"ᠵᠦᠢᠯᠡᠰ ᠊ᠦᠨ ᠢᠨ᠍ᠲ᠋ᠧᠷᠨᠧᠲ"-ны өөр хувилбарууд

Edit
(Edit)
(Edit)
113-р мөр: 113-р мөр:
ᠲᠡᠶ᠋ᠢᠮᠦ ᠡᠴᠡ ᠬᠣᠲᠠ ᠶᠢᠨ ᠪᠦᠬᠦ ᠵᠣᠭᠰᠤᠭᠠᠯ ᠳᠤ ᠮᠡᠳᠡᠷᠡᠭᠴᠢ ᠰᠠᠭᠤᠷᠢᠯᠠᠭᠤᠯᠤᠭᠰᠠᠨ ᠪᠠᠶ᠋ᠢᠨ᠎ᠠ᠃ ᠲᠡᠳᠡᠭᠡᠷ ᠮᠡᠳᠡᠷᠡᠭᠴᠢ ᠨᠢ ᠵᠣᠭᠰᠣᠭᠠᠯ ᠤᠨ ᠴᠡᠭ ᠪᠦᠷᠢ ᠶᠢᠨ ᠠᠰᠢᠭᠯᠠᠯᠲᠠ ᠶᠢᠨ ᠲᠥᠯᠥᠪ ᠢ ᠡᠭᠦᠯᠡᠨ ᠳᠦ ᠳᠠᠮᠵᠢᠭᠤᠯᠤᠨ᠎ᠠ᠃ ᠲᠡᠷ᠎ᠡ ᠬᠦ ᠥᠭᠭᠥᠭᠳᠡᠯ ᠢ ᠬᠡᠴᠢᠨᠡᠨ ᠴᠤ ᠲᠣᠭᠠᠨ ᠤ ᠫᠷᠣᠭ᠌ᠷᠠᠮ ᠠᠰᠢᠭᠯᠠᠵᠤ ᠪᠣᠯᠤᠨ᠎ᠠ᠃ ᠲᠢᠢᠨ ᠬᠦ᠂ ᠵᠢᠯᠣᠭᠣᠴᠢ ᠨᠠᠷ ᠢ ᠬᠠᠮᠤᠭ ᠤᠨ ᠳᠥᠲᠡ ᠵᠠᠮ ᠢᠢᠠᠷ ᠴᠢᠯᠦᠭᠡᠲᠡᠢ ᠵᠣᠭᠰᠣᠭᠠᠯ ᠤᠷᠤᠭᠤ ᠬᠥᠲᠥᠯᠬᠦ ᠪᠣᠯᠤᠮᠵᠢ ᠲᠠᠢ᠃<ref name=":4" />
ᠲᠡᠶ᠋ᠢᠮᠦ ᠡᠴᠡ ᠬᠣᠲᠠ ᠶᠢᠨ ᠪᠦᠬᠦ ᠵᠣᠭᠰᠤᠭᠠᠯ ᠳᠤ ᠮᠡᠳᠡᠷᠡᠭᠴᠢ ᠰᠠᠭᠤᠷᠢᠯᠠᠭᠤᠯᠤᠭᠰᠠᠨ ᠪᠠᠶ᠋ᠢᠨ᠎ᠠ᠃ ᠲᠡᠳᠡᠭᠡᠷ ᠮᠡᠳᠡᠷᠡᠭᠴᠢ ᠨᠢ ᠵᠣᠭᠰᠣᠭᠠᠯ ᠤᠨ ᠴᠡᠭ ᠪᠦᠷᠢ ᠶᠢᠨ ᠠᠰᠢᠭᠯᠠᠯᠲᠠ ᠶᠢᠨ ᠲᠥᠯᠥᠪ ᠢ ᠡᠭᠦᠯᠡᠨ ᠳᠦ ᠳᠠᠮᠵᠢᠭᠤᠯᠤᠨ᠎ᠠ᠃ ᠲᠡᠷ᠎ᠡ ᠬᠦ ᠥᠭᠭᠥᠭᠳᠡᠯ ᠢ ᠬᠡᠴᠢᠨᠡᠨ ᠴᠤ ᠲᠣᠭᠠᠨ ᠤ ᠫᠷᠣᠭ᠌ᠷᠠᠮ ᠠᠰᠢᠭᠯᠠᠵᠤ ᠪᠣᠯᠤᠨ᠎ᠠ᠃ ᠲᠢᠢᠨ ᠬᠦ᠂ ᠵᠢᠯᠣᠭᠣᠴᠢ ᠨᠠᠷ ᠢ ᠬᠠᠮᠤᠭ ᠤᠨ ᠳᠥᠲᠡ ᠵᠠᠮ ᠢᠢᠠᠷ ᠴᠢᠯᠦᠭᠡᠲᠡᠢ ᠵᠣᠭᠰᠣᠭᠠᠯ ᠤᠷᠤᠭᠤ ᠬᠥᠲᠥᠯᠬᠦ ᠪᠣᠯᠤᠮᠵᠢ ᠲᠠᠢ᠃<ref name=":4" />


<br>
== ᠡᠷᠦᠰᠳᠡᠯ ᠦᠭᠡᠢ ᠠᠵᠢᠯᠯᠠᠭ᠎ᠠ ==
ᠪᠦᠬᠦ ᠵᠦᠢᠯ ᠢᠨᠦ ᠰᠦᠯᠵᠢᠶᠡᠨ ᠳᠦ ᠬᠣᠯᠪᠣᠭᠳᠠᠳᠠᠭ ᠶᠢᠷᠲᠢᠨᠴᠦ ᠳ᠋ᠦ ᠳᠠᠭᠤ ᠬᠣᠭᠣᠯᠠᠢ ᠪᠠᠷ᠂ ᠲᠡᠷᠡ ᠪᠠᠶ᠋ᠢᠲᠤᠭᠠᠢ ᠨᠢᠭᠤᠷ ᠲᠠᠨᠢᠭᠤᠯᠤᠨ ᠡᠴᠦᠰ ᠦᠨ ᠲᠥᠬᠥᠭᠡᠷᠦᠮᠵᠢ ᠶᠢ ᠠᠵᠢᠯᠯᠠᠭᠤᠯᠳᠠᠭ ᠲᠤᠯᠠ ᠡᠶ᠋ᠢᠮᠦ ᠨᠥᠬᠥᠴᠡᠯ ᠳᠦ ᠠᠶᠤᠯ ᠦᠭᠡᠢ ᠪᠠᠶ᠋ᠢᠳᠠᠯ ᠤᠨ ᠠᠰᠠᠭᠤᠳᠠᠯ ᠢ ᠵᠠᠶ᠋ᠢᠯᠠᠰᠢ ᠦᠭᠡᠢ ᠠᠩᠬᠠᠷᠠᠬᠤ ᠱᠠᠭᠠᠷᠳᠠᠯᠭ᠎ᠠ ᠲᠠᠢ ᠪᠣᠯᠤᠨ᠎ᠠ᠃
 
