837
edits
(Edit) |
(Edit) |
||
37-р мөр: | 37-р мөр: | ||
ᠻᠸᠠᠨ᠍ᠲ ᠰᠦᠯᠡᠯᠳᠦᠭᠡᠨ ᠳ᠋ᠦ ᠣᠷᠤᠰᠢᠬᠤ ᠬᠣᠶᠠᠷ ᠪᠥᠭᠡᠮ ᠦᠨ ᠨᠢᠭᠡ ᠶ᠋᠋ᠢᠨ ᠨᠢ ᠲᠥᠯᠦᠪ ᠢ ᠬᠡᠮᠵᠢᠬᠦ ᠳ᠋ᠦ᠂ ᠨᠥᠭᠦᠭᠡ ᠪᠥᠭᠡᠮ ᠦᠨ ᠲᠥᠯᠦᠪ ᠭᠱᠠᠨ ᠵᠠᠭᠤᠷ᠎ᠠ ᠥᠭᠡᠷᠡᠴᠢᠯᠡᠭᠳᠡᠵᠦ ᠪᠣᠯᠬᠤ ᠴᠤ ᠲᠡᠷᠡ ᠪᠥᠭᠡᠮ ᠦᠨ ᠥᠭᠭᠦᠭᠳᠡᠯ ᠢ ᠰᠢᠯᠭᠠᠭᠰᠠᠨ ᠪᠠᠶ᠋᠋ᠢᠷᠢᠰᠢᠯ ᠡᠴᠡ ᠡᠬᠢᠨ ᠦ ᠪᠥᠭᠡᠮ ᠦᠨ ᠪᠠᠶ᠋᠋ᠢᠷᠢᠰᠢᠯ ᠳ᠋ᠤ ᠳᠠᠮᠵᠢᠭᠤᠯᠬᠤ ᠶ᠋᠋ᠢᠨ ᠲᠤᠯᠠᠳᠠ ᠷᠠᠳᠢᠣ᠋ ᠬᠣᠯᠪᠤᠭ᠎ᠠ ᠭᠡᠬᠦᠴᠢᠯᠡᠨ ᠭᠠᠷᠴᠠᠭ᠎ᠠ ᠦᠭᠡᠢ ᠭᠡᠷᠡᠯ ᠦᠨ ᠬᠤᠷᠳᠤ ᠲᠠᠢ ᠪᠤᠶᠤ ᠲᠡᠭᠦᠨ ᠡᠴᠡ ᠪᠠᠭ᠎ᠠ ᠬᠤᠷᠳᠤ ᠲᠠᠢ ᠮᠡᠳᠡᠭᠡᠯᠡᠯ ᠳᠠᠮᠵᠢᠭᠤᠯᠬᠤ ᠠᠷᠭ᠎ᠠ ᠶ᠋᠋ᠢ ᠬᠡᠷᠡᠭᠯᠡᠬᠦ ᠪᠣᠯᠤᠨ᠎ᠠ᠃ | ᠻᠸᠠᠨ᠍ᠲ ᠰᠦᠯᠡᠯᠳᠦᠭᠡᠨ ᠳ᠋ᠦ ᠣᠷᠤᠰᠢᠬᠤ ᠬᠣᠶᠠᠷ ᠪᠥᠭᠡᠮ ᠦᠨ ᠨᠢᠭᠡ ᠶ᠋᠋ᠢᠨ ᠨᠢ ᠲᠥᠯᠦᠪ ᠢ ᠬᠡᠮᠵᠢᠬᠦ ᠳ᠋ᠦ᠂ ᠨᠥᠭᠦᠭᠡ ᠪᠥᠭᠡᠮ ᠦᠨ ᠲᠥᠯᠦᠪ ᠭᠱᠠᠨ ᠵᠠᠭᠤᠷ᠎ᠠ ᠥᠭᠡᠷᠡᠴᠢᠯᠡᠭᠳᠡᠵᠦ ᠪᠣᠯᠬᠤ ᠴᠤ ᠲᠡᠷᠡ ᠪᠥᠭᠡᠮ ᠦᠨ ᠥᠭᠭᠦᠭᠳᠡᠯ ᠢ ᠰᠢᠯᠭᠠᠭᠰᠠᠨ ᠪᠠᠶ᠋᠋ᠢᠷᠢᠰᠢᠯ ᠡᠴᠡ ᠡᠬᠢᠨ ᠦ ᠪᠥᠭᠡᠮ ᠦᠨ ᠪᠠᠶ᠋᠋ᠢᠷᠢᠰᠢᠯ ᠳ᠋ᠤ ᠳᠠᠮᠵᠢᠭᠤᠯᠬᠤ ᠶ᠋᠋ᠢᠨ ᠲᠤᠯᠠᠳᠠ ᠷᠠᠳᠢᠣ᠋ ᠬᠣᠯᠪᠤᠭ᠎ᠠ ᠭᠡᠬᠦᠴᠢᠯᠡᠨ ᠭᠠᠷᠴᠠᠭ᠎ᠠ ᠦᠭᠡᠢ ᠭᠡᠷᠡᠯ ᠦᠨ ᠬᠤᠷᠳᠤ ᠲᠠᠢ ᠪᠤᠶᠤ ᠲᠡᠭᠦᠨ ᠡᠴᠡ ᠪᠠᠭ᠎ᠠ ᠬᠤᠷᠳᠤ ᠲᠠᠢ ᠮᠡᠳᠡᠭᠡᠯᠡᠯ ᠳᠠᠮᠵᠢᠭᠤᠯᠬᠤ ᠠᠷᠭ᠎ᠠ ᠶ᠋᠋ᠢ ᠬᠡᠷᠡᠭᠯᠡᠬᠦ ᠪᠣᠯᠤᠨ᠎ᠠ᠃ | ||
=ᠨᠡᠷ ᠡ᠋ ᠲᠣᠮᠢᠶᠠᠯᠠᠯ= | = ᠲᠤᠷᠰᠢᠯᠲᠠ ᠰᠤᠳᠤᠯᠭᠠᠨ ᠡᠴᠡ = | ||
ᠠᠯᠶ᠋᠋ᠢᠨ ᠠᠰᠫᠢᠻᠲ<sup>Alain Aspect</sup>᠂ ᠵᠣᠾᠨ ᠻᠯᠠᠦᠰᠢᠷ<sup>John Clauser</sup>᠂ ᠠᠨ᠍ᠲ᠋ᠣᠨ ᠽᠠᠶ᠋᠋ᠢᠯᠢᠨᠭᠡᠷ<sup>Anton Zeilinger</sup> ᠨᠠᠷ ᠻᠸᠠᠨ᠍ᠲ ᠰᠦᠯᠡᠯᠳᠦᠭᠡᠨ ᠦ ᠴᠢᠭᠯᠡᠯ ᠢᠢᠡᠷ ᠬᠢᠭᠰᠡᠨ ᠠᠵᠢᠯ ᠢᠢᠠᠷ ᠢᠢᠠᠨ 2022 ᠣᠨ ᠤ ᠨᠣᠪᠧᠯ ᠤᠨ ᠱᠠᠩᠨᠠᠯ ᠬᠦᠷᠲᠡᠭᠰᠡᠨ ᠪᠢᠯᠡ᠃ ᠡᠳᠡᠭᠡᠷ ᠡᠷᠳᠡᠮᠲᠡᠨ ᠦ ᠲᠤᠷᠰᠢᠯᠲᠠ ᠰᠤᠳᠤᠯᠭ᠎ᠠ ᠨᠢ ᠻᠸᠠᠨ᠍ᠲ ᠲᠦᠪᠰᠢᠨ ᠳᠦ ᠡᠭᠡᠯ ᠪᠥᠭᠡᠮᠰ ᠦᠨ ᠵᠠᠩ ᠴᠢᠨᠠᠷ ᠢ ᠲᠠᠨᠢᠨ ᠮᠡᠳᠡᠬᠦ ᠳᠦ ᠴᠢᠬᠤᠯᠠ ᠬᠤᠪᠢ ᠨᠡᠮᠡᠷᠢ ᠪᠣᠯᠤᠭᠰᠠᠨ ᠲᠡᠳᠦᠢ ᠦᠭᠡᠢ ᠻᠸᠠᠨ᠍ᠲ ᠲᠣᠭᠠᠴᠠᠭᠠᠯᠠᠯ᠂ ᠨᠢᠭᠤᠴᠠ ᠪᠢᠴᠢᠭᠯᠡᠯ ᠳᠦ (cryptography) ᠳᠣᠷᠪᠢᠲᠠᠢ ᠨᠦᠯᠦᠭᠡᠯᠡᠬᠦ ᠠᠴᠢ ᠬᠣᠯᠪᠣᠭᠳᠠᠯ ᠲᠠᠢ ᠠᠵᠢᠯ ᠪᠣᠯᠤᠭᠰᠠᠨ᠃ ᠡᠨᠡ ᠭᠤᠷᠪᠠᠨ ᠡᠷᠳᠡᠮᠲᠡᠨ ᠦ ᠰᠤᠳᠤᠯᠭ᠎ᠠ ᠻᠸᠠᠨ᠍ᠲ ᠮᠧᠬᠠᠨᠢᠭ ᠤᠨ ᠬᠠᠴᠢᠷᠬᠠᠯᠲᠠᠢ ᠣᠨᠣᠯ ᠤᠨ ᠮᠥᠷᠳᠡᠯᠭᠡ ᠨᠦᠭᠦᠳ ᠢ ᠪᠠᠲᠤᠯᠠᠭᠰᠠᠨ ᠤ ᠳᠡᠭᠡᠷ᠎ᠡ ᠪᠠᠶ᠋ᠢᠭᠠᠯ ᠤᠨ ᠰᠠᠭᠤᠷᠢ ᠦᠨᠡᠨ ᠢ ᠻᠸᠠᠨ᠍ᠲ ᠲᠦᠪᠰᠢᠨ ᠳᠦ ᠰᠤᠳᠤᠯᠵᠤ ᠰᠢᠨᠵᠢᠯᠡᠬᠦ ᠰᠢᠨ᠎ᠡ ᠴᠢᠭᠯᠡᠯ ᠦᠳ ᠢ ᠨᠡᠭᠡᠭᠡᠵᠦ ᠥᠭᠭᠦᠭᠰᠡᠨ ᠪᠠᠶ᠋ᠢᠨ᠎ᠠ᠃ | |||
ᠡᠳᠡᠭᠡᠷ ᠡᠴᠡ ᠵᠣᠾᠨ ᠻᠯᠠᠦᠰᠢᠷ<sup>John Clauser</sup> ᠍ ᠤᠨ ᠰᠤᠳᠤᠯᠭ᠎ᠠ ᠪᠧᠯᠯ ᠦᠨ ᠲᠡᠩᠴᠡᠳᠬᠡᠯ ᠪᠢᠰᠢ ᠶᠢ (Bell inequalities) ᠲᠤᠷᠰᠢᠯᠲᠠ ᠪᠠᠷ ᠰᠢᠯᠭᠠᠬᠤ ᠰᠠᠭᠤᠷᠢ ᠶᠢ ᠲᠠᠯᠪᠢᠭᠰᠠᠨ. ᠪᠧᠯᠯ ᠦᠨ ᠲᠡᠩᠴᠡᠳᠬᠡᠯ ᠪᠢᠰᠢ ᠨᠢ ᠰᠦᠯᠡᠯᠳᠦᠭᠰᠡᠨ ᠪᠥᠭᠡᠮᠰ ᠦᠨ ᠬᠡᠮᠵᠢᠯᠲᠡ ᠶᠢᠨ ᠤᠶᠠᠯᠳᠤᠭ᠎ᠠ ᠻᠣᠷᠷᠧᠯᠠᠼ ᠢ ᠳᠦᠷᠰᠦᠯᠡᠭᠰᠡᠨ ᠮᠠᠲ᠋ᠧᠮᠠᠲ᠋ᠢᠻ ᠢᠯᠡᠷᠬᠡᠶ᠋ᠢᠯᠡᠯ ᠪᠢᠯᠡ᠃ ᠲᠡᠭᠦᠨ ᠦ ᠲᠤᠷᠰᠢᠯᠲᠠ ᠨᠤᠭᠤᠳ ᠨᠢ ᠻᠸᠠᠨ᠍ᠲ ᠮᠧᠬᠠᠨᠢᠭ ᠤᠨ ᠪᠠᠶ᠋᠋ᠢᠷᠢᠨ ᠪᠤᠰᠤ (non-local) ᠴᠢᠨᠠᠷ ᠢ ᠪᠠᠲᠤᠯᠠᠬᠤ ᠳᠤ ᠰᠢᠢᠳᠪᠦᠷᠢᠯᠡᠬᠦ ᠠᠴᠢ ᠬᠣᠯᠪᠣᠭᠳᠠᠯ ᠲᠠᠢ᠃ ᠡᠨᠡ ᠨᠢ ᠪᠥᠭᠡᠮᠰ ᠰᠣᠩᠭᠣᠳᠠᠭ ᠹᠢᠽᠢᠻ ᠦᠨ ᠡᠭᠦᠳᠡᠨ ᠡᠴᠡ ᠲᠠᠶ᠋ᠢᠯᠪᠤᠷᠢᠯᠠᠬᠤ ᠪᠣᠯᠤᠮᠵᠢ ᠦᠭᠡᠢ ᠠᠷᠭ᠎ᠠ ᠵᠠᠮ ᠢᠢᠠᠷ ᠬᠠᠷᠢᠯᠴᠠᠨ ᠬᠣᠯᠪᠣᠭᠳᠠᠭᠰᠠᠨ ᠪᠠᠶ᠋ᠢᠵᠤ ᠪᠣᠯᠤᠨ᠎ᠠ ᠭᠡᠰᠡᠨ ᠦᠭᠡ᠃ | |||
ᠠᠯᠶ᠋᠋ᠢᠨ ᠠᠰᠫᠢᠻᠲ<sup>Alain Aspect</sup> ᠍ ᠤᠨ 1980 ᠍ ᠊ᠭᠠᠳ ᠣᠨ ᠤ ᠦᠶ᠎ᠡ ᠶᠢᠨ ᠲᠤᠷᠰᠢᠯᠲᠠ ᠻᠸᠠᠨ᠍ᠲ ᠰᠦᠯᠡᠯᠳᠦᠭᠡᠨ ᠦ ᠬᠠᠮᠤᠭ ᠤᠨ ᠲᠣᠳᠣᠷᠬᠠᠢ ᠨᠣᠲᠠᠯᠠᠭ᠎ᠠ ᠪᠣᠯᠤᠭᠰᠠᠨ᠃ ᠡᠨᠡ ᠡᠷᠳᠡᠮᠲᠡᠨ ᠻᠯᠠᠦᠰᠢᠷ ᠦᠨ<sup>Clauser</sup> ᠰᠠᠨᠠᠭᠠᠨ ᠨᠤᠭᠤᠳ ᠲᠤ ᠲᠤᠯᠭᠠᠭᠤᠷᠢᠯᠠᠨ ᠲᠤᠷᠰᠢᠯᠲᠠ ᠬᠢᠬᠦ ᠳᠦ ᠪᠡᠨ ᠲᠤᠷᠰᠢᠯᠲᠠ ᠶᠢᠨ ᠢᠯᠡᠭᠦᠦ ᠪᠣᠯᠪᠠᠰᠤᠷᠠᠩᠭᠤᠢ ᠠᠷᠭ᠎ᠠ ᠪᠠᠷᠢᠯ ᠢᠢᠠᠷ᠂ ᠪᠣᠯᠵᠣᠰᠢ ᠦᠭᠡᠢ ᠠᠯᠳᠠᠭ᠎ᠠ ᠶᠢ ᠬᠠᠰᠤᠬᠤ ᠪᠠᠶ᠋ᠢᠳᠠᠯ ᠢᠢᠠᠷ ᠬᠢᠵᠦ᠂ ᠻᠸᠠᠨ᠍ᠲ ᠮᠧᠬᠠᠨᠢᠭ ᠤᠨ ᠮᠥᠷᠳᠡᠯᠭᠡ ᠨᠦᠭᠦᠳ ᠢ ᠪᠠᠲᠤᠯᠠᠭᠰᠠᠨ ᠪᠢᠯᠡ᠃ ᠠᠯᠶ᠋᠋ᠢᠨ ᠠᠰᠫᠢᠻᠲ<sup>Alain Aspect</sup> ᠍ ᠤᠨ ᠪᠠᠭ ᠪᠧᠯᠯ ᠦᠨ ᠲᠡᠩᠴᠡᠳᠬᠡᠯ ᠪᠢᠰᠢ ᠶᠢ ᠲᠤᠷᠰᠢᠯᠲᠠ ᠶᠢᠨ ᠠᠷᠭ᠎ᠠ ᠪᠠᠷ ᠰᠢᠯᠭᠠᠭᠰᠠᠨ ᠪᠠ ᠰᠦᠯᠡᠯᠳᠦᠭᠡᠨ ᠳᠦ ᠤᠷᠤᠰᠢᠬᠤ ᠪᠥᠭᠡᠮᠰ ᠦᠨ ᠬᠠᠷᠢᠯᠴᠠᠨ ᠤᠶᠠᠯᠳᠤᠭ᠎ᠠ ᠨᠢ ᠰᠣᠩᠭᠣᠳᠠᠭ ᠹᠢᠽᠢᠻ ᠦᠨ ᠬᠦᠷᠢᠶᠡᠨ ᠦ ᠲᠥᠰᠥᠭᠡᠯᠡᠯ ᠡᠴᠡ ᠬᠦᠴᠦᠲᠡᠢ ᠤᠶᠠᠯᠳᠤᠭ᠎ᠠ ᠪᠠᠶ᠋ᠢᠳᠠᠭ ᠢ ᠪᠠᠲᠤᠯᠠᠭᠰᠠᠨ᠃ | |||
ᠠᠯᠶ᠋᠋ᠢᠨ ᠠᠰᠫᠢᠻᠲ<sup>Alain Aspect</sup> ᠲᠤᠷᠰᠢᠯᠲᠠ ᠪᠠᠷ ᠢᠢᠠᠨ ᠫᠾᠣᠲᠣᠨ ᠭᠡᠬᠦ ᠮᠡᠲᠦ ᠪᠥᠭᠡᠮᠰ ᠢ ᠰᠦᠯᠡᠯᠳᠦᠭᠦᠯᠦᠭᠡᠳ᠂ ᠲᠡᠳᠡᠭᠡᠷ ᠦᠨ ᠲᠤᠶ᠋ᠢᠯᠰᠢᠷᠠᠯ ᠭᠡᠬᠦ ᠮᠡᠲᠦ ᠲᠣᠳᠣᠷᠬᠠᠢ ᠦᠵᠡᠭᠦᠯᠦᠯᠲᠡ ᠨᠦᠭᠦᠳ ᠢ ᠬᠡᠮᠵᠢᠵᠡᠢ᠃ ᠰᠦᠯᠡᠯᠳᠦᠭᠰᠡᠨ ᠪᠥᠭᠡᠮᠰ ᠦᠨ ᠬᠡᠮᠵᠢᠯᠲᠡ ᠨᠦᠭᠦᠳ ᠢ ᠬᠠᠷᠢᠴᠠᠭᠤᠯᠵᠤ ᠦᠵᠡᠭᠡᠳ᠂ ᠪᠧᠯᠯ ᠦᠨ ᠲᠡᠩᠴᠡᠳᠬᠡᠯ ᠪᠢᠰᠢ ᠪᠡᠷ ᠲᠣᠭᠲᠠᠭᠰᠠᠨ ᠬᠢᠵᠠᠭᠠᠷ ᠢ ᠵᠥᠷᠢᠴᠡᠭᠰᠡᠨ ᠬᠠᠷᠢᠯᠴᠠᠨ ᠤᠶᠠᠯᠳᠤᠭ᠎ᠠ ᠠᠵᠢᠭᠯᠠᠯᠳᠤᠵᠤ ᠪᠠᠶ᠋ᠢᠭ᠎ᠠ ᠶᠢ ᠦᠵᠡᠭᠦᠯᠦᠭᠰᠡᠨ᠃ ᠡᠭᠦᠪᠡᠷ᠂ ᠰᠦᠯᠡᠯᠳᠦᠭᠰᠡᠨ ᠪᠥᠭᠡᠮᠰ ᠦᠨ ᠦᠵᠡᠭᠳᠡᠯ ᠢ ᠳᠠᠩ ᠰᠣᠩᠭᠣᠳᠠᠭ ᠹᠢᠽᠢᠻ ᠦᠨ ᠡᠭᠦᠳᠡᠨ ᠡᠴᠡ ᠲᠠᠶ᠋ᠢᠯᠪᠤᠷᠢᠯᠠᠬᠤ ᠪᠣᠯᠤᠮᠵᠢ ᠦᠭᠡᠢ ᠶᠢ ᠬᠠᠷᠠᠭᠤᠯᠵᠤ᠂ ᠻᠸᠠᠨ᠍ᠲ ᠮᠧᠬᠠᠨᠢᠭ ᠤᠨ ᠮᠥᠷᠳᠡᠯᠭᠡ ᠨᠦᠭᠦᠳ ᠢ ᠪᠠᠲᠤᠯᠠᠭᠰᠠᠨ ᠪᠠᠶ᠋ᠢᠨ᠎ᠠ᠃ | |||
ᠠᠨ᠍ᠲ᠋ᠣᠨ ᠽᠠᠶ᠋᠋ᠢᠯᠢᠨᠭᠡᠷ<sup>Anton Zeilinger</sup> ᠳᠡᠭᠡᠷᠡᠬᠢ ᠠᠵᠢᠯ ᠤᠨ ᠣᠯᠤᠯᠲᠠ ᠳᠤ ᠰᠠᠭᠤᠷᠢᠯᠠᠵᠤ᠂ ᠲᠤᠷᠰᠢᠯᠲᠠ ᠶᠢᠨ ᠬᠦᠷᠢᠢ᠎ᠡ ᠶᠢ ᠲᠡᠯᠡᠵᠦ᠂ ᠻᠸᠠᠨ᠍ᠲ ᠰᠦᠯᠡᠯᠳᠦᠭᠡᠨ ᠦ ᠬᠢᠯᠢ ᠬᠢᠵᠠᠭᠠᠷ ᠢ ᠥᠷᠭᠡᠳᠬᠡᠭᠰᠡᠨ ᠪᠠᠶ᠋ᠢᠨ᠎ᠠ. ᠻᠸᠠᠨ᠍ᠲ ᠰᠦᠯᠡᠯᠳᠦᠭᠡᠨ ᠢ ᠢᠯᠡᠭᠦᠦ ᠬᠣᠯᠠ ᠵᠠᠢ ᠳᠤ ᠲᠤᠷᠰᠢᠵᠤ᠂ ᠲᠤᠷᠰᠢᠯᠲᠠᠨ ᠳᠤ ᠪᠠᠨ ᠭᠡᠷᠡᠯ ᠦᠨ ᠪᠥᠭᠡᠮᠰ ᠪᠣᠯᠬᠤ ᠫᠾᠣᠲ᠋ᠣᠨ᠂ ᠲᠡᠷᠡ ᠪᠠᠶ᠋ᠢᠲᠤᠭᠠᠢ ᠮᠣᠯᠧᠻᠤᠯ ᠵᠡᠷᠭᠡ ᠨᠡᠶ᠋ᠢᠯᠡᠮᠡᠯ ᠪᠥᠭᠡᠮᠰ ᠢ ᠬᠠᠮᠤᠷᠤᠭᠤᠯᠵᠠᠢ᠃ | |||
