahayana Buddhism: The Doctrinal Foundations. Routledge, 68–69. ISBN 978-1-134-25056-1
  2. Christopher W. Gowans (2014). Buddhist Moral Philosophy: An Introduction. Routledge, 69–70. ISBN 978-1-317-65934-1
  3. Williams, Paul. Buddhist Thought. Routledge, 2000
  4. Williams, Paul. Mahayana Buddhism: The Doctrinal Foundations 2nd edition. Routledge, 2009
  5. Williams, Paul. Mahayana Buddhism: The Doctrinal Foundations 2nd edition. Routledge, 2009
  6. Жадамба судар. Орч. Бугат Л.Алтангэрэл. Улаанбаатар. 2014 он
  7. Orsborn, Matthew Bryan. “Chiasmus in the Early Prajñāpāramitā: Literary Parallelism Connecting Criticism & Hermeneutics in an Early Mahāyāna Sūtra”, University of Hong Kong , 2012
  8. Williams, Paul. Mahayana Buddhism: The Doctrinal Foundations 2nd edition.Routledge, 2009
  9. Williams, Paul, and Anthony J. Tribe. Buddhist Thought: A Complete Introduction to the Indian Tradition. London: Routledge, 2000
  10. Хутагт ялж төгс нөгцсөн эх билгийн чанадад хүрсэний зүрхэн оршвой. Түвд хэлнээс орчуулсан Ч.Хатанбаатар. Хянан тохиолдуулсан Б.Идэрбаяр. ©Их Хөлгөний Уламжлалыг Хадгалах Төв. УБ 2013