"ᠷᠢᠨᠴᠡᠨ᠂ ᠶᠦᠩᠰᠢᠶᠡᠪᠤ ᠪᠢᠮᠪᠠ ᠊ᠢᠢᠨ"-ны өөр хувилбарууд

Edit
(Edit)
(Edit)
58-р мөр: 58-р мөр:


=ᠦᠢᠯᠡ ᠬᠡᠷᠡᠭ=
=ᠦᠢᠯᠡ ᠬᠡᠷᠡᠭ=
ᠶᠡᠬᠡ ᠡᠷᠳᠡᠮᠲᠡᠨ ᠷᠢᠨᠴᠡᠨ ᠰᠤᠳᠤᠯᠤᠭᠠᠴᠢ ᠱᠠᠪᠢ ᠨᠠᠷ ᠲᠤ ᠪᠠᠨ ᠭᠠᠳᠠᠭᠠᠳᠤ ᠬᠡᠯᠡ ᠰᠤᠷᠠᠬᠤ ᠶᠢᠨ ᠠᠴᠢ ᠬᠣᠯᠪᠣᠭᠳᠠᠯ ᠢ ᠭᠦᠨ ᠭᠦᠨᠵᠡᠭᠡᠢ ᠣᠶ᠋ᠢᠯᠠᠭᠠᠭᠤᠯᠬᠤ ᠶᠢᠨ ᠵᠡᠷᠭᠡᠴᠡᠭᠡ ᠰᠤᠳᠤᠯᠭᠠᠨ ᠤ ᠠᠵᠢᠯ ᠳᠤ ᠵᠠᠶ᠋ᠢᠯᠠᠰᠢ ᠦᠭᠡᠢ ᠬᠡᠷᠡᠭ ᠪᠣᠯᠳᠠᠭ ᠭᠡᠷᠡᠯ ᠵᠢᠷᠤᠭ ᠠᠪᠬᠤ᠂ ᠭᠠᠷ ᠵᠢᠷᠤᠭ ᠵᠢᠷᠤᠬᠤ᠂ ᠳᠠᠭᠤᠤ ᠬᠤᠷᠢᠶᠠᠭᠤᠷ ᠠᠰᠢᠭᠯᠠᠬᠤ᠂ ᠬᠠᠳᠠᠨ ᠤ ᠪᠢᠴᠢᠭᠡᠰᠦᠨ ᠦ ᠬᠡᠪ ᠠᠪᠬᠤ ᠵᠡᠷᠭᠡ ᠲᠧᠻᠨᠢᠭ ᠠᠵᠢᠯ ᠢ ᠥᠪᠡᠷ ᠢᠢᠡᠨ ᠬᠢᠵᠦ ᠴᠢᠳᠠᠳᠠᠭ ᠪᠠᠶ᠋ᠢᠬᠤ᠂ ᠮᠣᠩᠭᠣᠯ ᠰᠤᠳᠤᠯᠤᠯ ᠤᠨ ᠲᠤᠯᠭᠠᠭᠤᠷᠢ ᠪᠣᠯᠤᠭᠰᠠᠨ ᠣᠷᠣᠰ᠂ ᠠᠩᠯᠢ᠂ ᠭᠧᠷᠮᠠᠨ᠂ ᠹᠷᠠ᠍ᠨ᠍ᠼ ᠬᠡᠯᠡ ᠶᠢ ᠮᠡᠳᠡᠬᠦ ᠦᠭᠡᠢ ᠪᠡᠷ ᠰᠤᠳᠤᠯᠤᠭᠠᠴᠢ᠂ ᠮᠡᠷᠭᠡᠵᠢᠯᠲᠡᠨ ᠪᠣᠯᠬᠤ ᠠᠷᠭ᠎ᠠ ᠦᠭᠡᠢ ᠭᠡᠳᠡᠭ ᠢ ᠤᠬᠠᠭᠠᠷᠠᠭᠤᠯᠳᠠᠭ ᠪᠠᠶ᠋ᠢᠪᠠ᠃
