ᠴᠠᠭᠠᠨ ᠵᠢᠮᠪᠠ

Wikibilig-с
09:05, 20 Аравдугаар сар 2020-ий байдлаарх Jamiyan (яриа | оруулсан хувь нэмэр) хэрэглэгчийн хийсэн залруулга

ᠠᠯᠳᠠᠷᠲᠤ ᠵᠢᠷᠤᠭᠠᠴᠢ ᠴᠠᠭᠠᠨ ᠵᠢᠮᠪᠠ ᠰᠠᠶᠢᠨ ᠨᠣᠶᠠᠨ ᠬᠠᠨ ᠠᠶᠢᠮᠠᠭ ᠤᠨ ᠦᠢᠵᠡᠨ ᠸᠠᠩ ᠤᠨ ᠬᠣᠰᠢᠭᠤᠨ ᠤ ᠠᠭᠤᠭᠤᠯ ᠪᠥᠭᠡᠳ XIX ᠵᠠᠭᠤᠨ ᠤ ᠡᠴᠦᠰ, XX ᠵᠠᠭᠤᠨ ᠤ ᠡᠬᠢᠨ ᠳᠦ ᠠᠮᠢᠳᠤᠷᠠᠵᠤ ᠪᠠᠶᠢᠪᠠ᠃

ᠬᠠᠯᠬ᠎ᠠ ᠳᠠᠶᠠᠭᠠᠷ ᠪᠠᠷᠰ ᠲᠤ ᠬᠦᠷᠢᠶ᠎ᠡ ᠬᠡᠮᠡᠨ ᠠᠯᠳᠠᠷᠰᠢᠵᠤ ᠪᠠᠶᠢᠭᠰᠠᠨ ᠲᠠᠷᠭᠤᠨ ᠪᠠᠨᠳᠢᠳᠠ ᠴᠡᠪᠡᠯᠸᠠᠩᠴᠢᠭᠳᠣᠷᠵᠢ ᠶᠢᠨ ᠬᠦᠷᠢᠶᠡᠨ ᠳᠡᠭᠡᠷ᠎ᠡ ᠱᠠᠪᠢᠯᠠᠨ ᠰᠠᠭᠤᠵᠤ᠂ ᠨᠣᠮ ᠤᠨ ᠪᠠᠷᠰ ᠰᠡᠶᠢᠯᠬᠦ ᠡᠷᠳᠡᠮ ᠳᠦ ᠰᠢᠮᠳᠠᠨ ᠰᠤᠷᠤᠯᠴᠠᠵᠠᠢ᠃

ᠲᠥᠶᠢᠨᠬᠦᠦ ᠶᠡᠬᠡ ᠬᠥᠯᠭᠡᠨ ᠰᠤᠳᠤᠷ ᠤᠨ ᠣᠯᠠᠨ ᠵᠠᠭᠤᠨ ᠮᠣᠳᠣᠨ ᠪᠠᠷᠰ ᠢ ᠰᠡᠶᠢᠯᠵᠦ ᠨᠣᠮ ᠪᠦᠲᠦᠭᠡᠬᠦ ᠦᠢᠯᠡᠰ ᠲᠦ ᠬᠢᠴᠢᠶᠡᠩᠭᠦᠶᠢᠯᠡᠨ ᠵᠢᠳᠬᠦᠭᠰᠡᠭᠡᠷ ᠤᠷᠠᠯᠠᠨ ᠪᠦᠲᠦᠭᠡᠬᠦ ᠠᠪᠢᠶᠠᠰ ᠨᠢ ᠲᠣᠳᠣᠷᠠᠭᠰᠠᠨ ᠪᠠᠶᠢᠨ᠎ᠠ᠃

ᠨᠡᠶᠢᠯᠡᠯ ᠬᠦᠷᠢᠶᠡᠨ ᠳᠦ ᠳᠠᠭᠢᠨᠢ ᠶᠢᠨ ᠠᠶᠢᠮᠠᠭ ᠪᠠᠶᠢᠭᠤᠯᠤᠭᠳᠠᠬᠤ ᠳᠤ ᠲᠠᠬᠢᠯ ᠰᠢᠲᠦᠭᠡᠨ ᠢ ᠤᠷᠠᠯᠠᠨ ᠬᠢᠬᠦ ᠵᠣᠷᠢᠯᠭ᠎ᠠ ᠪᠠᠷ ᠵᠠᠯᠠᠭᠳᠠᠨ ᠢᠷᠡᠵᠦ ᠰᠠᠭᠤᠷᠢᠰᠢᠵᠠᠢ᠃

ᠤᠷᠠᠨ ᠪᠦᠲᠦᠭᠡᠯ

ᠳᠤᠭᠠᠷ ᠵᠠᠢᠰᠠᠩ ᠬᠡᠮᠡᠬᠦ ᠪᠦᠲᠦᠭᠡᠯ


ᠲᠡᠷᠡ ᠪᠡᠷ ᠴᠠᠭᠠᠨ ᠵᠢᠮᠪᠠ ᠳᠦᠢᠩᠬᠣᠷ ᠤᠨ ᠯᠣᠶᠢᠯᠢᠩ ᠢ ᠭᠡᠬᠦ ᠱᠠᠰᠢᠨ ᠤ ᠲᠣᠮᠣᠬᠠᠨ ᠤᠷᠠᠯᠠᠯ ᠢ ᠪᠦᠲᠦᠭᠡᠯᠴᠡᠭᠰᠡᠨ ᠢᠶᠡᠷ ᠬᠤᠲᠤᠭᠲᠤ᠂ ᠬᠤᠪᠢᠯᠭᠠᠳ᠂ ᠳᠡᠭᠡᠳᠦᠰ ᠦᠳ ᠲᠦ ᠲᠠᠭᠠᠰᠢᠶᠠᠭᠳᠠᠵᠤ᠂ ᠨᠡᠷ᠎ᠡ ᠬᠦᠨᠳᠦ ᠶᠢ ᠣᠯᠵᠤ᠂ ᠲᠠᠬᠢᠯ ᠰᠢᠲᠦᠭᠡᠨ ᠦ ᠤᠯᠠᠮᠵᠢᠯᠠᠯᠲᠤ ᠤᠷᠠᠯᠠᠯ ᠢ ᠬᠢᠬᠦ ᠶᠢᠨ ᠵᠡᠷᠭᠡᠴᠡᠭᠡ ᠴᠢᠯᠦᠭᠡᠲᠦ ᠰᠡᠳᠬᠢᠯᠭᠡ ᠬᠢᠭᠡᠳ ᠶᠣᠰᠣ ᠪᠡᠯᠭᠡᠳᠡᠯ ᠦᠨ ᠰᠢᠨᠵᠢᠲᠡᠢ ᠬᠡᠳᠦ ᠬᠡᠳᠦᠨ ᠵᠢᠷᠤᠭ ᠢ ᠪᠦᠲᠦᠭᠡᠵᠡᠢ᠃ ᠲᠡᠷᠡ ᠪᠡᠷ ᠤᠯᠠᠮᠵᠢᠯᠠᠯᠲᠤ ᠬᠠᠪᠲᠠᠭᠠᠢ ᠵᠢᠷᠤᠭ ᠤᠨ ᠠᠷᠭ᠎ᠠ ᠶᠢ ᠫᠠᠨᠨᠣᠷᠤᠮ ᠵᠢᠷᠤᠭ ᠤᠨ ᠬᠡᠪ ᠰᠢᠨᠵᠢ ᠲᠡᠢ ᠤᠷᠠᠨ ᠢᠶᠠᠷ ᠬᠣᠣᠰᠯᠠᠭᠤᠯᠵᠤ ᠪᠠᠶᠢᠪᠠ᠃ ᠴᠠᠭᠠᠨ ᠵᠠᠩᠪᠠ ᠶᠢᠨ ᠵᠢᠷᠤᠭᠰᠠᠨ 《ᠡᠪᠲᠡᠢ ᠳᠥᠷᠪᠡᠨ ᠠᠮᠢᠲᠠᠨ》᠂ 《ᠳᠤᠤᠭᠠᠷ ᠵᠠᠶᠢᠰᠠᠩ》᠂ 《ᠲᠡᠮᠡᠭᠡᠨ ᠰᠦᠷᠦᠭ》᠂ 《ᠵᠢᠷᠭᠠᠯ ᠤᠨ ᠨᠠᠶᠢᠮᠠᠨ ᠮᠣᠷᠢ》 ᠵᠡᠷᠭᠡ ᠪᠦᠲᠦᠭᠡᠯ ᠦᠳ ᠨᠢ ᠲᠤᠬᠠᠢ ᠶᠢᠨ ᠦᠶᠡᠳᠡᠭᠡ ᠳᠦᠷᠰᠦᠯᠡᠯ᠂ ᠥᠭᠦᠯᠡᠮᠵᠢ᠂ ᠭᠦᠢᠴᠡᠳᠬᠡᠯ ᠦᠨ ᠬᠤᠪᠢ ᠳᠤ ᠴᠣ ᠰᠢᠨ᠎ᠡ ᠦᠵᠡᠭᠳᠡᠯ ᠪᠣᠯᠵᠤ ᠪᠠᠶᠢᠯ᠎ᠠ᠃ ᠡᠨᠡ ᠠᠯᠳᠠᠷᠲᠤ ᠵᠢᠷᠤᠭᠠᠴᠢ ᠶᠢᠨ 《ᠲᠡᠮᠡᠭᠡᠨ ᠰᠦᠷᠦᠭ》 ᠬᠡᠮᠡᠬᠦ ᠴᠤᠤᠲᠤ ᠵᠢᠷᠤᠭ ᠡᠳᠦᠭᠡ ᠭ ∙ ᠵᠠᠨᠠᠪᠠᠽᠠᠷ ᠤᠨ ᠨᠡᠷᠡᠮᠵᠢᠲᠦ ᠳᠦᠷᠰᠦᠯᠡᠬᠦ ᠤᠷᠠᠯᠢᠭ ᠤᠨ ᠮᠦᠽᠧᠢ ᠳᠦ ᠬᠠᠳᠠᠭᠠᠯᠠᠭᠳᠠᠵᠤ ᠪᠤᠢ᠃ ᠮᠤᠤᠲᠤᠤ ᠴᠠᠭᠠᠰᠤᠨ ᠳᠡᠭᠡᠷ᠎ᠡ ᠨᠠᠷᠢᠨ ᠪᠢᠷᠡᠨ ᠦ ᠤᠷᠠᠨ ᠵᠢᠷᠤᠭᠠᠰᠤ ᠪᠠᠷ ᠲᠡᠮᠡᠭᠡᠨ ᠰᠦᠷᠦᠭ᠂ ᠲᠠᠬᠢ᠂ ᠤᠰᠤᠨ ᠤ ᠰᠢᠪᠠᠭᠤᠳ ᠤᠨ ᠭᠠᠯᠪᠢᠷ᠂ ᠬᠡᠯᠪᠡᠷᠢ ᠳᠣᠨᠵᠢ ᠶᠢ ᠰᠢᠭᠯᠠᠬᠤ ᠪᠤᠶᠤ ᠰᠠᠮᠨᠠᠬᠤ ᠠᠷᠭ᠎ᠠ ᠪᠠᠷ ᠵᠢᠷᠤᠭᠰᠠᠨ ᠨᠢ ᠨᠡᠩ ᠰᠣᠨᠢᠷᠬᠠᠯᠲᠠᠢ᠃[1] 《ᠲᠡᠮᠡᠭᠡᠨ ᠰᠦᠷᠦᠭ》 ᠵᠢᠷᠤᠭᠲᠤ ᠪᠠᠨ ᠭᠡᠬᠦ ᠳᠦ ᠰᠦᠷᠦᠭ ᠦᠨ ᠶᠡᠷᠦᠩᠬᠡᠢ ᠪᠠᠶᠢᠷᠢ ᠪᠠᠶᠢᠳᠠᠯ᠂ ᠬᠥᠳᠡᠯᠭᠡᠭᠡᠨ᠂ ᠪᠡᠯᠴᠢᠭᠡᠷᠯᠡᠵᠦ ᠪᠠᠶᠢᠭ᠎ᠠ ᠪᠠᠶᠢᠭᠠᠯᠢ ᠣᠷᠴᠢᠨ ᠵᠡᠷᠭᠡ ᠶᠢ ᠬᠡᠮ ᠬᠡᠮᠵᠢᠶᠡᠨ ᠦ ᠨᠠᠷᠢᠨ ᠵᠣᠬᠢᠴᠠᠯ ᠲᠠᠢ ᠪᠠᠷ ᠵᠢᠷᠤᠭᠰᠠᠨ ᠤ ᠳᠡᠭᠡᠷ᠎ᠡ ᠭᠦᠨᠵᠢᠩ ᡀᠠᠮᠣ ᠪᠤᠷᠬᠠᠨ ᠢ ᠤᠭᠠᠯᠵᠠᠷᠠᠭᠰᠠᠨ ᠭᠠᠯ ᠤᠲᠤᠭᠠᠨ ᠳᠤᠮᠳᠠ ᠵᠣᠭᠳᠣᠷ ᠦᠰᠦ ᠪᠡᠨ ᠬᠡᠶᠢᠰᠬᠡᠭᠰᠡᠨ᠂ ᠪᠤᠶᠢᠯᠠ ᠪᠤᠷᠠᠨᠲᠠᠭ ᠦᠭᠡᠢ ᠡᠮᠨᠢᠭ ᠲᠡᠮᠡᠭᠡ ᠤᠨᠤᠭᠤᠯᠤᠨ ᠶᠡᠷᠦ ᠪᠤᠰᠤ ᠶᠢᠨ ᠰᠦᠷ ᠬᠦᠴᠦ ᠶᠢ ᠦᠵᠡᠭᠦᠯᠦᠨ ᠳᠦᠷᠰᠦᠯᠡᠭᠰᠡᠨ ᠨᠢ ᠲᠡᠮᠡᠭᠡᠨ ᠰᠦᠷᠦᠭ ᠦᠨ ᠪᠤᠶᠠᠨ ᠬᠡᠰᠢᠭ ᠳᠡᠯᠭᠡᠷᠴᠢ᠂ ᠰᠦᠷ ᠬᠦᠴᠦ ᠨᠢ ᠪᠠᠳᠠᠷᠠᠬᠤ ᠶᠢᠨ ᠪᠡᠯᠭᠡᠳᠡᠯ ᠰᠢᠩᠭᠡᠭᠰᠡᠨ ᠬᠡᠷᠡᠭ᠃ ᠮᠥᠨ 《ᠵᠢᠷᠭᠠᠯ ᠤᠨ ᠨᠠᠶᠢᠮᠠᠨ ᠮᠣᠷᠢ》 ᠬᠡᠮᠡᠬᠦ ᠪᠦᠲᠦᠭᠡᠯ ᠳᠦ ᠪᠡᠨ ᠵᠢᠰᠦ ᠨᠢ ᠥᠭᠡᠷ᠎ᠡ ᠥᠭᠡᠷ᠎ᠡ᠂ ᠳᠠᠪᠲᠠᠭᠳᠠᠰᠢ ᠦᠭᠡᠢ ᠬᠥᠳᠡᠯᠭᠡᠭᠡᠨᠲᠡᠢ᠂ ᠵᠢᠷᠭᠠᠯ ᠲᠠᠢ ᠨᠠᠶᠢᠮᠠᠨ ᠮᠣᠷᠢ ᠶᠢ ᠡᠩᠬᠡ ᠠᠮᠤᠭᠤᠯᠠᠩ ᠤᠨ ᠶᠣᠰᠣ ᠪᠡᠯᠭᠡᠳᠡᠯ ᠪᠣᠯᠭᠠᠨ ᠳᠦᠷᠰᠦᠯᠡᠭᠰᠡᠨ ᠨᠢ ᠦᠵᠡᠵᠦ ᠬᠠᠷᠠᠭᠰᠠᠨ ᠬᠦᠨᠳᠦ ᠨᠢᠭᠡ ᠯᠠ ᠠᠮᠤᠭᠤᠯᠠᠩ ᠲᠠᠶᠢᠪᠤᠩ ᠥᠩᠭᠡ ᠠᠶᠠᠰ ᠬᠦᠦᠷᠨᠢᠨ᠎ᠡ᠃[2]

ᠬᠤᠪᠢ ᠵᠠᠶᠠᠭ᠎ᠠ

ᠴᠠᠭᠠᠨ ᠵᠢᠮᠪᠠ ᠲᠥᠷᠥᠯᠬᠢ ᠬᠣᠰᠢᠭᠤᠨ ᠳᠤ ᠪᠠᠨ ᠢᠷᠡᠭᠡᠳ ᠬᠣᠰᠢᠭᠤ ᠨᠣᠶᠠᠨ ᠠᠴᠠ ᠪᠠᠨ ᠰᠠᠨᠰᠠᠷ ᠤᠨ ᠬᠦᠷᠳ᠋ ᠵᠢᠷᠤᠬᠤ ᠵᠠᠬᠢᠶᠠᠯᠠᠭ᠎ᠠ ᠠᠪᠴᠠᠢ᠃ ᠰᠠᠨᠰᠠᠷ ᠤᠨ ᠬᠦᠷᠳ᠋ ᠍ ᠦᠨ ᠵᠢᠷᠤᠭ ᠤᠨ ᠡᠮᠦᠨ᠎ᠡ ᠣᠯᠠᠨ ᠲᠦᠮᠡᠨ ᠰᠢᠪᠠᠭᠠᠷᠠᠯᠳᠤᠵᠤ᠂ ᠰᠢᠪᠡᠨᠡᠯᠳᠦᠵᠦ᠂ ᠢᠨᠢᠶᠡᠯᠳᠦᠵᠦ ᠪᠠᠶᠢᠬᠤ ᠶᠢ ᠮᠡᠳᠡᠭᠰᠡᠨ ᠲᠦᠰᠢᠮᠡᠳ ᠵᠢᠷᠤᠭ ᠢ ᠰᠠᠶᠢᠲᠤᠷ ᠬᠠᠷᠠᠭᠠᠳ ᠬᠣᠰᠢᠭᠤ ᠨᠣᠶᠠᠨ ᠢ ᠲᠠᠮ ᠳᠤ ᠪᠤᠢ ᠨᠢᠭᠦᠯᠲᠡᠨ ᠦ ᠳᠦᠷᠢ ᠪᠡᠷ ᠣᠷᠣᠭᠤᠯᠵᠤ ᠵᠢᠷᠤᠭᠰᠠᠨ ᠢ ᠣᠯᠵᠤ ᠬᠠᠷᠠᠵᠠᠢ᠃ ᠴᠠᠭᠠᠨ ᠵᠢᠮᠪᠠ ᠶᠢ ᠬᠠᠲᠠᠭᠤ ᠰᠢᠷᠦᠭᠦᠨ ᠢᠶᠡᠷ ᠭᠡᠰᠬᠡᠨ ᠰᠢᠳᠭᠡᠬᠦ ᠭᠡᠵᠦ ᠪᠠᠶᠢᠭᠰᠠᠨ ᠪᠣᠯᠪᠠᠴᠤ ᠲᠡᠭᠦᠨ ᠢ ᠢᠪᠡᠭᠡᠨ ᠬᠠᠮᠠᠭᠠᠯᠠᠭᠴᠢᠳ ᠣᠯᠠᠨ ᠪᠠᠶᠢᠭᠰᠠᠨ ᠲᠤᠯᠠ ᠠᠮᠢ ᠠᠪᠤᠷᠠᠭᠳᠠᠵᠠᠢ᠃ ᠭᠡᠪᠡᠴᠦ ᠦᠰ ᠬᠣᠨᠵᠢᠩ ᠰᠠᠨᠠᠭᠰᠠᠨ ᠬᠣᠰᠢᠭᠤ ᠨᠣᠶᠠᠨ ᠲᠡᠭᠦᠨ ᠢ ᠬᠠᠷᠭᠢᠰ ᠬᠡᠷᠴᠡᠭᠡᠢ ᠪᠡᠷ ᠢᠶᠡᠨ ᠠᠯᠳᠠᠷᠲᠠᠢ ᠪᠠᠶᠢᠭᠰᠠᠨ ᠳᠠᠮᠪᠢᠵᠠᠨᠼᠠᠨ ᠳᠤ ᠵᠢᠷᠤᠭᠠᠴᠢ ᠪᠠᠷ ᠥᠭᠭᠦᠭᠰᠡᠨ ᠪᠠᠶᠢᠨ᠎ᠠ᠃ ᠵᠠ ᠯᠠᠮᠠ ᠬᠡᠮᠡᠬᠦ ᠨᠡᠷ᠎ᠡ ᠪᠡᠷ ᠢᠶᠡᠨ ᠣᠯᠣᠩ ᠳᠤ ᠲᠠᠨᠢᠭᠳᠠᠭᠰᠠᠨ ᠳᠠᠮᠪᠢᠵᠠᠨᠼᠠᠨ ᠪᠣᠭᠳᠠ ᠬᠠᠭᠠᠨ ᠳᠤ ᠴᠤ ᠪᠠᠶᠢᠬᠤ ᠦᠭᠡᠢ ᠬᠣᠣᠰ ᠦᠭᠡᠢ ᠵᠢᠷᠤᠭᠠᠴᠢ ᠲᠠᠢ ᠪᠣᠯᠤᠭᠰᠠᠨ ᠬᠡᠮᠡᠨ ᠰᠠᠶᠢᠷᠬᠠᠨ ᠭᠠᠶᠢᠬᠠᠭᠤᠯᠳᠠᠭ ᠪᠠᠶᠢᠴᠠᠢ᠃ ᠲᠡᠭᠦᠨ ᠢ ᠵᠥᠪᠰᠢᠶᠡᠷᠡᠯ ᠦᠭᠡᠢ ᠵᠢᠷᠤᠭ ᠵᠢᠷᠤᠭᠰᠠᠨ ᠳᠤ ᠨᠢ ᠬᠠᠷᠭᠢᠰ ᠳᠠᠮᠪᠢᠵᠠᠨᠼᠠᠨ ᠠᠭᠤᠷᠢᠰᠴᠤ᠂ ᠨᠢᠳᠦ ᠶᠢ ᠨᠢ ᠤᠬᠠᠭᠤᠯᠤᠭᠰᠠᠨ ᠪᠠᠶᠢᠨ᠎ᠠ᠃ [3] ᠲᠡᠷᠡ ᠴᠠᠭ ᠠᠴᠠ ᠬᠣᠶᠢᠰᠢ ᠵᠢᠷᠤᠭᠠᠴᠢ ᠤᠳᠠᠯ ᠦᠭᠡᠢ ᠨᠠᠰᠤ ᠪᠠᠷᠠᠵᠠᠢ᠃

