ᠬᠠᠯᠢᠭᠤᠨ ᠪᠤᠭᠤ Засварлах

ᠮᠣᠩᠭᠣᠯ
ᠣᠷᠣᠨ ᠊ᠤ
ᠬᠠᠯᠢᠭᠤᠨ
ᠪᠤᠭᠤ


ᠬᠠᠯᠢᠭᠤᠨ ᠪᠤᠭᠤ
ᠰᠢᠩᠵᠢᠯᠡᠬᠦ ᠤᠬᠠᠭᠠᠨ ᠊ᠤ ᠠᠩᠭᠢᠯᠠᠯ
ᠠᠢᠢᠮᠠᠭ ᠠᠮᠢᠲᠠᠨ
ᠬᠦᠷᠢᠶ ᠊ᠡ᠋ ᠬᠥᠪᠴᠢᠲᠡᠨ
ᠠᠩᠬᠢ ᠬᠥᠬᠦᠲᠡᠨ
ᠪᠠᠭ ᠲᠤᠷᠤᠭᠤᠲᠠᠨ
ᠣᠪᠤᠭ ᠪᠤᠭᠤ ᠶ᠋ᠢᠨ ᠬᠢᠨ(Cervidae)
ᠲᠥᠷᠦᠯ ᠪᠤᠭᠤ
ᠵᠦᠢᠯ C. Elaphus
ᠯᠠᠲ᠋ᠢᠨ᠍ ᠨᠡᠷ ᠊ᠡ᠋
Cervus Elaphus

(Linnaeus, 1758)


CervusElaphus ᠨᠢ ᠲᠣᠮᠣ ᠬᠥᠬᠥᠲᠡᠨ ᠠᠮᠢᠲᠠᠨ ᠲᠤᠯᠠ ᠠᠮᠢᠳᠤᠷᠠᠵᠤ ᠪᠤᠢ ᠤᠷᠴᠢᠨ ᠳᠤ ᠪᠠᠨ ᠭᠦᠨ ᠭᠦᠨᠵᠡᠭᠡᠢ ᠨᠥᠯᠥᠭᠡ ᠲᠡᠢ᠃ ᠢᠯᠠᠩᠭᠤᠶ᠎ᠠ ᠲᠣᠭ᠎ᠠ ᠲᠣᠯᠣᠭᠠᠢ ᠨᠢ ᠶᠡᠬᠡᠰᠦᠭᠰᠡᠨ ᠦᠶᠡᠳᠡᠭᠡ ᠶᠡᠬᠡᠬᠡᠨ ᠨᠥᠯᠦᠭᠡᠯᠡᠳᠡᠭ᠃ ᠱᠣᠲᠯᠠᠨ᠋ᠳ᠋ ᠍ ᠤᠨ ᠵᠠᠷᠢᠮ ᠨᠤᠲᠤᠭ ᠲᠤ ᠪᠤᠭᠤ ᠶᠢᠨ ᠨᠢᠭᠲᠠᠰᠢᠯ ᠨᠢᠭᠡ ᠬᠠᠪᠲᠠᠭᠠᠢ ᠳᠥᠷᠪᠡᠯᠵᠢᠨ ᠻᠮ ᠳᠦ ᠨᠢᠭᠡ ᠡᠴᠡ 40 ᠬᠦᠷᠡᠳᠡᠭ᠃ (ᠰᠡᠷᠡ ᠹᠷᠦᠨᠻ ᠳᠠᠷᠯᠢᠨ ᠢ 1950 ᠍ ᠊ᠭᠠᠳ ᠣᠨ ᠤ ᠦᠶ᠎ᠡ ᠳᠦ ᠨᠢᠭᠡ ᠬᠠᠪᠲᠠᠭᠠᠢ ᠳᠥᠷᠪᠡᠯᠵᠢᠨ ᠻᠮ ᠲᠤ ᠪᠤᠭᠤ ᠶᠢᠨ ᠲᠣᠭ᠎ᠠ ᠲᠠᠪᠤ ᠠᠴᠠ ᠳᠡᠭᠡᠭᠰᠢ ᠦᠭᠡᠢ ᠪᠣᠯ ᠣᠢ ᠵᠢᠮ᠎ᠠ ᠪᠠᠷ ᠢᠶᠠᠨ ᠨᠥᠬᠦᠬᠦ ᠰᠡᠷᠭᠦᠬᠦ ᠪᠣᠯᠤᠮᠵᠢ ᠲᠠᠢ ᠪᠠᠶᠢᠳᠠᠭ ᠭᠡᠰᠡᠨ ᠨᠢ ᠶᠡᠷᠦᠩᠬᠡᠢ ᠳᠦ ᠪᠡᠨ ᠵᠥᠪ᠃ ᠭᠡᠬᠦ ᠳᠦ ᠪᠡᠨ ᠲᠤᠬᠠᠢ ᠶᠢᠨ ᠨᠤᠲᠤᠭ ᠤᠨ ᠨᠥᠬᠥᠴᠡᠯ᠂ ᠬᠥᠷᠦᠰᠦᠨ ᠦ ᠴᠢᠨᠠᠷ᠂ ᠵᠤᠯᠵᠠᠭᠠᠨ ᠮᠣᠳᠣᠨ ᠤ ᠲᠣᠭ᠎ᠠ᠂ ᠪᠤᠰᠤ ᠮᠠᠯ ᠠᠮᠢᠲᠠᠨ ᠪᠡᠯᠴᠢᠭᠡᠷᠯᠡᠳᠡᠭ ᠡᠰᠡᠬᠦ ᠡᠴᠡ ᠪᠠᠰᠠ ᠰᠢᠯᠲᠠᠭᠠᠯᠠᠨ᠎ᠠ᠃ ᠪᠤᠭᠤ ᠶᠢᠨ ᠲᠣᠭ᠎ᠠ ᠲᠣᠯᠣᠭᠠᠢ ᠵᠣᠬᠢᠰᠲᠠᠢ ᠦᠶᠡᠳᠡᠭᠡ ᠣᠢ ᠶᠢᠨ ᠡᠻᠣᠰᠢᠰᠲ᠋ᠧᠮ ᠳᠦ ᠠᠴᠢ ᠲᠤᠰᠠ ᠲᠠᠢ ᠪᠠᠶᠢᠳᠠᠭ᠃ ᠵᠢᠱᠢᠶ᠎ᠡ ᠨᠢ᠂ ᠲᠤᠭᠤᠷᠠᠢ ᠪᠠᠷ ᠢᠶᠠᠨ ᠭᠠᠵᠠᠷ ّ ᠭᠢᠰᠬᠢᠯᠡᠭᠰᠡᠨ ᠢᠶᠡᠷ ᠬᠥᠷᠦᠰ ᠢ ᠢᠯᠡ ᠭᠠᠷᠭᠠᠵᠤ᠂ ᠱᠣᠲᠯᠠᠨ ᠳᠤ ᠨᠠᠷᠠᠰᠤ ᠭᠡᠬᠦ ᠮᠡᠲᠦ ᠤᠷᠭᠤᠮᠠᠯ ᠤᠨ ᠦᠷ᠎ᠡ ᠰᠣᠶᠣᠭᠠᠯᠠᠬᠤ ᠨᠥᠬᠥᠴᠡᠯ ᠪᠦᠷᠢᠳᠦᠭᠦᠯᠳᠡᠭ᠃ ᠡᠪᠡᠰᠦ ᠢᠳᠡᠭᠰᠡᠨ ᠢᠶᠡᠷ ᠢᠶᠡᠨ ᠤᠷᠭᠤᠮᠠᠯ ᠤᠨ ᠵᠦᠢᠯ ᠦᠨ ᠣᠯᠤᠭ ᠶᠠᠩᠵᠤ ᠪᠠᠶᠢᠳᠠᠯ ᠪᠠᠶᠠᠵᠢᠬᠤ ᠳᠤ ᠲᠤᠰᠠᠲᠠᠢ ᠪᠠᠶᠢᠳᠠᠭ᠃ ᠪᠤᠭᠤ ᠵᠠᠳᠠᠭᠠᠢ ᠭᠠᠵᠠᠷ ᠤᠨ ᠪᠠᠶᠢᠭᠠᠯᠢ ᠣᠷᠴᠢᠨ ᠳᠤ ᠪᠠᠰᠠ ᠴᠢᠬᠤᠯᠠ ᠡᠭᠦᠷᠭᠡ ᠲᠡᠢ᠃ ᠱᠣᠲᠯᠠᠨ᠋ᠳ᠋ ᠍ ᠤᠨ ᠥᠨᠳᠦᠷᠯᠢᠭ ᠨᠤᠲᠤᠭ ᠲᠤ ᠡᠨᠡ ᠨᠢ Pluvialis apricaria᠂ ᠬᠠᠷ᠎ᠠ ᠬᠡᠪᠡᠯᠢ ᠳᠦ (Calidris alpina) ᠵᠡᠷᠭᠡ ᠬᠣᠪᠣᠷ ᠵᠦᠢᠯᠡᠰ ᠢ ᠳᠡᠮᠵᠢᠬᠦ ᠴᠢᠬᠤᠯᠠ ᠡᠻᠣᠰᠢᠰᠲ᠋ᠧᠮ ᠪᠣᠯᠳᠠᠭ᠃

ᠬᠠᠯᠢᠭᠤᠨ
ᠪᠤᠭᠤ
ᠮᠣᠩᠭᠣᠯ ᠊ᠤᠨ
ᠣᠢ ᠳ᠋ᠤ


ᠪᠤᠭᠤ ᠶᠢᠨ ᠲᠣᠭ᠎ᠠ ᠲᠣᠯᠣᠭᠠᠢ ᠶᠡᠬᠡ ᠨᠥᠬᠥᠴᠡᠯ ᠳᠦ ᠤᠷᠭᠤᠮᠠᠯᠠᠰᠢᠯ ᠳᠤ ᠶᠡᠬᠡᠬᠡᠨ ᠨᠦᠯᠦᠭᠡᠯᠡᠬᠦ ᠪᠠ ᠮᠣᠳᠣᠯᠢᠭ᠂ ᠡᠪᠡᠰᠦᠯᠡᠭ ᠤᠷᠭᠤᠮᠠᠯ ᠤᠨ ᠠᠯᠢ ᠠᠯᠢᠨ ᠤ ᠨᠥᠬᠥᠨ ᠰᠡᠷᠭᠦᠬᠦ ᠶᠢ ᠤᠳᠠᠭᠠᠰᠢᠷᠠᠭᠤᠯᠤᠨ᠎ᠠ᠃ ᠲᠡᠷᠡ ᠪᠠᠶᠢᠲᠤᠭᠠᠢ ᠱᠣᠲᠯᠠᠨ ᠳᠤ ᠨᠠᠷᠠᠰᠤ (Pinus sylvestris)᠂ ᠬᠤᠰᠤ (Betulaspp.)᠂ ᠠᠷᠴᠠ (Juniperus communis) ᠵᠡᠷᠭᠡ ᠤᠷᠭᠤᠮᠠᠯ ᠨᠥᠬᠥᠨ ᠤᠷᠭᠤᠬᠤ ᠦᠭᠡᠢ ᠳᠦ ᠬᠦᠷᠡᠨ᠎ᠡ. Coille Ruigh ᠭᠡᠬᠦ ᠵᠡᠷᠭᠡ ᠬᠠᠰᠢᠶᠠᠯᠠᠭᠰᠠᠨ ᠲᠠᠯᠠᠪᠠᠢ ᠳᠤ 1990 ᠣᠨ ᠠᠴᠠ ᠬᠣᠶᠢᠰᠢ ᠤᠷᠭᠤᠮᠠᠯ ᠬᠡᠷᠬᠢᠨ ᠬᠡᠲᠦ ᠶᠡᠬᠡ ᠲᠣᠭ᠎ᠠ ᠲᠠᠢ ᠪᠤᠭᠤ ᠶᠢᠨ ᠨᠥᠯᠥᠭᠡ ᠪᠡᠷ ᠳᠠᠷᠤᠩᠭᠤᠶᠢᠯᠠᠭᠳᠠᠳᠠᠭ ᠨᠢ ᠠᠵᠢᠭᠯᠠᠭᠳᠠᠭᠰᠠᠨ᠃ ᠤᠷᠢᠳᠤ ᠴᠠᠭ ᠲᠤ ᠪᠠᠶᠢᠭᠠᠯ ᠤᠨ ᠴᠢᠨᠣ᠎ᠠ (Canis lupus) ᠵᠡᠷᠭᠡ ᠮᠢᠬᠠᠴᠢᠨ ᠠᠮᠢᠲᠠᠳ ᠤᠨ ᠨᠥᠯᠦᠭᠡ ᠪᠡᠷ ᠬᠠᠯᠢᠭᠤᠨ ᠪᠤᠭᠤ ᠶᠢᠨ ᠲᠣᠭ᠎ᠠ ᠲᠣᠯᠣᠭᠠᠢ ᠵᠣᠬᠢᠰᠲᠠᠢ ᠬᠡᠮᠵᠢᠶᠡᠨ ᠳᠦ ᠪᠠᠷᠢᠭᠳᠠᠳᠠᠭ ᠪᠠᠶᠢᠭᠰᠠᠨ᠃ ᠮᠥᠨ ᠰᠢᠯᠦᠭᠦᠰᠦ (Lynxlynx)᠂ ᠬᠦᠷᠡᠩ ᠪᠠᠭᠠᠪᠠᠭᠠᠢ (Ursus arctos) ᠢᠯᠡ᠂ ᠵᠣᠷᠭᠣᠯ ᠢ ᠨᠢ ᠪᠠᠷᠢᠳᠠᠭ ᠪᠠᠶᠢᠴᠠᠢ᠃ ᠡᠳᠡᠭᠡᠷ ᠮᠢᠬᠠᠴᠢᠨ ᠠᠮᠢᠲᠠᠳ ᠪᠤᠭᠤ ᠶᠢᠨ ᠰᠦᠷᠦᠭ ᠡᠴᠡ ᠬᠥᠭᠰᠢᠨ᠂ ᠳᠣᠷᠣᠢ ᠶᠢ ᠨᠢ ᠪᠠᠷᠢᠵᠤ ᠢᠳᠡᠨ ᠴᠡᠪᠡᠷᠯᠡᠭᠡ ᠬᠢᠵᠦ᠂ ᠡᠷᠡᠭᠦᠯᠵᠢᠭᠦᠯᠵᠦ᠂ ᠫᠣᠫᠦᠶᠢᠯᠢᠶᠠᠼ ᠢ ᠴᠢᠭᠢᠷᠠᠭ ᠪᠣᠯᠭᠠᠳᠠᠭ ᠪᠠᠶᠢᠪᠠ᠃ ᠱᠣᠲᠯᠠᠨ᠋ᠳ᠋ ᠍ ᠲᠤ ᠡᠳᠡᠭᠡᠷ ᠠᠷᠢᠶᠠᠲᠠᠨ ᠨᠢᠭᠡᠨᠲᠡ ᠤᠰᠠᠳᠬᠠᠭᠳᠠᠭᠰᠠᠨ ᠢᠶᠠᠷ ᠪᠤᠭᠤ ᠶᠢᠨ ᠫᠣᠫᠦᠶᠢᠯᠢᠶᠠᠼ ᠤᠨ ᠡᠷᠡᠭᠦᠯ ᠮᠡᠨᠳᠦ ᠬᠡᠪ ᠦᠨ ᠡᠻᠣᠰᠢᠰᠲ᠋ᠧᠮ ᠳᠦ ᠪᠠᠶᠢᠭᠰᠠᠨ ᠠᠴᠠ ᠳᠣᠷᠣᠶᠢᠲᠠᠭᠰᠠᠨ᠃ ᠬᠦᠮᠦᠨ ᠪᠤᠭᠤ ᠶᠢ ᠠᠩᠨᠠᠭᠰᠠᠭᠠᠷ ᠢᠷᠡᠭᠰᠡᠨ ᠬᠡᠳᠦᠢ ᠴᠤ ᠪᠠᠶᠢᠭᠠᠯ ᠤᠨ ᠮᠢᠬᠠᠴᠢᠨ ᠤ ᠡᠭᠦᠷᠭᠡ ᠶᠢ ᠣᠷᠣᠯᠠᠵᠤ ᠴᠢᠳᠠᠬᠤ ᠦᠭᠡᠢ᠃ ᠤᠷᠢᠳᠠ ᠠᠩᠴᠢᠳ ᠰᠠᠶᠢᠬᠠᠨ ᠡᠪᠡᠷ ᠣᠯᠵᠠᠯᠠᠬᠤ ᠵᠣᠷᠢᠯᠭ᠎ᠠ ᠪᠠᠷ ᠠᠯᠢ ᠡᠷᠡᠭᠦᠯ ᠴᠢᠭᠢᠷᠠᠭ ᠡᠷ᠎ᠡ ᠪᠤᠭᠤ ᠶᠢ ᠣᠨᠢᠯᠠᠳᠠᠭ᠂ ᠰᠤᠯᠠ ᠳᠣᠷᠣᠢ᠂ ᠰᠣᠭᠣ ᠰᠡᠯᠲᠡ ᠶᠢ ᠣᠷᠬᠢᠳᠠᠭ ᠪᠠᠶᠢᠭᠰᠠᠨ᠃ ᠢᠩᠭᠢᠭᠰᠡᠨ ᠢᠶᠡᠷ ᠰᠦᠷᠦᠭ ᠦᠨ ᠪᠦᠲᠦᠴᠡ ᠳᠦ ᠰᠥᠷᠭᠡᠷ᠎ᠡ ᠨᠥᠯᠥᠭᠡᠯᠡᠬᠦ ᠶᠢᠨ ᠵᠡᠷᠭᠡᠴᠡᠭᠡ ᠲᠣᠭ᠎ᠠ ᠲᠣᠯᠣᠭᠠᠢ ᠥᠰᠬᠦ ᠳᠦ ᠪᠠᠰᠠ ᠨᠡᠮᠡᠷᠢ ᠪᠣᠯᠤᠭᠰᠠᠨ᠃ ᠡᠨᠡ ᠪᠠᠶᠢᠳᠠᠯ ᠢ ᠵᠠᠰᠠᠬᠤ ᠡᠭᠦᠳᠡᠨ ᠡᠴᠡ ᠰᠣᠭᠣ ᠪᠣᠯᠤᠨ ᠵᠠᠭᠠᠵᠠ ᠠᠮᠢᠲᠠᠳ ᠢ ᠢᠯᠡᠭᠦᠦ ᠲᠡᠢ ᠠᠩᠨᠠᠬᠤ ᠲᠣᠭ᠎ᠠ ᠲᠣᠭᠲᠠᠭᠠᠭᠰᠠᠨ᠃ ᠡᠳᠦᠭᠡ ᠠᠩᠴᠢᠳ ᠵᠠᠭᠠᠵᠠ ᠠᠮᠢᠲᠠᠳ ᠢ ᠰᠣᠩᠭᠣᠨ ᠠᠩᠨᠠᠬᠤ ᠵᠢᠷᠤᠮ ᠢᠶᠠᠷ ᠡᠷ᠎ᠡ ᠪᠤᠭᠤ ᠶᠢᠨ ᠡᠷᠡᠭᠦᠯ ᠮᠡᠨᠳᠦ᠂ ᠬᠦᠴᠦ ᠲᠡᠪᠡᠭᠡᠷᠡᠭ ᠢ ᠬᠠᠩᠭᠠᠬᠤ ᠶᠢ ᠵᠣᠷᠢᠬᠤ ᠪᠣᠯᠤᠭᠰᠠᠨ ᠬᠡᠳᠦᠢ ᠴᠤ ᠰᠣᠭᠣᠨ ᠠᠴᠠ ᠵᠠᠭᠠᠵᠠᠯᠠᠬᠤ ᠬᠡᠴᠡᠭᠦᠦ ᠪᠠᠶᠢᠨ᠎ᠠ᠃ ᠰᠣᠭᠣ ᠶᠢ ᠴᠢᠰᠤᠨ ᠡᠪᠡᠷ ᠢᠶᠡᠷ ᠨᠢ ᠢᠯᠭᠠᠬᠤ ᠪᠣᠯᠤᠮᠵᠢ ᠦᠭᠡᠢ ᠲᠤᠯᠠ ᠵᠦᠭᠡᠷ ᠯᠠ ᠰᠤᠯᠠ ᠳᠣᠷᠣᠢ ᠶᠢ ᠨᠢ ᠣᠨᠢᠯᠠᠵᠤ ᠠᠩᠨᠠᠵᠤ ᠪᠠᠶᠢᠨ᠎ᠠ᠃ ᠤᠷᠢᠳᠤ ᠪᠤᠭᠤ ᠴᠢᠨᠣ᠎ᠠ ᠡᠭᠦᠷᠯᠡᠭᠰᠡᠨ ᠨᠤᠲᠤᠭ ᠤᠳ ᠠᠴᠠ ᠪᠥᠷᠢᠨ ᠳᠠᠶᠢᠵᠢᠵᠤ᠂ ᠲᠡᠷᠡ ᠨᠤᠲᠤᠭ ᠲᠤ ᠨᠢ ᠮᠣᠳᠣ ᠤᠷᠭᠤᠮᠠᠯ ᠨᠥᠬᠦᠨ ᠰᠡᠷᠭᠦᠳᠡᠭ ᠪᠠᠶᠢᠭᠰᠠᠨ ᠪᠣᠯ ᠠᠩᠨᠠᠭᠤᠷ ᠨᠢ ᠪᠠᠶᠢᠭᠠᠯ ᠤᠨ ᠡᠨᠡᠬᠦ ᠵᠣᠬᠢᠴᠠᠭᠤᠯᠤᠯᠲᠠ ᠶᠢ ᠣᠷᠣᠯᠠᠵᠤ ᠴᠢᠳᠠᠬᠤ ᠦᠭᠡᠢ ᠪᠠᠶᠢᠨ᠎ᠠ᠃ ّ ᠪᠠᠶᠢᠭᠠᠯ ᠤᠨ ᠰᠢᠯᠲᠠᠭᠠᠨ ᠢᠶᠠᠷ ᠦᠬᠦᠭᠰᠡᠨ ᠪᠤᠭᠤ ᠰᠡᠭᠡᠷ᠎ᠡ ᠬᠣᠭᠣᠯᠠᠯᠠᠭᠴᠢ ᠠᠮᠢᠲᠠᠳ ᠲᠤ ᠴᠢᠬᠤᠯᠠ ᠲᠡᠵᠢᠭᠡᠯ ᠪᠣᠯᠳᠠᠭ᠃ ᠮᠢᠬᠠᠴᠢᠨ ᠠᠮᠢᠲᠠᠨ ᠪᠤᠭᠤ ᠪᠠᠷᠢᠬᠤ᠂ ᠠᠩᠴᠢᠳ ᠪᠤᠭᠤ ᠶᠢ ᠠᠩᠨᠠᠬᠤ ᠶᠢᠨ ᠪᠠᠰᠠ ᠨᠢᠭᠡ ᠢᠯᠭᠠᠭ᠎ᠠ ᠨᠢ᠂ ᠮᠢᠬᠠᠴᠢᠨ ᠠᠮᠢᠲᠠᠳ ᠪᠤᠭᠤ ᠪᠠᠷᠢᠭᠰᠠᠨ ᠢᠶᠠᠷ ᠪᠤᠭᠤ ᠶᠢᠨ ᠪᠢᠣᠮᠠᠰ ᠮᠢᠬᠠᠴᠢᠨ ᠴᠢᠨᠣ᠎ᠠ ᠪᠠ ᠰᠡᠭ ᠢᠳᠡᠰᠢᠲᠡᠨ ᠠᠮᠢᠲᠠᠳ ᠤᠨ ᠲᠡᠵᠢᠭᠡᠯ ᠪᠣᠯᠵᠤ ᠡᠻᠣᠰᠢᠰᠲ᠋ᠧᠮ ᠳᠦ ᠪᠡᠨ ᠦᠯᠡᠳᠡᠳᠡᠭ ᠪᠠᠶᠢᠴᠠᠢ᠃ ᠬᠠᠷᠢᠨ ᠠᠩᠴᠢᠳ ᠠᠩᠨᠠᠭᠰᠠᠨ ᠢᠶᠠᠷ ᠲᠡᠷᠬᠡᠦ ᠪᠢᠣᠮᠠᠰ ᠢ ᠪᠦᠬᠦᠯᠢ ᠪᠡᠷ ᠨᠢ ᠪᠠᠶᠢᠭᠠᠯᠢ ᠠᠴᠠ ᠪᠤᠯᠢᠶᠠᠨ ᠠᠪᠴᠤ᠂ ᠮᠢᠬ᠎ᠠ ᠶᠢ ᠵᠠᠷᠤᠵᠤ ᠪᠣᠷᠣᠯᠠᠭᠤᠯᠳᠠᠭ ᠪᠠᠶᠢᠨ᠎ᠠ᠃ ᠡᠶᠢᠨᠬᠦᠦ ᠱᠣᠲᠯᠠᠨ᠋ᠳ᠋ ᠍ ᠤᠨ ᠥᠨᠳᠥᠷᠯᠢᠭ ᠦᠨ ᠡᠻᠣᠰᠢᠰᠲ᠋ᠧᠮ ᠡᠴᠡ ᠪᠢᠣᠮᠠᠰ᠂ ᠲᠡᠵᠢᠭᠡᠯ ᠠᠯᠳᠠᠭᠳᠠᠵᠤ᠂ ᠶᠠᠳᠠᠭᠤᠷᠠᠳᠠᠭ ᠪᠠᠶᠢᠨ᠎ᠠ᠃ ᠬᠠᠯᠢᠭᠤᠨ ᠪᠤᠭᠤ ᠶᠢᠨ ᠰᠡᠭ ᠨᠢ ᠴᠠᠷᠮ᠎ᠠ ᠶᠢᠨ ᠪᠦᠷᠭᠦᠳ᠂ ᠦᠨᠡᠭᠡ᠂ ᠰᠠᠷ᠎ᠠ (Buteo buteo)᠂ ᠬᠣᠩ ᠬᠡᠷᠢᠶ᠎ᠡ (Corvus corax)᠂ ᠳᠣᠷᠣᠭᠣ (Meles meles) ᠵᠡᠷᠭᠡ ᠰᠡᠭᠡᠷ᠎ᠡ ᠬᠣᠭᠣᠯᠠᠯᠠᠭᠴᠢ ᠠᠮᠢᠲᠠᠳ ᠤᠨ ᠬᠦᠨᠡᠰᠦᠨ ᠦ ᠴᠢᠬᠤᠯᠠ ᠡᠭᠦᠰᠪᠦᠷᠢ ᠪᠣᠯᠳᠠᠭ. Strathglass ᠨᠤᠲᠤᠭ ᠲᠤ ᠬᠢᠭᠰᠡᠨ ᠰᠤᠳᠤᠯᠭᠠᠨ ᠠᠴᠠ ᠦᠵᠡᠬᠦ ᠳᠦ ᠣᠢ ᠶᠢᠨ ᠰᠤᠤᠰᠠᠷ ᠤᠨ (Martes martes) ᠨᠡᠶᠢᠲᠡ ᠬᠦᠨᠡᠰᠦᠨ ᠦ ᠪᠠᠷᠤᠭ ᠭᠤᠷᠪᠠᠨ ᠤ ᠨᠢᠭᠡ ᠨᠢ ᠰᠡᠭ ᠪᠠᠶᠢᠬᠤ ᠪᠠ ᠲᠡᠷᠬᠡᠦ ᠰᠡᠭ ᠦᠨ 99% ᠨᠢ ᠪᠤᠭᠤ ᠶᠢᠨ ᠬᠢ ᠪᠠᠶᠢᠳᠠᠭ ᠠᠵᠢ᠃ ᠪᠤᠭᠤ ᠶᠢᠨ ᠰᠡᠭᠡ ᠪᠠᠰᠠ ᠣᠯᠠᠨ ᠶᠠᠩᠵᠤ ᠶᠢᠨ ᠰᠡᠭᠡᠷ ᠨᠢᠷᠤᠭᠤ ᠦᠭᠡᠢ ᠠᠮᠢᠲᠠᠳ ᠤᠨ ᠲᠡᠵᠢᠭᠡᠯ ᠪᠣᠯᠤᠨ᠎ᠠ᠃ ᠪᠤᠭᠤ ᠶᠢᠨ ᠢᠯᠭᠠᠳᠠᠰᠤ ᠨᠢ ᠣᠯᠠᠨ ᠵᠦᠢᠯ ᠦᠨ ᠮᠥᠭᠥ ᠤᠷᠭᠤᠬᠤ ᠲᠡᠵᠢᠭᠡᠯᠯᠢᠭ ᠣᠷᠴᠢᠨ ᠡᠭᠦᠰᠬᠡᠳᠡᠭ᠃ ᠤᠨᠠᠭᠰᠠᠨ ᠴᠢᠰᠤᠨ ᠡᠪᠡᠷ ᠨᠢ ᠣᠭᠣᠲᠣᠨ᠎ᠠ (Apodemus sylvaticus)᠂ ᠦᠯᠦ ᠶᠢᠨ ᠣᠭᠣᠲᠣᠨ᠎ᠠ (Microtus agrestis) ᠭᠡᠬᠦ ᠮᠡᠲᠦ ᠵᠢᠵᠢᠭ ᠬᠥᠬᠥᠲᠡᠨ ᠠᠮᠢᠲᠠᠳ ᠤᠨ ᠬᠣᠭᠣᠯᠠ ᠪᠣᠯᠳᠠᠭ ᠪᠠᠶᠢᠨ᠎ᠠ᠃

ᠡᠬᠢ ᠰᠤᠷᠪᠤᠯᠵᠢ - Засварлах

Shirley Pottie. treesforlife.org Red deer (Ccervus Elapjus)
Paul M Dolman, Kristin Wtaber. Ecosystem and competition impacts of introduced deer. Journal Wildlife Research 35(3):202-214. 2008. www.researchgate.net