ᠵᠦᠢᠯᠡᠰ ᠦᠨ ᠢᠨ᠍ᠲ᠋ᠧᠷᠨᠧᠲ ᠦᠨ ᠤᠷᠴᠢᠨ ᠳᠤ ᠬᠣᠶᠠᠷ ᠲᠥᠷᠥᠯ ᠦᠨ ᠠᠶᠤᠯ ᠡᠷᠦᠰᠳᠡᠯ ᠤᠴᠠᠷᠠᠵᠤ ᠪᠣᠯᠤᠨ᠎ᠠ᠄
 
ᠨᠢᠭᠡ ᠳ᠋ᠦᠭᠡᠷ ᠲᠦ᠂ ᠲᠥᠬᠥᠭᠡᠷᠦᠮᠵᠢ ᠶᠢᠨ ᠤᠯᠠᠮᠵᠢᠯᠠᠯᠲᠤ ᠬᠡᠷᠡᠭᠯᠡᠭᠡ ᠲᠡᠢ ᠰᠢᠭᠤᠳ ᠬᠣᠯᠪᠣᠭ᠎ᠠ ᠲᠠᠢ ᠡᠷᠦᠰᠳᠡᠯ᠂ ᠲᠤᠬᠠᠶ᠋ᠢᠯᠠᠪᠠᠯ᠂ ᠬᠡᠲᠦ ᠬᠠᠯᠠᠬᠤ᠂ ᠴᠠᠬᠢᠯᠭᠠᠨ ᠴᠤᠬᠢᠬᠤ᠂ ᠳᠠᠭᠤ ᠴᠢᠮᠡᠭᠡᠨ ᠦ ᠠᠶᠤᠯ ᠭᠡᠬᠦ ᠮᠡᠲᠦ᠃ ᠡᠭᠦᠨ ᠳᠡᠭᠡᠷ᠎ᠡ ᠵᠦᠢᠯᠡᠰ ᠦᠨ ᠢᠨ᠍ᠲ᠋ᠧᠷᠨᠧᠲ ᠦᠨ ᠬᠣᠯᠪᠣᠯᠲᠠ ᠣᠷᠣᠵᠤ ᠢᠷᠡᠬᠦᠶ ‍ᠡ᠋ ᠳᠡᠭᠡᠷ᠎ᠡ ᠳᠤᠷᠠᠳᠤᠭᠰᠠᠨ ᠲᠥᠷᠥᠯ ᠦᠨ ᠡᠷᠦᠰᠳᠡᠯ ᠦᠨ ᠳᠠᠪᠲᠠᠮᠵᠢ ᠨᠡᠮᠡᠭᠳᠡᠵᠦ ᠪᠣᠯᠤᠨ᠎ᠠ᠃ ᠠᠯᠤᠰ ᠠᠴᠠ ᠤᠳᠤᠷᠢᠳᠤᠨ ᠠᠵᠢᠯᠯᠠᠭᠤᠯᠬᠤ ᠵᠡᠷᠭᠡ ᠢᠨᠦ ᠳᠡᠭᠡᠷᠡᠬᠢ ᠲᠥᠷᠥᠯ ᠦᠨ ᠠᠶᠤᠯ ᠡᠷᠦᠰᠳᠡᠯ ᠢ ᠹᠢᠽᠢᠻ ᠣᠷᠣᠨ ᠵᠠᠢ ᠶᠢᠨ ᠬᠢᠵᠠᠭᠠᠷ ᠦᠭᠡᠢ ᠪᠣᠯᠭᠠᠨ᠎ᠠ ᠭᠡᠰᠡᠨ ᠦᠭᠡ᠃ ᠵᠢᠱᠢᠶᠡᠯᠡᠪᠡᠯ᠂ ᠴᠠᠬᠢᠮ ᠵᠤᠤᠬ᠎ᠠ ᠶᠢ ᠠᠯᠤᠰ ᠠᠴᠠ ᠠᠰᠠᠭᠠᠬᠤ᠂ ᠤᠨᠲᠠᠷᠠᠭᠠᠬᠤ ᠪᠣᠯᠤᠮᠵᠢ ᠲᠠᠢ ᠦᠶ᠎ᠡ ᠳᠦ᠂ ᠳᠡᠷᠭᠡᠳᠡ ᠨᠢ ᠬᠢᠨᠠᠬᠤ ᠬᠦᠮᠦᠨ ᠦᠭᠡᠢ ᠲᠣᠬᠢᠶᠠᠯᠳᠤᠯ ᠳᠤ ᠠᠯᠳᠠᠭ᠎ᠠ ᠲᠠᠢ ᠻᠣᠮᠠᠨ᠍ᠳ᠋ ᠬᠦᠯᠢᠶᠡᠨ ᠠᠪᠤᠪᠠᠯ ᠠᠶᠤᠯ ᠡᠷᠦᠰᠳᠡᠯ ᠡᠭᠦᠰᠦᠨ᠎ᠡ᠃
 