ᠡᠬᠢ ᠰᠤᠷᠪᠤᠯᠵᠢ

ᠤᠷᠠᠨ ᠵᠢᠷᠤᠭ ᠳᠤᠷᠰᠤᠯᠡᠬᠦ ᠤᠷᠠᠯᠢᠭ ᠮᠣᠩᠭᠣᠯ ᠵᠢᠷᠤᠭ ᠰᠢᠲᠦᠭᠠᠨ ᠵᠢᠷᠤᠭ уран зураг, дүрслэх урлаг, монгол зураг, шүтээн зураг, танга painting, visual arts, Mongol Zurag, thangka

  1. ᠥᠨᠥᠳᠥᠷ ᠰᠣᠨᠢᠨ
  2. ᠨ ∙ ᠳᠠᠸᠠᠳᠠᠰᠢ᠃ ᠨᠡᠢᠢᠰᠯᠡᠯ ᠬᠦᠷᠢᠶᠡᠨ ᠦ ᠤᠷᠠᠴᠤᠳ ᠤᠨ ᠲᠤᠬᠠᠢ ᠲᠡᠮᠳᠡᠭᠯᠡᠯ᠃ 2013
  3. Ням-Осорын Цултэм. Искусство Монголии с древнейших времен до начала XX века. Изобразительное искусство. Москва 1984