ᠽᠠᠶ᠋᠋ᠢᠯᠢᠨᠭᠡᠷ<sup>Zeilinger</sup> ᠍ ᠤᠨ ᠰᠤᠳᠤᠯᠭᠠᠨ ᠤ ᠨᠢᠭᠡᠨ ᠣᠨᠴᠠᠭᠤᠢ ᠣᠯᠤᠯᠲᠠ ᠨᠢ ᠻᠸᠠᠨ᠍ᠲ ᠲᠧᠯᠧᠫᠣᠷᠲ᠋ᠠᠼ<sup>teleportation</sup> ᠍ ᠦᠨ ᠲᠤᠷᠰᠢᠯᠲᠠ ᠪᠣᠯᠤᠨ᠎ᠠ᠃ ᠡᠨᠡ ᠨᠢ ᠪᠥᠭᠡᠮ ᠢ ᠥᠪᠡᠷ ᠢ ᠨᠢ ᠵᠥᠭᠡᠬᠦ ᠱᠠᠭᠠᠷᠳᠠᠯᠭ᠎ᠠ ᠦᠭᠡᠢ ᠪᠡᠷ ᠵᠥᠪᠬᠡᠨ ᠲᠡᠭᠦᠨ ᠦ ᠻᠸᠠᠨ᠍ᠲ ᠲᠥᠯᠥᠪ ᠢ ᠠᠯᠤᠰᠯᠠᠭᠳᠠᠭᠰᠠᠨ ᠥᠭᠡᠷ᠎ᠡ ᠪᠥᠭᠡᠮ ᠳᠦ ᠰᠢᠯᠵᠢᠭᠦᠯᠵᠦ ᠪᠠᠶ᠋ᠢᠭ᠎ᠠ ᠬᠡᠷᠡᠭ᠃ ᠡᠨᠡ ᠪᠣᠯ ᠻᠸᠠᠨ᠍ᠲ ᠮᠡᠳᠡᠭᠡᠯᠡᠯ ᠵᠦᠢ ᠶᠢ ᠰᠢᠨ᠎ᠡ ᠱᠠᠲᠤᠨ ᠳᠤ ᠭᠠᠷᠭᠠᠵᠤ᠂ ᠻᠸᠠᠨ᠍ᠲ ᠬᠣᠯᠪᠣᠭ᠎ᠠ᠂ ᠻᠸᠠᠨ᠍ᠲ ᠲᠣᠭᠠᠴᠠᠭᠠᠯᠠᠯ ᠤᠨ ᠰᠠᠯᠪᠤᠷᠢ ᠳᠤ ᠻᠸᠠᠨ᠍ᠲ ᠰᠦᠯᠡᠯᠳᠦᠭᠡᠨ ᠢ ᠠᠰᠢᠭᠯᠠᠬᠤ ᠴᠢᠨᠠᠭᠰᠢᠳᠠ ᠶᠢᠨ ᠪᠣᠯᠤᠮᠵᠢ ᠶᠢ ᠭᠡᠷᠡᠯᠲᠦᠭᠦᠯᠵᠦ ᠥᠭᠭᠦᠭᠰᠡᠨ ᠰᠤᠳᠤᠯᠭ᠎ᠠ ᠪᠣᠯᠵᠠᠢ᠃<br><br> | |||
= ᠨᠡᠷ ᠡ᠋ ᠲᠣᠮᠢᠶᠠᠯᠠᠯ = | |||
ᠻᠸᠠᠨ᠍ᠲ - quantum | ᠻᠸᠠᠨ᠍ᠲ - quantum |