D ᠠᠮᠢᠨ ᠳᠡᠮ
D ᠠᠮᠢᠨ ᠳᠡᠮ
D ᠠᠮᠢᠨ ᠳᠡᠮ ᠨᠢ ᠪᠡᠶ ᠡ᠋ ᠮᠠᠬᠠᠪᠤᠳ ᠣᠨ ᠻᠠᠯᠼᠢ (calcium)᠂ ᠮᠠᠬ᠋᠊ᠨᠢ (magnesium)᠂ ᠹᠣᠰᠹᠣᠷ (phosphorus) ᠬᠦᠴᠢᠯ ᠦᠨ ᠦᠯᠡᠳᠡᠭᠳᠡᠯ ᠵᠡᠷᠭᠡ ᠪᠣᠳᠠᠰ ᠤᠨ ᠰᠣᠯᠢᠯᠴᠠᠭᠠᠨ ᠢ ᠵᠣᠬᠢᠴᠠᠭᠤᠯᠳᠠᠭ᠂ ᠲᠣᠰᠤᠨ ᠳᠤ ᠠᠭᠤᠰᠳᠠᠭ ᠪᠦᠯᠦᠭ ᠦᠨ ᠠᠮᠢᠨ ᠳᠡᠮ ᠮᠦᠨ ᠪᠣᠯᠣᠢ᠃ ᠬᠦᠮᠦᠨ ᠪᠢᠳᠡᠨ ᠳᠦ ᠬᠠᠮᠤᠭ ᠤᠨ ᠴᠢᠬᠤᠯᠠ D ᠠᠮᠢᠨ ᠳᠡᠮ ᠨᠢ D3 ᠠᠮᠢᠨ ᠳᠡᠮ (ᠦᠭᠡᠷ ᠡ᠋ ᠪᠠᠷ ᠻᠣᠯᠧᠻᠠᠯᠼᠢᠹᠧᠷᠣᠯ (cholecalciferol))ᠬᠢᠭᠡᠳ D2 ᠠᠮᠢᠨ ᠳᠡᠮ (ᠦᠭᠡᠷ ᠡ᠋ ᠪᠠᠷ ᠡᠧᠷᠭᠣᠻᠠᠯᠼᠢᠹᠧᠷᠣᠯ (ergocalciferol)) ᠶᠣᠮ᠃
ᠠᠷᠠᠰᠤᠨ ᠤ ᠳᠣᠣᠷᠠᠳᠤ ᠳᠠᠪᠬᠤᠷᠭᠠ᠋ ᠳᠤ ᠨᠠᠷᠠᠨ ᠤ ᠴᠠᠴᠤᠷᠠᠭ ᠡᠴᠡ ᠬᠠᠮᠢᠶᠠᠷᠣᠯᠳᠤ (ᠨᠡᠨᠭ ᠢᠯᠠᠩᠭᠤᠶ ᠠ᠋ ᠬᠡᠲᠦ ᠶᠠᠭᠠᠨ ᠲᠤᠶᠠᠭᠠ᠋)ᠤᠷᠪᠠᠯ ᠢᠢᠠᠷ ᠻᠣᠯᠧᠻᠠᠯᠼᠢᠹᠧᠷᠣᠯ ᠢ ᠨᠡᠶᠢᠯᠡᠭᠵᠢᠭᠦᠯᠳᠡᠭ᠌᠃ ᠻᠣᠯᠧᠻᠠᠯᠼᠢᠹᠧᠷᠣᠯ᠂ ᠡᠧᠷᠭᠣᠻᠠᠯᠼᠢᠹᠧᠷᠣᠯ ᠢ ᠬᠦᠨᠡᠰᠦᠨ ᠦ ᠨᠡᠮᠡᠯᠲᠡ ᠪᠠᠷ ᠮᠦᠨ ᠠᠪᠴᠤ ᠪᠣᠯᠳᠠᠭ᠃ ᠵᠦᠪᠬᠡᠨ ᠵᠠᠷᠢᠮ ᠬᠦᠨᠡᠰᠦᠨᠡ᠋ D ᠠᠮᠢᠨ ᠳᠡᠮ ᠢᠯᠡᠭᠦᠦ ᠶᠡᠬᠡ ᠪᠤᠢ᠂ ᠲᠤᠬᠠᠢᠯᠠᠪᠠᠰᠤ᠄ ᠵᠢᠭᠠᠰᠤ᠃ ᠮᠦᠨ ᠬᠡᠲᠦ ᠤᠯᠠᠭᠠᠨ ᠲᠤᠶᠠᠭᠠᠨ ᠳᠤ ᠪᠠᠢᠭᠰᠠᠨ ᠮᠦᠭᠦ ᠲᠤᠰ ᠠᠮᠢᠨ ᠳᠡᠮ ᠦᠨ ᠭᠣᠣᠯ ᠡᠬᠢ ᠡᠭᠦᠰᠪᠦᠷᠢ ᠪᠣᠯᠤᠶᠣ᠃ ᠭᠠᠳᠠᠨᠠ᠋ ᠡᠴᠡ ᠠᠪᠤᠭᠰᠠᠨ D ᠠᠮᠢᠨ ᠳᠡᠮ ᠨᠢ ᠪᠢᠣᠯᠣᠭᠢ ᠢᠢᠨ ᠬᠤᠪᠢ ᠳᠤ ᠢᠳᠡᠪᠬᠢ ᠦᠭᠡᠢ᠃ D ᠠᠮᠢᠨ ᠳᠡᠮ ᠢ ᠢᠳᠡᠪᠬᠢᠵᠢᠭᠦᠯᠬᠦ ᠢᠢᠨ ᠲᠤᠯᠠᠳᠠ ᠲᠤᠰᠬᠠᠢ ᠢᠰᠬᠡᠭᠦᠷ (ᠡᠧᠨ᠋ᠽᠢᠮ)ᠤᠰᠤᠵᠢᠭᠤᠯᠬᠤ ᠶᠣᠰᠤ ᠲᠠᠢ᠃ ᠲᠤᠰ ᠤᠰᠤᠵᠢᠭᠤᠯᠬᠤ ᠦᠢᠯᠡ ᠶᠠᠪᠤᠴᠠ ᠡᠯᠢᠭᠡ ᠬᠢᠭᠡᠳ ᠪᠦᠭᠡᠷᠡᠨ ᠳᠦ ᠶᠠᠪᠤᠭᠳᠠᠳᠠᠭ᠃ ᠬᠦᠬᠦᠲᠡᠨ ᠠᠮᠢᠲᠠᠳ ᠲᠤ ᠬᠡᠷᠪᠡ ᠨᠠᠷᠠᠨ ᠤ ᠭᠡᠷᠡᠯ ᠬᠠᠩᠭᠠᠯᠲᠠ ᠲᠠᠢ ᠬᠡᠮᠵᠢᠶᠡᠨ ᠤ ᠪᠠᠢᠪᠠᠯ ᠠᠷᠠᠰᠤᠨ ᠳᠣᠣᠷ᠋ ᠠ᠋ ᠡᠭᠦᠰᠳᠡᠭ᠂ ᠡᠰᠡ ᠪᠦᠭᠡᠰ ᠪᠤᠶᠤ ᠠᠮᠢᠨ ᠳᠡᠮ ᠨᠡᠢᠯᠡᠭᠵᠢᠬᠦ ᠦᠭᠡᠢ ᠪᠣᠯ ᠡᠭᠦᠨ ᠢ ᠪᠢᠳᠡ ᠠᠮᠢᠨ ᠳᠡᠮ ᠬᠡᠬᠦ ᠦᠭᠡᠢ ᠬᠠᠷᠢᠨ 〔〔D-ᠡᠬᠡ ᠠᠮᠢᠨ ᠳᠡᠮ ᠳᠠᠭᠠᠭᠠᠪᠤᠷᠢ〕〕 ᠬᠡᠮᠡᠮᠦᠢ᠃ ᠠᠷᠠᠰᠤᠨ ᠳᠤ ᠡᠭᠦᠰᠳᠡᠭ ᠪᠢᠣᠯᠣᠭᠢ ᠢᠢᠨ ᠢᠳᠡᠪᠬᠢᠲᠡᠢ D ᠠᠮᠢᠨ ᠳᠡᠮ ᠢ ᠻᠠᠯᠼᠢᠲ᠋ᠷᠢᠣᠯ ᠭᠡᠨᠡ᠋᠃
ᠻᠣᠯᠧᠻᠠᠯᠼᠢᠹᠧᠷᠣᠯ ᠨᠢ ᠡᠯᠢᠭᠡᠨ ᠳᠦ ᠣᠴᠢᠵᠦ ᠻᠠᠯᠼᠢᠹᠧᠳᠢᠣᠯ (25-ᠾᠢᠳ᠋ᠷᠣᠻᠰᠢᠻᠣᠯᠧᠻᠠᠯᠼᠢᠹᠧᠷᠣᠯ᠄ 25-hydroxycholecalciferol) ᠪᠣᠯᠵᠤ᠂ ᠡᠧᠷᠭᠣᠻᠠᠯᠼᠢᠹᠧᠷᠣᠯ ᠨᠢ 25-ᠾᠢᠳᠷᠣᠻᠰᠢᠧᠷᠭᠣᠻᠠᠯᠼᠹᠧᠷᠣᠯ (25-hydroxyergocalciferol) ᠪᠣᠯᠵᠤ ᠬᠤᠪᠢᠷᠠᠳᠠᠭ ᠪᠢᠯᠡ᠃ ᠭᠠᠭᠴᠠᠬᠦ ᠡᠨᠡ ᠬᠣᠶᠠᠷ ᠪᠣᠳᠠᠰ ᠤᠨ ᠲᠣᠭ᠋ᠠ᠋ ᠬᠡᠮᠵᠢᠶᠡᠨ ᠳᠦ ᠦᠨᠳᠦᠰᠦᠯᠦᠨ ᠬᠦᠮᠦᠨ ᠦ ᠪᠡᠶ ᠡ᠋ ᠲᠣᠳᠤᠷᠬᠠᠢᠯᠠᠳᠠᠭ ᠶᠣᠮ᠃ ᠻᠠᠯᠼᠢᠹᠧᠳᠢᠣᠯ (25-ᠾᠢᠳ᠋ᠷᠣᠻᠰᠢᠻᠣᠯᠧᠻᠠᠯᠼᠢᠹᠧᠷᠣᠯ) ᠨᠢ ᠴᠢᠨᠠᠭᠰᠢ ᠪᠦᠭᠡᠡᠨ ᠳᠦ ᠪᠢᠣᠯᠣᠭᠢ ᠢᠢᠨ ᠢᠳᠡᠪᠬᠢᠲᠡᠢ ᠬᠡᠯᠪᠡᠷᠢ᠂ ᠻᠠᠯᠼᠢᠲ᠋ᠷᠢᠣᠯ ᠠ᠋ ᠬᠤᠪᠢᠷᠠᠳᠠᠭ᠃ ᠻᠠᠯᠼᠢᠲ᠋ᠷᠢᠣᠯ ᠴᠢᠨᠠᠭᠰᠢ ᠪᠡᠶ ᠡ᠋ ᠢᠢᠨ ᠳᠣᠲᠤᠭᠠᠳᠤ ᠣᠷᠴᠢᠨ᠆ ᠵᠢᠷᠦᠬᠡ ᠰᠤᠳᠠᠰᠤᠨ ᠤ ᠲᠣᠭᠲᠠᠯᠴᠠᠭᠠ᠋ ᠡᠷᠬᠢᠭᠡᠯᠳᠦᠨ ᠪᠡᠶ ᠡ᠋ ᠮᠠᠬᠠᠪᠤᠳ ᠤᠨ ᠻᠠᠯᠼᠢ ᠂ ᠹᠣᠰᠹᠣᠷ ᠬᠦᠴᠢᠯ ᠦᠨ ᠦᠯᠡᠳᠡᠭᠳᠡᠯ ᠢ ᠵᠣᠬᠢᠴᠠᠭᠤᠯᠵᠦ᠂ ᠶᠠᠰᠤᠨ ᠤ ᠬᠡᠪ ᠤᠨ ᠦᠰᠦᠯᠲᠤ ᠪᠣᠢᠯᠵᠢᠯᠲᠠ ᠢ ᠲᠡᠳᠬᠦᠨ ᠳᠡᠮᠵᠢᠳᠡᠭ ᠠᠵᠤᠬᠤᠢ᠃ ᠻᠠᠯᠼᠢᠲ᠋ᠷᠢᠣᠯ ᠦᠭᠡᠷ ᠡ᠋ ᠡᠭᠦᠷᠭᠡ ᠲᠡᠢ ᠪᠠ ᠲᠣᠪᠴᠢ ᠳᠤᠷᠠᠳᠪᠠᠰᠤ᠄ ᠡᠰ ᠦᠨ ᠦᠰᠦᠯᠲᠡᠨᠡ᠋ ᠨᠦᠯᠦᠭᠡᠯᠡᠬᠦ᠂ ᠮᠡᠳᠡᠷᠡᠯ ᠆ ᠪᠤᠯᠴᠢᠩ ᠤᠨ ᠦᠢᠯᠡ ᠢ ᠵᠣᠬᠢᠴᠠᠭᠤᠯᠬᠤ᠂ ᠮᠦᠨ ᠦᠷᠪᠢᠰᠤᠯ ᠢ ᠪᠠᠭᠤᠷᠠᠭᠤᠯᠬᠤ ᠨᠦᠯᠦᠭᠡ ᠲᠡᠢ᠃