ᠬᠣᠶᠠᠷ ᠳ᠋ᠤᠭᠠᠷ ᠲᠤ᠂ ᠲᠥᠬᠥᠭᠡᠷᠦᠮᠵᠢ ᠪᠣᠯᠤᠨ ᠲᠡᠭᠦᠨ ᠦ ᠠᠵᠢᠯᠯᠠᠭ᠎ᠠ ᠲᠠᠢ ᠳᠠᠮ ᠬᠣᠯᠪᠣᠭ᠎ᠠ ᠲᠠᠢ -- ᠵᠦᠢᠯᠡᠰ ᠦᠨ ᠢᠨ᠍ᠲ᠋ᠧᠷᠨᠧᠲ ᠢ ᠬᠡᠷᠡᠭᠵᠢᠭᠦᠯᠦᠭᠰᠡᠨ ᠢᠢᠡᠷ ᠡᠭᠦᠰᠬᠦ ᠠᠶᠤᠯ ᠡᠷᠦᠰᠳᠡᠯ᠃ ᠡᠶ᠋ᠢᠮᠦ ᠡᠷᠦᠰᠳᠡᠯ ᠤᠴᠠᠷᠠᠭᠰᠠᠨ ᠢᠢᠠᠷ ᠦᠷ᠎ᠡ ᠨᠥᠯᠥᠭᠡ ᠢᠨᠦ ᠥᠮᠴᠢ ᠬᠥᠷᠥᠩᠭᠡ᠂ ᠮᠡᠳᠡᠭᠡᠯᠡᠯ ᠦᠨ ᠠᠯᠳᠠᠭᠳᠠᠯ ᠵᠡᠷᠭᠡ ᠨᠣᠴᠤᠲᠠᠢ ᠲᠦᠪᠰᠢᠨ ᠦ ᠬᠣᠬᠢᠷᠠᠯ ᠳᠤ ᠬᠦᠷᠭᠡᠵᠦ ᠪᠣᠯᠤᠨ᠎ᠠ᠃ ᠵᠢᠱᠢᠶ᠎ᠡ ᠨᠢ᠂ ᠠᠮᠧᠷᠢᠻᠠ ᠶᠢᠨ ᠨᠢᠭᠡᠳᠦᠭᠰᠡᠨ ᠤᠯᠤᠰ ᠤᠨ ᠵᠡᠭᠦᠨ ᠤᠮᠠᠷᠠᠳᠤ ᠬᠡᠰᠡᠭ ᠲᠦ ᠴᠠᠰᠤᠲᠠᠢ ᠡᠪᠦᠯ ᠢᠢᠡᠷ ᠠᠮᠠᠷᠠᠯᠲᠠ ᠳᠤ ᠶᠠᠪᠤᠭᠠᠳ ᠡᠵᠡᠭᠦᠢ ᠪᠠᠶ᠋ᠢᠭ᠎ᠠ ᠠᠶ᠋ᠢᠯ ᠤᠨ ᠭᠠᠷᠠᠵᠢ<sup>garage</sup> ᠶ᠋ᠢᠨ ᠤᠬᠠᠭᠠᠯᠢᠭ ᠬᠠᠭᠠᠯᠭ᠎ᠠ ᠣᠩᠭᠣᠶ᠋ᠢᠯᠭᠠᠭᠤᠷ ᠪᠤᠷᠤᠭᠤ ᠠᠵᠢᠯᠯᠠᠭᠠᠳ᠂ ᠲᠦᠭᠵᠢᠶ᠎ᠡ ᠶᠢ ᠲᠠᠶ᠋ᠢᠯᠠᠴᠢᠬᠠᠵᠤ ᠪᠣᠯᠤᠨ᠎ᠠ᠃<ref name=":5">Ang Zhu. Hazards and Safety Requirements of Internet of Things (IoT). 2018/09/11. Intertek. https᠄//www.intertek.com/blog/2018-09-11-iot</ref>
 
ᠰᠠᠶᠢᠬᠠᠨ ᠻᠠᠯᠢᠹᠣᠷᠨᠢ ᠶᠢᠨ<sup>California</sup> ᠷᠢᠸᠧᠷᠰᠠᠶ᠋ᠢ‍ᠳ᠋ ᠎‍ᠤᠨ<sup>Riveside </sup>᠎ ᠶᠡᠬᠡ ᠰᠤᠷᠭᠠᠭᠤᠯᠢ ᠶᠢᠨ ᠰᠤᠳᠤᠯᠤᠭᠠᠴᠢᠳ ᠰᠢᠰᠲ᠋ᠧᠮ ᠢ ᠡᠷᠦᠰᠳᠡᠯ ᠲᠡᠢ ᠲᠥᠯᠥᠪ ᠲᠦ ᠬᠦᠷᠭᠡᠵᠦ ᠪᠣᠯᠵᠣᠰᠢ ᠦᠭᠡᠢ ᠦᠢᠯᠡ ᠶᠠᠪᠤᠳᠠᠯ ᠤᠳ ᠢ ᠲᠣᠳᠣᠷᠬᠠᠶ᠋ᠢᠯᠠᠬᠤ ᠵᠠᠮ ᠢᠢᠠᠷ "ᠬᠠᠷᠢᠯᠴᠠᠭᠠᠨ ᠤ ᠲᠦᠪᠰᠢᠨ ᠦ" ᠠᠯᠳᠠᠭ᠎ᠠ ᠨᠤᠭᠤᠳ ᠢ ᠢᠯᠡᠷᠡᠭᠦᠯᠬᠦ IotSan ᠬᠡᠮᠡᠬᠦ ᠰᠢᠨ᠎ᠡ ᠰᠢᠰᠲ᠋ᠧᠮ ᠢ ᠰᠠᠨᠠᠯ ᠪᠣᠯᠭᠠᠪᠠ<ref>Dang Tu Nguyen. IoTSan: Fortifying the Safety of IoT Systems. 2018/10/22. Cornell University. https://arxiv.org/abs/1810.09551</ref>᠃
 
ᠵᠦᠢᠯᠡᠰ ᠦᠨ ᠢᠨ᠍ᠲ᠋ᠧᠷᠨᠧᠲ ᠦᠨ ᠠᠶᠤᠯ ᠦᠭᠡᠢ ᠪᠠᠶ᠋ᠢᠳᠠᠯ ᠤᠨ ᠦᠨᠡᠯᠡᠭᠡ ᠢᠨᠦ 20 ᠍ ᠳᠦᠭᠠᠷ ᠵᠠᠭᠤᠨ ᠤ ᠲᠡᠭᠦᠰᠬᠡᠯ ᠳᠦ ᠦᠢᠯᠡᠳᠪᠦᠷᠢᠯᠡᠯ ᠦᠨ ᠤᠷᠴᠢᠨ ᠳᠤ ᠪᠤᠢ ᠪᠣᠯᠤᠭᠰᠠᠨ ᠹᠦᠨ᠍ᠻᠼᠢᠶᠤᠨᠠᠯ<sup>functional</sup> ᠠᠶᠤᠯ ᠦᠭᠡᠢ ᠪᠠᠶ᠋ᠢᠳᠠᠯ ᠲᠠᠢ ᠨᠢᠭᠲᠠ ᠤᠶᠠᠯᠳᠤᠬᠤ ᠲᠥᠯᠥᠪ ᠲᠡᠢ ᠪᠠᠶ᠋ᠢᠨ᠎ᠠ᠃ ᠣᠯᠠᠨ ᠤᠯᠤᠰ ᠤᠨ ᠪᠣᠯᠤᠨ ᠪᠥᠰᠡ ᠨᠤᠲᠤᠭ ᠤᠨ ᠰᠲ᠋ᠠᠨ᠍ᠳᠠᠷᠳ᠋ ᠲᠤ IEC61508 ᠴᠤᠪᠤᠷᠠᠯ᠂ ISO26262 ᠴᠤᠪᠤᠷᠠᠯ᠂ ISO12100᠂ ISO13849 ᠴᠤᠪᠤᠷᠠᠯ᠂ IEC60730-1 ᠴᠤᠪᠤᠷᠠᠯ᠂ UL5500᠂ CSA Z434 ᠴᠤᠪᠤᠷᠠᠯ᠂ ANSI B11 ᠴᠤᠪᠤᠷᠠᠯ ᠣᠷᠣᠨ᠎ᠠ᠃
 
ᠹᠦᠨ᠍ᠻᠼᠢᠶᠤᠨᠠᠯ ᠠᠶᠤᠯ ᠦᠭᠡᠢ ᠪᠠᠶ᠋ᠢᠳᠠᠯ ᠤᠨ ᠦᠨᠡᠯᠡᠭᠡ ᠲᠡᠢ ᠬᠣᠯᠪᠣᠭ᠎ᠠ ᠲᠠᠢ ᠵᠠᠩᠭᠢᠯᠠᠭ᠎ᠠ ᠠᠰᠠᠭᠤᠳᠠᠯ ᠤᠳ ᠠᠨᠤ᠄
 
‍ - ᠲᠥᠯᠥᠪᠯᠡᠯᠲᠡ ᠪᠠ ᠪᠣᠯᠪᠠᠰᠤᠷᠠᠭᠤᠯᠤᠯᠲᠠ
 
‍ - ᠠᠶᠤᠯ ᠡᠷᠦᠰᠳᠡᠯ
 
‍ - ᠤᠳᠤᠷᠢᠳᠤᠯᠭ᠎ᠠ ᠶᠢᠨ ᠲᠥᠯᠥᠪᠯᠡᠭᠡ
 
‍ - ᠠᠵᠢᠯᠯᠠᠭᠠᠨ ᠤ ᠲᠦᠪᠰᠢᠨ
 
‍ - ᠢᠵᠢ ᠠᠶᠤᠯ ᠦᠭᠡᠢ ᠪᠠᠶ᠋ᠢᠳᠠᠯ ᠤᠨ ᠲᠦᠪᠰᠢᠨ
 
‍ - ᠠᠯᠳᠠᠭ᠎ᠠ ᠭᠠᠷᠬᠤ ᠭᠣᠷᠢᠮ᠂ ᠨᠥᠯᠥᠭᠡ᠂ ᠣᠨᠣᠰᠢᠯᠠᠭ᠎ᠠ ᠰᠢᠨᠵᠢᠯᠡᠭᠡ
 
‍ - ᠪᠣᠯᠪᠠᠰᠤᠨ ᠬᠦᠴᠦᠨ ᠦ ᠬᠠᠷᠢᠭᠤᠴᠠᠯᠭ᠎ᠠ
 
‍ - ᠲᠤᠭᠤᠰᠢᠲᠠᠶ ᠪᠠᠷᠢᠮᠲᠠᠵᠢᠭᠤᠯᠤᠯᠲᠠ
 
ᠵᠦᠢᠯᠡᠰ ᠦᠨ ᠢᠨ᠍ᠲ᠋ᠧᠷᠨᠧᠲ ᠲᠠᠰᠤᠷᠠᠯᠲᠠ ᠦᠭᠡᠢ ᠬᠥᠭᠵᠢᠵᠦ ᠪᠠᠶ᠋ᠢᠭ᠎ᠠ ᠥᠨᠦ ‍ᠢᠢᠨ ᠨᠥᠬᠥᠴᠡᠯ ᠳᠦ ᠠᠶᠤᠯ ᠦᠭᠡᠢ ᠶᠢᠨ ᠰᠲ᠋ᠠᠨ᠍ᠳᠠᠷᠳ᠋ ᠤᠳ ᠤᠨ ᠲᠠᠯ᠎ᠠ ᠪᠠᠷ ᠣᠶ᠋ᠢᠯᠠᠭᠠᠯᠲᠠ᠂ ᠮᠡᠳᠡᠭᠡᠯᠡᠯ ᠲᠡᠢ ᠪᠠᠶ᠋ᠢᠵᠤ᠂ ᠠᠶᠤᠯ ᠦᠭᠡᠢ ᠶᠢᠨ ᠱᠠᠭᠠᠷᠳᠠᠯᠭ᠎ᠠ ᠬᠠᠩᠭᠠᠵᠤ᠂ ᠬᠡᠷᠡᠭᠯᠡᠭᠴᠢᠳ ᠦᠨ ᠬᠡᠷᠡᠭᠴᠡᠭᠡᠨ ᠳᠦ ᠨᠡᠶ᠋ᠢᠴᠡᠵᠦ ᠠᠵᠢᠯᠯᠠᠬᠤ ᠠᠨᠤ ᠴᠢᠬᠤᠯᠠ ᠶᠤᠮ᠃<ref name=":5" /><br>
==ᠡᠬᠢ ᠰᠤᠷᠪᠤᠯᠵᠢ==
==ᠡᠬᠢ ᠰᠤᠷᠪᠤᠯᠵᠢ==
<div style="writing-mode: horizontal-tb; "><References/>
<div style="writing-mode: horizontal-tb; "><References/>
[[Ангилал:ᠲᠧᠻᠨᠣᠯᠣᠭᠢ]]
[[Ангилал:ᠲᠧᠻᠨᠣᠯᠣᠭᠢ]]
[[Ангилал:ᠳᠡᠳ᠋ ᠪᠦᠲᠦᠴᠡ]]
[[Ангилал:ᠳᠡᠳ᠋ ᠪᠦᠲᠦᠴᠡ]]
136

edits