ᠪ ∙ ᠷᠢᠨᠴᠢᠨ ᠮᠣᠩᠭᠣᠯ ᠬᠡᠯᠡᠨ ᠦ ᠪᠡᠨ ᠭᠠᠶ᠋ᠢᠬᠠᠮ᠎ᠠ ᠰᠠᠶ᠋ᠢᠬᠠᠨ ᠬᠦᠴᠦ ᠴᠢᠳᠠᠯ ᠢᠢᠠᠷ ᠡᠬᠡ ᠣᠷᠣᠨ ᠤ ᠪᠠᠨ ᠲᠡᠦᠬᠡ ᠰᠣᠶᠣᠯ ᠢ ᠳᠡᠯᠡᠬᠡᠢ ᠳ᠋ᠠᠬᠢᠨ᠎ᠠ ᠲᠠᠨᠢᠭᠤᠯᠤᠨ ᠪᠢᠰᠢᠷᠡᠭᠦᠯᠬᠦ ᠳᠦ ᠶᠡᠬᠡ ᠭᠠᠪᠢᠶ᠎ᠠ ᠪᠠᠶ᠋ᠢᠭᠤᠯᠤᠭᠰᠠᠨ ᠶᠤᠮ᠃ ᠲᠡᠭᠡᠭᠡᠳ ᠴᠤ "ᠥᠨᠳᠦᠷ ᠭᠡᠭᠡᠭᠡᠨ ᠵᠠᠨᠠᠪᠠᠽᠠᠷ ᠬᠠᠷᠢ ᠶᠢᠨ ᠬᠢᠨ ᠳᠤ ᠬᠣᠣᠷᠯᠠᠭᠳᠠᠭᠰᠠᠨ᠂ ᠰᠡᠳᠬᠢᠯᠲᠡᠢ ᠬᠦᠮᠦᠨ ᠦ  ᠪᠡᠨ ᠳᠦᠷᠢ ᠪᠡᠷ ᠨᠣᠭᠣᠭᠠᠨ ᠳᠠᠷᠢ ᠡᠬᠡ ᠶᠢᠨ ᠢᠵᠢᠯ ᠦᠭᠡᠢ ᠪᠠᠷᠢᠮᠠᠯ ᠢ ᠤᠷᠠᠯᠠᠭᠰᠠᠨ" ᠳᠣᠮᠣᠭ ᠢ ᠦᠭᠦᠯᠡᠯᠭᠡ ᠪᠣᠯᠭᠠᠨ ᠪᠢᠴᠢᠭᠡᠳ᠂ ᠥᠨᠳᠦᠷ ᠭᠡᠭᠡᠭᠡᠨ ᠦ ᠬᠣᠣᠰ ᠦᠭᠡᠢ ᠡᠨᠡ ᠪᠦᠲᠦᠭᠡᠯ ᠢ ᠠᠩᠬ᠎ᠠ ᠤᠳᠠᠭ᠎ᠠ ᠯᠧᠣᠨᠠᠠᠳᠣ᠋ ᠳ᠋ᠠ ᠸᠢᠨ᠍ᠴᠢ ᠢᠢᠨ "ᠵᠣᠻᠣᠨ᠍ᠳᠠ"᠂ ᠷᠠᠹᠠᠧᠯ ᠦᠨ "ᠡᠬᠡ ᠳᠠᠭᠢᠨᠢ ᠢᠢᠨ ᠬᠥᠷᠦᠭ" ᠍ ᠲᠡᠢ ᠡᠩ ᠵᠡᠷᠭᠡᠴᠡᠭᠦᠯᠵᠦ ᠡᠷᠭᠦᠭᠰᠡᠨ ᠪᠢᠯᠡ᠃<ref name=":1" />
ᠶᠡᠬᠡ ᠵᠣᠬᠢᠶᠠᠯᠴᠢ᠂ ᠢᠷᠠᠭᠤ ᠨᠠᠶ᠋ᠢᠷᠠᠭᠴᠢ ᠷᠢᠨᠴᠡᠨ 1945 ᠣᠨ ᠳᠤ "ᠴᠣᠭᠲᠤ ᠲᠠᠶ᠋ᠢᠵᠢ" ᠻᠢᠨᠣ᠋ ᠍ ᠪᠠᠷ ᠢᠢᠠᠨ ᠮᠠᠷᠱᠠᠯ ᠴᠣᠶ᠋ᠢᠪᠠᠯᠰᠠᠩ ᠤᠨ ᠨᠡᠷᠡᠮᠵᠢᠲᠦ ᠱᠠᠩᠨᠠᠯ ᠢ ᠠᠩᠬ᠎ᠠ ᠬᠦᠷᠢᠲᠦᠬᠦ ᠳᠦ ᠪᠡᠨ ᠳᠠᠭᠠᠯᠳᠤᠵᠤ ᠢᠷᠡᠭᠰᠡᠨ ᠮᠥᠩᠭᠥᠨ ᠱᠠᠩᠨᠠᠯ ᠢ ᠹᠠᠱᠢᠰᠲ ᠭᠧᠷᠮᠠᠨ ᠤ ᠡᠭᠦᠰᠬᠡᠭᠰᠡᠨ ᠳᠡᠯᠡᠬᠡᠢ ᠶᠢᠨ 2 ᠍ ᠳᠦᠭᠠᠷ ᠳᠠᠶ᠋ᠢᠨ ᠳᠤ ᠬᠡᠯᠮᠡᠭᠳᠡᠭᠰᠡᠨ ᠯᠧᠨᠢᠨ᠍ᠭ᠌ᠷᠠᠳ᠋ ᠬᠣᠲᠠ ᠶᠢᠨ ᠥᠨᠥᠴᠢᠨ ᠬᠡᠦᠬᠡᠳ ᠦᠳ ᠲᠦ ᠬᠠᠳᠢᠪᠯᠠᠭᠰᠠᠨ ᠪᠣᠯ᠂ ᠵᠥᠪᠯᠡᠯᠲᠦ ᠬᠣᠯᠪᠣᠭᠠᠲᠤ ᠤᠯᠤᠰ ᠦᠨ ᠵᠣᠬᠢᠶᠠᠯᠴᠢᠳ ᠲᠠᠢ ᠬᠠᠮᠲᠤᠷᠠᠨ ᠭᠠᠷᠭᠠᠭᠰᠠᠨ "ᠳ᠋ᠧᠲ᠋ᠰᠻᠠᠶᠠ ᠯᠢᠲ᠋ᠧᠷᠠᠲ᠋ᠦ᠋ᠷᠠ" ᠰᠡᠳᠬᠦᠯ ᠦᠨ ᠢᠢᠡᠨ ᠱᠠᠩᠨᠠᠯ ᠢ ᠠᠮᠧᠷᠢᠻᠠ ᠶᠢᠨ ᠳᠠᠢᠢᠨ ᠳᠦ ᠥᠷᠲᠦᠭᠰᠡᠨ ᠸᠢᠶᠧᠲ᠋ᠨᠠᠮ ᠤᠯᠤᠰ ᠤᠨ ᠥᠨᠥᠴᠢᠨ ᠬᠡᠦᠬᠡᠳ ᠦᠳ ᠲᠦ᠂ ᠭᠠᠳᠠᠭᠠᠳᠤ ᠤᠯᠤᠰ ᠲᠤ ᠬᠡᠪᠯᠡᠭᠦᠯᠦᠭᠰᠡᠨ ᠨᠣᠮ ᠤᠨ ᠢᠢᠠᠨ ᠱᠠᠩᠨᠠᠯ ᠢ ᠮᠣᠩᠭᠣᠯ ᠤᠯᠤᠰ ᠤᠨ ᠢᠢᠠᠨ ᠬᠥᠭᠵᠢᠯ ᠦᠨ ᠲᠥᠯᠥᠭᠡ ᠬᠠᠨᠳᠢᠪᠯᠠᠳᠠᠭ ᠪᠠᠶ᠋ᠢᠵᠠᠢ᠃<ref name=":1" />
