ᠬᠠᠩᠬ ‍ᠠ᠋ ‍ᠢᠢᠨ ᠭᠠᠵᠠᠷ ᠬᠥᠳᠡᠯᠡᠯᠲᠡ Засварлах


ᠬᠠᠩᠬ ‍ᠠ᠋ ‍ᠢᠢᠨ ᠭᠠᠵᠠᠷ ᠬᠥᠳᠡᠯᠦᠯᠲᠡ ‍ᠢᠢᠨ ᠭᠣᠯᠤᠮᠲᠠ


ᠬᠥᠪᠰᠦᠭᠦᠯ ᠠᠢᠢᠮᠠᠭ ᠲᠤ 2021 ᠣᠨ ‍ᠤ 01 ᠰᠠᠷ ‍ᠠ᠋ ‍ᠢᠢᠨ 12, 05 ᠴᠠᠭ 32 ᠮᠢᠨᠦ᠋ᠲ᠋ ᠲᠤ 6.7 ᠮᠠᠭᠨᠢᠲ᠋ᠦ᠋ᠳ᠋ ᠬᠦᠴᠦ ᠲᠡᠢ ᠭᠠᠵᠠᠷ ᠬᠥᠳᠡᠯᠦᠯᠲᠡ ᠪᠣᠯᠤᠭᠰᠠᠨ᠃[1]

ᠭᠠᠵᠠᠷ ᠬᠥᠳᠡᠯᠦᠯᠲᠡ ‍ᠢᠢᠨ ᠭᠦᠨ ᠨᠢ 10 ᠻᠢᠯᠣᠮᠧᠲ᠋ᠧᠷ ᠲᠦ ᠪᠠᠢᠢᠪᠠ᠃[2]

ᠭᠠᠵᠠᠷ ᠬᠥᠳᠡᠯᠦᠯᠲᠡ ᠶᠢᠨ ᠲᠥᠪ ᠴᠡᠭ ᠨᠢ ᠬᠥᠪᠰᠥᠭᠥᠯ ᠠᠶ᠋ᠢᠮᠠᠭ ᠤᠨ ᠬᠠᠩᠬ ‍ᠠ᠋ ᠰᠤᠮᠤ ᠶᠢᠨ ᠬᠠᠴᠢᠮ ᠤᠨ ᠠᠮᠠ᠂ ᠬᠥᠪᠰᠥᠭᠥᠯ ᠨᠠᠭᠤᠷ ᠤᠨ ᠣᠢᠢᠷᠠᠯᠴᠠᠭ᠎ᠠ ᠪᠠᠢᠢᠵᠠᠢ᠃
ᠭᠠᠵᠠᠷ ᠬᠥᠳᠡᠯᠦᠯᠲᠡ ᠶᠢᠨ ᠭᠣᠯᠣᠮᠲᠠ ᠶᠢᠨ ᠣᠶ᠋ᠢᠷᠠᠯᠴᠠᠭᠠᠬᠢ ᠬᠡᠰᠡᠭ ᠲᠦ ᠬᠦᠮᠦᠨ ᠠᠮᠠ ᠣᠯᠠᠨ ‍ᠢᠶ᠋ᠠᠷ ᠰᠠᠭᠤᠷᠢᠰᠢᠳᠠᠭ ᠦᠭᠡᠢ ᠪᠣᠯᠪᠠᠴᠤ ᠨᠠᠭᠤᠷ ᠤᠨ ᠣᠶ᠋ᠢᠷᠠᠯᠴᠠᠭ᠎ᠠ ᠬᠠᠳᠬᠠᠯ᠂ ᠲᠤᠷᠲᠠ ᠵᠡᠷᠭᠡ ᠣᠯᠠᠨ ᠰᠠᠭᠤᠷᠢᠨ ᠣᠷᠣᠰᠢᠳᠠᠭ ᠪᠥᠭᠡᠳ ᠡᠳᠡᠭᠡᠷ ᠨᠢ ᠨᠡᠢᠢᠲᠡ 5000 ᠬᠦᠷᠲᠡᠯ᠎ᠡ ᠬᠦᠮᠦᠨ ᠠᠮᠠ ᠲᠠᠢ᠃

ᠡᠨᠡ ᠬᠦ ᠭᠠᠵᠠᠷ ᠬᠥᠳᠡᠯᠦᠯᠲᠡ ᠨᠢ ᠰᠡᠭᠦᠯ ᠦᠨ ᠦᠶ᠎ᠡ ᠶᠢᠨ ᠲᠡᠦᠬᠡᠨ ᠳᠦ ᠮᠣᠩᠭᠣᠯ ᠤᠨ ᠤᠠᠮᠠᠷᠠᠳᠤ ᠬᠡᠰᠡᠭ ᠲᠦ ᠪᠣᠯᠤᠭᠰᠠᠨ ᠬᠠᠮᠤᠭ ᠤᠨ ᠬᠦᠴᠦᠲᠡᠢ ᠭᠠᠵᠠᠷ ᠬᠥᠳᠡᠯᠦᠯᠲᠡ ᠶᠢᠨ ᠨᠢᠭᠡ ᠪᠣᠯᠵᠠᠢ᠃

ᠬᠥᠪᠰᠥᠭᠥᠯ ᠨᠠᠭᠤᠷ ᠤᠨ ᠤᠮᠠᠷᠠᠲᠤ ᠲᠠᠯ᠎ᠠ ᠳᠤ 1950 ᠣᠨ ᠤ 4 ᠍ ᠳᠤᠭᠡᠷ ᠰᠠᠷ᠎ᠠ ᠳᠤ 6.9 ᠪᠠᠯᠯ ᠤᠨ ᠬᠦᠴᠦᠲᠡᠢ ᠭᠠᠵᠠᠷ ᠬᠥᠳᠡᠯᠦᠯᠳᠡ ᠪᠣᠯᠵᠤ᠂ ᠣᠢᠢᠷᠠᠯᠴᠠᠭᠠᠬᠢ ᠰᠠᠭᠤᠷᠢᠨ ᠨᠤᠭᠤᠳ ᠲᠤ ᠡᠪᠳᠡᠷᠡᠯ ᠤᠴᠠᠷᠠᠭᠤᠯᠤᠭᠰᠠᠨ ᠪᠠᠶ᠋ᠢᠳᠠᠭ᠃

ᠠᠷᠠᠢ ᠢᠨᠠᠭᠰᠢ ᠦᠶ᠎ᠡ ᠳᠦ᠂ 1991 ᠣᠨ ᠳᠤ ᠨᠠᠭᠤᠷ ᠤᠨ ᠥᠷᠥᠨᠡᠲᠦ ᠲᠠᠯ᠎ᠠ ᠳᠤ 6.4 ᠪᠠᠯᠯ ᠤᠨ ᠬᠦᠴᠦᠲᠡᠢ ᠭᠠᠵᠠᠷ ᠬᠥᠳᠡᠯᠦᠯᠲᠡ ᠪᠣᠯᠤᠭᠰᠠᠨ᠃

ᠰᠤᠮᠤ ‍ᠢᠢᠨ ᠲᠥᠪ ᠬᠢᠭᠡᠳ ᠬᠥᠪᠰᠦᠭᠦᠯ ᠨᠠᠭᠤᠷ


ᠭᠠᠵᠠᠷ ᠬᠥᠳᠡᠯᠦᠯᠲᠡ ᠶᠢᠨ ᠭᠣᠯᠣᠮᠲᠠ ᠨᠢ ᠬᠠᠩᠬ ‍ᠠ᠋ ᠰᠤᠮᠤ ‍ᠢᠢᠨ ᠲᠥᠪ ᠲᠤᠷᠠᠲᠠ ᠡᠴᠠ (ᠬᠦᠮᠦᠨ ᠠᠮᠠ 2 140) 33 ᠻᠢᠯᠣᠮᠧᠲ᠋ᠷ ᠂ ᠮᠥᠷᠡᠨ (ᠬᠦᠮᠦᠨ ᠠᠮᠠ 27 690) ᠬᠣᠲᠠ ᠠᠴᠠ 180 ᠻᠢᠯᠣᠮᠧᠲ᠋ᠷ ᠵᠠᠢᠢᠲᠠᠢ ᠣᠷᠤᠰᠢᠳᠠᠭ᠃

ᠭᠣᠯᠣᠮᠲᠠ ᠶᠢᠨ 100 ᠻᠢᠯᠣᠮᠧᠲ᠋ᠷ ᠲᠣᠭᠣᠷᠢᠭ ᠲᠤ 19000 ᠣᠷᠴᠢᠮ ᠬᠦᠮᠦᠨ ᠠᠮᠢᠳᠤᠷᠠᠳᠠᠭ᠃

ᠬᠦᠴᠦ ᠲᠡᠢ ᠴᠡᠴᠡᠷᠡᠭᠡ ᠶᠢ 8000 ᠬᠦᠮᠦᠨ ᠮᠡᠳᠡᠷᠡᠵᠦ᠂ 18000 ᠬᠦᠮᠦᠨ ᠳᠤᠮᠳᠠ ᠵᠡᠷᠭᠡ᠂ 1248000 ᠬᠥᠩᠭᠡᠨ᠂ 4192000 ᠬᠦᠮᠦᠨ ᠰᠤᠯᠠ ᠴᠡᠴᠡᠷᠡᠭᠡ ᠮᠡᠳᠡᠷᠡᠭᠰᠡᠨ ᠪᠠᠶ᠋ᠢᠨ᠎ᠠ᠃

USGS ᠡᠴᠡ ᠨᠣᠭᠣᠭᠠᠨ ᠰᠡᠷᠡᠮᠵᠢᠯᠡᠭᠦᠯᠭᠡ ᠭᠠᠷᠭᠠᠵᠠᠢ᠃ ᠡᠪᠳᠡᠷᠡᠯ᠂ ᠬᠣᠬᠢᠷᠠᠯ ᠤᠨ ᠮᠠᠭᠠᠳᠯᠠᠯ ᠪᠠᠭ᠎ᠠ ᠪᠠᠶ᠋ᠢᠨ᠎ᠠ᠃

ᠶᠡᠷᠦᠩᠬᠡᠢ ᠳᠦ ᠪᠡᠨ ᠡᠨᠡ ᠪᠦᠰᠡ ᠨᠤᠲᠤᠭ ᠤᠨ ᠬᠦᠮᠦᠨ ᠠᠮᠠ ᠭᠠᠵᠠᠷ ᠬᠥᠳᠡᠯᠦᠯᠲᠡ ᠶᠢᠨ ᠴᠡᠴᠡᠷᠡᠭᠡᠨ ᠳᠦ ᠲᠡᠰᠪᠦᠷᠢᠲᠡᠢ ᠪᠠᠷᠢᠯᠭ᠎ᠠ ᠪᠠᠶ᠋ᠢᠭᠤᠯᠤᠮᠵᠢ ᠳᠤ ᠠᠮᠢᠳᠤᠷᠠᠳᠠᠭ ᠪᠣᠯᠪᠠᠴᠤ ᠡᠮᠵᠡᠭ ᠪᠠᠶ᠋ᠢᠭᠤᠯᠤᠮᠵᠢ ᠨᠤᠭᠤᠳ ᠪᠠᠰᠠ ᠪᠠᠶ᠋ᠢᠳᠠᠭ᠃[3]

ᠡᠬᠢ ᠰᠤᠷᠪᠤᠯᠵᠢ Засварлах

  1. https://earthquake.usgs.gov/earthquakes/eventpage/us6000d7ix/executive ᠬᠠᠨᠳᠤᠭᠰᠠᠨ 2021/01/15
  2. https://bnonews.com/index.php/2021/01/strong-earthquake-hits-russia-mongolia-border BNO News. Strong earthquake hits lake in northern Mongolia. Jan 2021. ᠬᠠᠨᠳᠤᠭᠰᠠᠨ 2021/01/15
  3. https://watchers.news/2021/01/11/russia-mongolia-m6-8-earthquake-january-11-2021/ The Watchers. Shallow M6.7 earthquake hits Russia - Mongolia border region. Jan 2021. ᠬᠠᠨᠳᠤᠭᠰᠠᠨ 2021/01/15