ᠨᠡᠶ᠋ᠢᠭᠡᠮ ᠤᠨ ᠵᠢᠳᠬᠦᠯᠲᠡᠨ ᠪ ∙ ᠷᠢᠨᠴᠡᠨ ᠪᠡᠷ ᠲᠤᠬᠠᠢ ᠶᠢᠨ ᠦᠶ᠎ᠡ ᠶᠢᠨ ᠪᠦ᠊᠂ ᠨᠠ᠊᠂ ᠮᠣ᠊᠂ ᠠ᠊᠂ ᠤ᠊᠂ ᠪᠣᠯᠤᠨ ᠵᠥᠪᠯᠡᠯᠲᠦ ᠬᠣᠯᠪᠣᠭᠠᠲᠤ ᠤᠯᠤᠰ ᠤᠨ ᠲᠥᠷᠥ ᠶᠢᠨ ᠲᠡᠷᠢᠭᠦᠨ ᠨᠦᠭᠦᠳ ᠲᠦ ᠥᠪᠡᠷ ᠢ ᠨᠢ ᠭᠦᠳᠬᠡᠨ ᠳᠣᠷᠣᠮᠵᠢᠯᠠᠭᠰᠠᠨ ᠢ ᠡᠰᠡᠷᠭᠦᠴᠡᠵᠦ᠂ ᠮᠥᠨ ᠨᠡᠶ᠋ᠢᠭᠡᠮ ᠳᠦ ᠪᠠᠶ᠋ᠢᠭ᠎ᠠ ᠭᠠᠵᠢᠭᠤᠳᠠᠯ ᠤᠨ ᠲᠠᠯ᠎ᠠ ᠪᠠᠷ ᠵᠠᠬᠢᠳᠠᠯ ᠪᠢᠴᠢᠨ ᠴᠠᠭ ᠦᠶ᠎ᠡ ᠪᠡᠨ ᠰᠢᠭᠦᠮᠵᠢᠯᠡᠵᠦ ᠪᠠᠶ᠋ᠢᠪᠠ᠃<ref name=":2" />
ᠪᠦ᠊᠂ ᠨᠠ᠊᠂ ᠮᠣ᠊᠂ ᠠ᠊᠂ ᠤ᠊᠂ ᠲᠤ ᠮᠣᠩᠭᠤᠯ ᠪᠢᠴᠢᠭ ‍ᠢ ᠬᠠᠯᠠᠵᠤ ᠬᠠᠷᠢ ᠣᠷᠤᠰ ᠻᠢᠷᠢᠯᠯ ᠪᠢᠴᠢᠭ ᠲᠦ ᠰᠢᠯᠵᠢᠭᠰᠡᠨ ᠶᠠᠪᠤᠳᠠᠯ ᠳ᠋ᠤ ᠳ᠋ᠣᠻᠲ᠋ᠣᠷ ᠷᠢᠨᠴᠡᠨ ᠨᠡᠩ ᠬᠠᠷᠠᠭᠤᠰᠴᠤ᠂ 1956 ᠣᠨ ᠤ XII ᠰᠠᠷ᠎ᠠ ᠳᠤ ᠵᠥᠪᠯᠡᠯᠲᠦ ᠬᠣᠯᠪᠣᠭᠠᠲᠤ ᠤᠯᠤᠰ ᠤᠨ ᠻᠣᠮᠮᠦ᠋ᠨᠢᠰᠲ ᠨᠠᠮ ᠤᠨ ᠲᠥᠪ ᠬᠣᠷᠢᠶᠠᠨ ᠤ ᠨᠢᠭᠡᠳᠦᠭᠡᠷ ᠨᠠᠷᠢᠨ ᠪᠢᠴᠢᠭ ᠦᠨ ᠳᠠᠷᠤᠭ᠎ᠠ ᠨᠢᠻᠢᠲ᠋ᠠ ᠬᠷᠦ᠋ᠱᠶᠣᠹ ᠳᠦ ᠵᠠᠬᠢᠳᠠᠯ ᠪᠢᠴᠢᠵᠦ᠂ ᠮᠣᠩᠭᠣᠯ ᠬᠡᠯᠡᠨ ᠦ ᠠᠪᠢᠶᠠᠯᠠᠪᠤᠷᠢ ᠳᠤ ᠣᠷᠣᠰ ᠦᠰᠦᠭ ᠲᠠᠭᠠᠷᠠᠬᠤ ᠦᠭᠡᠢ ᠪᠠᠶ᠋ᠢᠨ᠎ᠠ᠃ ᠨᠢᠭᠡ ᠮᠢᠨᠦ᠋ᠲ ᠲᠤ ᠵᠠᠭᠤᠨ ᠦᠭᠡ ᠲᠡᠮᠳᠡᠭᠯᠡᠵᠦ ᠴᠢᠳᠠᠳᠠᠭ ᠮᠣᠩᠭᠣᠯ ᠪᠢᠴᠢᠭ ᠢ ᠡᠭᠡᠳᠡᠷᠡᠭᠡ ᠲᠡᠢ᠂ ᠬᠡᠴᠡᠭᠦᠦ᠂ ᠬᠠᠭᠤᠴᠢᠷᠠᠭᠰᠠᠨ ᠭᠡᠬᠦ ᠮᠡᠲᠦ ᠶᠢᠨ ᠶᠠᠷᠢᠶ᠎ᠠ ᠨᠢ ᠰᠢᠨᠵᠢᠯᠡᠬᠦ ᠤᠬᠠᠭᠠᠨ ᠳᠤ ᠬᠠᠷᠰᠢ᠂ ᠪᠠᠯᠠᠢ ᠵᠦᠢᠯ ᠳᠠᠷᠤᠢ ᠮᠥᠨ ᠭᠡᠬᠦ ᠵᠡᠷᠭᠡ ᠪᠡᠷ ᠡᠬᠡ ᠮᠣᠩᠭᠣᠯ ᠪᠢᠴᠢᠭ ᠢᠢᠡᠨ ᠥᠮᠦᠭᠡᠯᠡᠨ᠂ ᠰᠡᠷᠭᠦᠭᠡᠬᠦ ᠳᠦ ᠳᠡᠮᠵᠢᠯᠭᠡ ᠡᠷᠢᠵᠦ ᠪᠠᠶ᠋ᠢᠵᠠᠢ᠃<ref name=":3">ᠷᠢᠨᠴᠡᠨ ᠪᠠᠭᠰᠢ ‍ᠢᠢᠨ ᠮᠣᠩᠭᠤᠯ ᠪᠢᠴᠢᠭ ‍ᠢᠢᠡᠨ ᠠᠪᠴᠤ ᠦᠯᠡᠳᠡᠭᠰᠡᠨ ᠲᠡᠦᠬᠡ᠃ "ᠲᠣᠯᠤᠭᠠᠢᠯᠠᠭᠴᠢ" ᠰᠡᠳᠬᠦᠯ 2016. https://www.tolgoilogch.mn/_rz0lbilwgd/al</ref>
ᠥᠪᠥᠷ ᠮᠣᠩᠭᠣᠯ ᠳᠤ ᠣᠷᠤᠰ ᠻᠢᠷᠢᠯᠯ ᠦᠰᠦᠭ ᠲᠦ ᠰᠢᠯᠵᠢᠬᠦ ᠪᠡᠯᠡᠳᠬᠡᠯ ᠠᠵᠢᠯ 1947 ᠣᠨ ᠠᠴᠠ ᠡᠬᠢᠯᠡᠵᠦᠬᠦᠢ᠃ ᠳ᠋ᠣᠻᠲ᠋ᠣᠷ ᠷᠢᠨᠴᠡᠨ 1956 ᠣᠨ ᠤ ᠡᠬᠢ ᠪᠡᠷ ᠥᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶᠠᠨ ᠤ ᠳᠠᠷᠤᠭ᠎ᠠ ᠡᠷᠳᠡᠨᠢᠲᠤᠭᠲᠠᠬᠤ᠂ ᠳᠡᠳ᠋ ᠶᠡᠷᠦᠩᠬᠡᠢ ᠨᠠᠶ᠋ᠢᠷᠠᠭᠤᠯᠤᠭᠴᠢ ᠰᠣᠳᠨᠠᠮᠵᠠᠮᠴᠣ ᠬᠣᠶᠠᠷ ᠲᠤ ᠲᠤᠰᠬᠠᠶ᠋ᠢᠯᠠᠨ ᠵᠠᠬᠢᠳᠠᠯ ᠪᠢᠴᠢᠭᠰᠡᠨ ᠪᠠᠶ᠋ᠢᠨ᠎ᠠ᠃ ᠲᠡᠷᠡᠬᠦᠦ ᠵᠠᠬᠢᠳᠠᠯ ᠳᠤ ᠪᠠᠨ ᠵᠥᠪᠯᠡᠯᠲᠦ ᠬᠣᠯᠪᠤᠭᠠᠲᠤ ᠤᠯᠤᠰ ‍ᠤᠨ ᠲᠥᠯᠦᠭᠡᠯᠡᠭᠴᠢᠳ ‍ᠦᠨ ᠢᠳᠬᠠᠯᠭ᠎ᠠ ᠳᠤ ᠠᠪᠲᠠᠯ ᠦᠭᠡᠢ᠂ ᠮᠣᠩᠭᠣᠯᠴᠤᠳ ᠤᠨ ᠰᠤᠶᠤᠯ ᠤᠨ ᠳᠠᠪᠲᠠᠭᠳᠠᠰᠢ ᠦᠭᠡᠢ ᠥᠪ ᠪᠢᠴᠢᠭ ᠢᠢᠡᠨ ᠰᠣᠯᠢᠬᠤ ᠦᠭᠡᠢ ᠪᠠᠶ᠋ᠢᠬᠤ ᠪᠦᠬᠦ ᠲᠠᠯ᠎ᠠ ᠶᠢᠨ ᠠᠷᠭ᠎ᠠ ᠰᠦᠪᠡᠭᠴᠢᠯᠡᠬᠦ ᠶᠢ ᠬᠢᠴᠢᠶᠡᠩᠭᠦᠶ᠋ᠢᠯᠡᠨ ᠭᠤᠶᠤᠭᠰᠠᠨ ᠪᠠᠶ᠋ᠢᠵᠠᠢ᠃ 1957 ᠣᠨ ᠳᠤ ᠷᠢᠨᠴᠡᠨ ᠳ᠋ᠻᠺᠲ᠋ᠣᠷ ᠬᠥᠬᠡ ᠬᠣᠲᠠ ᠳ᠋ᠤ ᠣᠴᠢᠵᠤ ᠥᠪᠥᠷ ᠮᠣᠩᠭᠣᠯ ᠤᠨ ᠪᠠᠭᠰᠢ ᠶᠢᠨ ᠳᠡᠭᠡᠳᠦ ᠰᠤᠷᠭᠠᠭᠤᠯᠢ᠂ ᠰᠢᠨᠡᠬᠡᠨ ᠪᠠᠶ᠋ᠢᠭᠤᠯᠤᠭᠳᠠᠭᠰᠠᠨ ᠥᠪᠥᠷ ᠮᠣᠩᠭᠣᠯ ᠤᠨ ᠶᠡᠬᠡ ᠰᠤᠷᠭᠠᠭᠤᠯᠢ ᠶᠢᠨ ᠪᠠᠭᠰᠢ ᠨᠠᠷ ᠲᠤ ᠮᠣᠩᠭᠣᠯᠴᠤᠳ ᠤᠨ ᠬᠡᠯᠡ ᠰᠣᠶᠣᠯ ᠤᠨ ᠲᠠᠯ᠎ᠠ ᠪᠠᠷ ᠯᠧᠻᠼᠢ ᠤᠩᠰᠢᠬᠤ ᠦᠶᠡᠰ ᠳᠦ ᠪᠡᠨ ᠥᠪᠡᠷᠲᠡᠭᠡᠨ ᠵᠠᠰᠠᠬᠤ ᠣᠷᠣᠨ ᠤ ᠳᠡᠳ᠋ ᠲᠡᠷᠢᠭᠦᠯᠡᠭᠴᠢ ᠬᠠᠹᠦᠩᠭ᠎ᠠ ᠳᠤ ᠪᠠᠷᠠᠭᠠᠯᠬᠠᠵᠤ ᠮᠣᠩᠭᠣᠯ ᠪᠢᠴᠢᠭ ᠢᠢᠡᠨ ᠬᠠᠳᠠᠭᠠᠯᠠᠵᠤ ᠦᠯᠡᠳᠡᠭᠡᠬᠦ ᠲᠤᠬᠠᠢ ᠪᠠᠰᠠ ᠯᠠ ᠶᠠᠷᠢᠵᠠᠢ᠃ ᠪᠠᠷᠠᠭᠠᠯᠬᠠᠬᠤ ᠦᠶ᠎ᠡ ᠪᠡᠷ ᠬᠠᠹᠦᠩᠭ᠎ᠠ ᠳᠡᠳ᠋ ᠲᠡᠷᠢᠭᠦᠯᠡᠭᠴᠢ᠂ ᠌"ᠪᠢᠳᠡ ᠣᠷᠣᠰᠵᠢᠨ ᠦᠰᠦᠭ ᠢ ᠠᠪᠬᠤ ᠪᠠᠨ ᠪᠣᠯᠢᠵᠤ ᠮᠣᠩᠭᠣᠯ ᠪᠢᠴᠢᠭ ᠢᠢᠡᠨ ᠴᠢᠨᠠᠭᠰᠢᠳᠠ ᠬᠡᠷᠡᠭᠯᠡᠬᠦ ᠪᠡᠷ ᠪᠣᠯᠵᠤ ᠪᠠᠶ᠋ᠢᠭ᠎ᠠ" ᠬᠡᠮᠡᠨ ᠮᠡᠳᠡᠭᠳᠡᠵᠡᠢ᠃ ᠲᠡᠭᠦᠨ ᠢ ᠰᠣᠨᠣᠰᠤᠭᠰᠠᠨ ᠷᠢᠨᠴᠡᠨ ᠳ᠋ᠣᠻᠲ᠋ᠣᠷ ᠶᠡᠬᠡᠳᠡ ᠪᠠᠶᠠᠷᠯᠠᠨ᠂ "ᠵᠠ᠂ ᠪᠢ ᠲᠠᠨ ᠳ᠋ᠤ ᠯᠠ ᠨᠠᠶ᠋ᠢᠳᠠᠵᠤ ᠪᠠᠶ᠋ᠢᠨ᠎ᠠ" ᠬᠡᠮᠡᠵᠦ᠂ ᠭᠦᠨ ᠲᠠᠯᠠᠷᠬᠠᠯ ᠢᠯᠡᠷᠬᠡᠶ᠋ᠢᠯᠡᠵᠡᠢ᠃<ref name=":3" /> ᠥᠪᠥᠷ ᠮᠣᠩᠭᠣᠯ ᠳᠤ ᠻᠢᠷᠢᠯ ᠦᠰᠦᠭ ᠬᠡᠷᠡᠭᠯᠡᠬᠦ ᠲᠥᠯᠦᠪᠯᠡᠭᠡ 1958 ᠣᠨ ᠠᠴᠠ ᠴᠤᠴᠠᠯᠠᠭᠳᠠᠭᠰᠠᠨ ᠪᠠᠶ᠋ᠢᠨ᠎ᠠ᠃


=ᠰᠤᠳᠤᠯᠭ᠍ᠠ᠋ ᠰᠢᠨᠵᠢᠯᠡᠭᠡ=
=ᠰᠤᠳᠤᠯᠭ᠍ᠠ᠋ ᠰᠢᠨᠵᠢᠯᠡᠭᠡ=
82

edits